ᠯᠢᠶᠠᠩᠴᠧᠩ᠎ᠦᠨ ᠤᠷᠤᠯᠳᠤᠭᠠᠨ᠎ᠤ ᠲᠣᠭᠣᠷᠢᠭ᠎ᠲᠤ ᠯᠢᠶᠣᠤᠨᠢᠩ᠎ᠤᠨ ᠲᠦᠯᠦᠭᠡᠯᠡᠭᠴᠢᠳ ᠤ᠋ᠨ ᠠᠩᠭᠢ ᠨᠢᠭᠡ ᠡᠳᠦᠷ ᠲᠸ᠋ 3 ᠠᠯᠲᠠᠨ ᠮᠧᠳᠠᠯ ᠲᠤᠰᠴᠠᠢ
2024-02-21 09:54:25
ᠵᠣᠬᠢᠶᠠᠭ᠍ᠴᠢ᠄
ᠬᠠᠢ ᠵᠢᠶᠦᠢ᠍ᠨ ᠢᠳᠡᠷᠡᠬᠦᠨ ᠰᠠᠨᠰᠡᠷ
ᠣᠩᠱᠢᠭ᠍ᠰᠠᠨ ᠣᠳᠠᠭ᠎ᠠ᠄
★★★☆☆

2 ᠰᠠᠷ᠎ᠠ᠎ᠶ᠋ᠢᠨ 20᠎ᠦ ᠡᠳᠦᠷ᠂ ᠯᠢᠶᠣᠤᠨᠢᠩ᠎ᠤᠨ ᠲᠥᠯᠥᠭᠡᠯᠡᠭ᠌ᠴᠢᠳ᠎ᠦᠨ ᠠᠩᠭᠢ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠯᠢᠶᠠᠩᠴᠧᠩ᠎ᠦᠨ ᠤᠷᠤᠯᠳᠤᠭᠠᠨ᠎ᠤ ᠲᠣᠭᠣᠷᠢᠭ᠎ᠤᠨ 6 ᠪᠠᠭ᠎ᠠ ᠲᠦᠷᠦᠯ᠎ᠦᠨ ᠤᠷᠤᠯᠳᠤᠭᠠᠨ᠎ᠳᠤ 3 ᠠᠯᠲᠠᠨ ᠮᠧᠳᠠᠯ ᠣᠯᠵᠠᠢ᠃

ᠡᠪᠦᠯ᠎ᠦᠨ ᠤᠯᠠᠷᠢᠯ᠎ᠤᠨ ᠬᠣᠶᠠᠷ ᠵᠦᠢᠯ᠎ᠦᠨ ᠢᠯᠠ ᠳᠤᠭᠤᠢᠯᠠᠩ᠎ᠤᠨ ᠡᠮᠡᠭ᠌ᠲᠡᠶ᠎ᠶ᠋ᠢᠨ 12.5 ᠺᠢᠯᠣᠮᠧᠲ᠋ᠷ᠂ ᠡᠷᠡᠭ᠌ᠲᠡᠶ᠎ᠶ᠋ᠢᠨ 15 ᠺᠢᠯᠣᠮᠧᠲ᠋ᠷ᠎ᠦᠨ ᠬᠠᠮᠲᠤ ᠪᠡᠷ ᠠᠶᠠᠯᠠᠬᠤ ᠤᠷᠤᠯᠳᠤᠭᠠᠨ ᠳ᠋ᠤ᠂ ᠾᠸᠪᠸᠢ ᠵᠢᠨ ᠲᠦᠯᠦᠭᠡᠯᠡᠭᠴᠢᠳ ᠤ᠋ᠨ  ᠠᠩᠭᠢ᠎ᠶ᠋ᠢᠨ ᠴᠥ ᠶᠤᠸᠠᠨ ᠮᠸᠡᠭ᠂ ᠯᠢᠶᠣᠤᠨᠢᠩ᠎ᠤᠨ ᠲᠦᠯᠦᠭᠡᠯᠡᠭᠴᠢᠳ ᠤ᠋ᠨ ᠠᠩᠭᠢ᠎ᠶ᠋ᠢᠨ ᠬᠤᠤ ᠸᠧᠶ ᠶᠣᠣ ᠲᠤᠰ ᠲᠤᠰ ᠠᠯᠲᠠᠨ ᠮᠧᠳᠠᠯ ᠣᠯᠵᠠᠶ᠃ ᠴᠢᠯᠥᠭᠡᠲᠦ ᠴᠠᠨᠠᠯᠠᠯᠲᠠ ᠵᠢᠨ ᠵᠠᠯᠠᠭᠤᠴᠤᠳ᠎ᠤᠨ ᠳᠤᠭᠤᠢᠯᠠᠩ᠎ᠤᠨ ᠡᠷᠡᠭ᠌ᠲᠡᠶ᠂ ᠡᠮᠡᠭ᠌ᠲᠡᠢ᠎ᠶ᠋ᠢᠨ ᠰᠠᠭᠠᠳ ᠳᠠᠪᠠᠬᠤ ᠤᠷᠤᠯᠳᠤᠭᠠᠨ ᠳ᠋ᠤ ᠯᠢᠶᠣᠤᠨᠢᠩ᠎ᠤᠨ ᠠᠩᠭᠢ᠎ᠶ᠋ᠢᠨ ᠯᠢ ᠱᠢᠤᠸᠠᠢ ᠶᠢᠩ᠂ ᠵᠣᠣ ᠸᠧᠶ ᠪᠥᠸᠧ ᠲᠤᠰ ᠲᠤᠰ ᠠᠯᠲᠠᠨ ᠮᠧᠳᠠᠯ ᠭᠠᠷᠳᠠᠵᠠᠢ︔ ᠢᠯᠡ ᠲᠤᠭᠤᠢᠯᠠᠡᠭ ᠤ᠋ᠨ ᠡᠮᠡᠭ᠌ᠲᠡᠢ᠂ ᠡᠷᠡᠭ᠌ᠲᠡᠶ᠎ᠶ᠋ᠢᠨ ᠰᠠᠭᠠᠳ ᠳᠠᠪᠠᠬᠤ ᠤᠷᠤᠯᠳᠤᠭᠠᠨ ᠳ᠋ᠤ ᠰᠸᠴᠤᠸᠠᠨ ᠤ᠋ ᠲᠦᠯᠦᠭᠡᠯᠡᠭᠴᠢᠳ ᠤ᠋ᠨ ᠠᠩᠭᠢ᠎ᠶ᠋ᠢᠨ ᠫᠠᠨ ᠢᠦᠶ ᠴᠧᠨ᠂ ᠭᠢᠷᠢᠨ ᠤ᠋ ᠲᠦᠯᠦᠭᠡᠯᠡᠭᠴᠢᠳ ᠤ᠋ᠨ ᠠᠩᠭᠢ᠎ᠶ᠋ᠢᠨ ᠬᠠᠰᠲ᠋ᠢᠯ·ᠠᠳ᠋ᠧᠯᠢᠵᠢᠶᠠᠩ ᠲᠤᠰ ᠲᠤᠰ ᠠᠯᠲᠠᠨ ᠮᠧᠳᠠᠯ ᠬᠦᠷᠳᠡᠵᠡᠢ᠃

ᠴᠢᠯᠥᠭᠡᠲᠦ ᠴᠠᠨᠠᠯᠠᠯᠲᠠ ᠵᠢᠨ ᠢᠯᠠ ᠳᠤᠭᠤᠢᠯᠠᠩ᠎ᠤᠨ ᠡᠷᠡᠭ᠌ᠲᠡᠶ᠎ᠶ᠋ᠢᠨ ᠰᠠᠭᠠᠳ ᠳᠠᠪᠠᠬᠤ ᠤᠷᠤᠯᠳᠤᠭᠠᠨ ᠳ᠋ᠤ᠂ ᠭᠢᠷᠢᠨ᠎ᠦ ᠠᠩᠭᠢ᠎ᠶ᠋ᠢᠨ ᠬᠠᠰᠲ᠋ᠢᠯ·ᠠᠳ᠋ᠧᠯᠢᠵᠢᠶᠠᠩ ᠡᠬᠢᠯᠡᠯᠲᠡ᠎ᠶ᠋ᠢᠨ ᠲᠠᠢᠰᠠ ᠡᠴᠡ ᠭᠠᠷᠤᠮᠠᠭᠴᠠ ᠬᠣᠶᠠᠳᠤᠭᠠᠷ᠎ᠲᠤ ᠣᠷᠣᠵᠤ᠂ ᠬᠠᠮᠤᠭ᠎ᠤᠨ ᠰᠡᠭᠦᠯ᠎ᠦᠨ ᠨᠢᠭᠡ ᠦᠰᠦᠷᠦᠯᠲᠡ᠎ᠶ᠋ᠢᠨ ᠲᠠᠢᠰᠠᠨ᠎ᠠᠴᠠ ᠭᠤᠯᠭᠤᠨ ᠭᠠᠷᠤᠭ᠍ᠰᠠᠨ᠎ᠤ ᠳᠠᠷᠠᠭ᠎ᠠ ᠲᠡᠭᠦᠨ᠎ᠦ ᠠᠩᠭᠢ᠎ᠶ᠋ᠢᠨ ᠨᠦᠭᠦᠳ ᠪᠦᠸ᠋ᠯᠠᠱᠠᠺ· ᠪᠦᠸ᠋ᠯᠠᠲ᠋ᠢ ᠪᠠᠨ ᠲᠠᠪᠠᠨ ᠭᠠᠷᠤᠭᠰᠠᠨ ᠪᠠᠢᠨ᠎ᠠ᠃

︽ᠮᠠᠨ ᠎ᠤ ᠠᠩᠭᠢ᠎ᠶ᠋ᠢᠨ ᠨᠥᠬᠥᠳ ᠠᠩᠬ᠎ᠠ ᠭᠠᠷᠬᠤ᠎ᠳᠠᠭᠠᠨ ᠨᠠᠩ ᠲᠦᠷᠭᠡᠨ ᠱᠢᠭ ᠪᠠᠢᠵᠤ᠂ ᠠᠯᠲᠠᠨ ᠮᠧᠳᠠᠯ ᠣᠯᠬᠤ᠎ᠶ᠋ᠢ ᠪᠠᠲᠤᠯᠠᠭ᠍ᠰᠠᠨ ᠤᠷᠢᠲᠠᠯ ᠳᠣᠣᠷ᠎ᠠ᠂ ᠬᠠᠮᠤᠭ᠎ᠤᠨ ᠰᠡᠭᠦᠯ ᠳ᠋ᠤ ᠱᠢᠪᠲᠤᠯᠤᠯᠲᠠ ᠬᠢᠬᠦ ᠦᠶ᠎ᠡ᠎ᠳᠦ ᠪᠢ ᠵᠣᠷᠢᠭ᠍ᠲᠠᠶ ᠲᠡᠮᠡᠤᠯᠵᠤ ᠤᠷᠤᠭᠰᠨᠨ ᠡ᠃ ᠲᠤᠰ ᠤᠷᠤᠯᠳᠤᠭᠠᠨ᠎ᠤ ᠲᠥᠯᠥᠭᠡ ᠪᠢᠳᠡ 8 ᠵᠢᠯ ᠪᠡᠯᠡᠳᠭᠡᠵᠦ᠍᠂ ᠡᠨᠡ ᠬᠦ᠌ ᠬᠤᠭᠤᠴᠠᠭᠠᠨ᠎ᠳᠤ ᠪᠠᠰᠠ ᠮᠠᠰᠢ ᠣᠯᠠᠨ ᠨᠤᠭᠤᠷᠠᠯ ᠪᠦᠳᠦᠷᠢᠯ᠎ᠢ ᠥᠩᠭᠡᠷᠡᠭᠦᠯᠦᠭᠰᠡᠨ ᠶᠤᠮ︾ ᠭᠡᠵᠦ᠍ ᠬᠠᠰᠲ᠋ᠢᠯ · ᠠᠳ᠋ᠧᠯᠢᠵᠢᠶᠠᠩ ᠶᠡᠷᠢᠨ᠎ᠠ᠃

ᠳᠤᠷᠠᠳᠤᠭᠤᠱᠢᠲᠠᠶ ᠵᠦᠢᠯ ᠭᠡᠪᠡᠯ᠂ ᠡᠪᠦᠯ᠎ᠦᠨ ᠤᠯᠠᠷᠢᠯ᠎ᠤᠨ ᠬᠣᠶᠠᠷ ᠵᠦᠢᠯ᠎ᠦᠨ ᠢᠯᠠ ᠳᠤᠭᠤᠢᠯᠠᠩ᠎ᠤᠨ ᠡᠷᠡᠭ᠌ᠲᠡᠶ᠎ᠶ᠋ᠢᠨ 15 ᠺᠢᠯᠣᠮᠧᠲ᠋ᠷ᠎ᠦᠨ ᠬᠠᠮᠲᠤ ᠪᠡᠷ ᠠᠶᠠᠯᠠᠬᠤ ᠤᠷᠤᠯᠳᠤᠭᠠᠨ᠎ᠳᠤ ᠥᠪᠥᠷ ᠮᠣᠩᠭᠣᠯ᠎ᠤᠨ ᠠᠩᠭᠢ ᠭᠠᠷᠮᠠᠭᠠᠢᠯᠠᠨ ᠲᠡᠮᠡᠴᠡᠵᠦ᠂ ᠵᠢᠶᠠᠨ ᠺᠠᠶ ᠭᠧ ᠬᠦᠷᠡᠯ ᠮᠧᠳᠠᠯ ᠣᠯᠤᠭ᠍ᠰᠠᠨ᠎ᠠᠴᠠ ᠭᠠᠳᠠᠨ᠎ᠠ᠂ ᠰᠦᠩ ᠴᠧᠨ᠂ ᠪᠦᠦ ᠪᠦᠦ ᠼᠠᠢ ᠪᠠᠰᠠ ᠲᠤᠰ ᠲᠤᠰ ᠲᠦᠷᠪᠡ᠂ ᠲᠠᠪᠤᠳᠤᠭᠠᠷ᠎ᠲᠤ ᠲᠤᠳᠤᠷᠠᠵᠠᠢ᠃ ︽ᠡᠨᠡ ᠪᠣᠯ ᠮᠢᠨᠦ᠍ ᠣᠯᠤᠭ᠍ᠰᠠᠨ ᠬᠣᠶᠠᠳᠤᠭᠠᠷ ᠱᠠᠩᠨᠠᠯ᠎ᠤᠨ ᠮᠧᠳᠠᠯ᠂ ᠮᠠᠰᠢ ᠪᠠᠶᠠᠷᠲᠠᠶ ᠪᠠᠢᠨ᠎ᠠ᠂ ᠡᠨᠡ ᠡᠳᠦᠷ ᠡᠡᠭ᠎ᠦᠨ ᠦᠶ᠎ᠠ ᠵᠢᠨ ᠬᠢᠷᠢ ᠲᠦᠪᠰᠢᠨ ᠵᠢᠡᠨ ᠭᠠᠷᠭᠠᠵᠤ᠂ ᠬᠠᠮᠤᠭ᠎ᠤᠨ ᠰᠡᠭᠦᠯᠴᠢ᠎ᠶ᠋ᠢᠨ ᠨᠢᠭᠡ ᠤᠳᠠᠭᠠᠨ᠎ᠤ ᠵᠣᠭ᠍ᠰᠣᠭ᠎ᠠ ᠬᠠᠷᠪᠤᠯᠲᠠ᠎ᠶ᠋ᠢᠨ ᠦᠶ᠎ᠡ᠎ᠳᠦ ᠪᠦᠬᠦᠨ ᠢ᠋ ᠣᠨᠣᠭᠠᠵᠤ᠂ ᠬᠡᠳᠦᠢᠪᠡᠷ ᠴᠠᠰᠤ ᠣᠷᠣᠭ᠍ᠰᠠᠨ ᠪᠣᠯᠪᠠᠴᠤ᠌ ᠳᠡᠮᠡᠶ ᠶᠡᠬᠡ ᠨᠥᠯᠥᠭᠡ ᠪᠤᠯᠤᠭᠰᠠᠨ ᠦᠭᠡᠢ ᠶᠤᠮ︾ ᠭᠡᠵᠦ ᠵᠢᠶᠠᠨ ᠺᠠᠶ ᠭᠧ ᠶᠠᠷᠢᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号