2 ᠰᠠᠷ᠎ᠠ᠎ᠶ᠋ᠢᠨ 22᠎ᠤᠨ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ᠎ᠤ
ᠪᠥᠬᠥ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠴᠢᠯᠥᠭᠡᠲᠦ ᠴᠠᠨᠠᠯᠠᠯᠳᠠ᠎ᠶᠢᠨ
ᠤᠭᠳᠠᠷᠭᠤᠢ᠎ᠶᠢᠨ ᠤᠷ᠎ᠠ ᠮᠡᠷᠭᠡᠵᠢᠯ᠎ᠤᠨ ᠤᠷᠤᠯᠳᠤᠭᠠᠨ᠎ᠤ ᠵᠠᠯᠠᠭᠤᠴᠤᠳ᠎ᠤᠨ ᠲᠤᠭᠤᠢᠯᠠᠩ᠎ᠤᠨ ᠤᠷᠤᠯᠳᠤᠭᠠᠨ
ᠵᠠᠯᠠᠨ ᠠᠢᠯ ᠤᠷᠤᠯᠳᠤᠭᠠᠨ᠎ᠤ
ᠲᠤᠭᠤᠷᠢᠭ᠎ᠤᠨ ᠵᠢᠨ ᠯᠦᠩ ᠱᠠᠨ ᠴᠠᠨᠠᠯᠠᠯᠳᠠ᠎ᠶᠢᠨ ᠲᠠᠯᠠᠪᠠᠶ᠎ᠳᠤ ᠶᠠᠪᠤᠭᠳᠠᠵᠦ᠂ ᠾᠧᠪᠧᠶ᠎ᠶ᠋ᠢᠨ ᠠᠩᠭᠢ 2 ᠠᠯᠲᠠᠨ
ᠮᠧᠳᠠᠯ᠂ 2 ᠮᠥᠩᠭᠥᠨ ᠮᠧᠳᠠᠯ
ᠲᠤᠰᠴᠠᠢ᠃
ᠡᠮᠡᠭ᠌ᠲᠡᠶ᠎ᠶ᠋ᠢᠨ ᠲᠤᠭᠤᠢᠯᠠᠩ᠎ᠦᠨ ᠤᠷᠤᠯᠳᠤᠭᠠᠨ᠎ᠳᠤ᠂
ᠾᠧᠪᠧᠶ᠎ᠶ᠋ᠢᠨ ᠠᠩᠭᠢ᠎ᠶ᠋ᠢᠨ ᠲᠠᠮᠢᠷᠴᠢᠨ ᠴᠧᠨ ᠱᠢᠤᠸᠠᠢ ᠵᠧᠩ ᠪᠣᠯᠤᠨ ᠱᠧᠨ ᠵᠢᠩ ᠢ ᠲᠤᠰ ᠲᠤᠰ ᠠᠯᠲᠠᠨ
ᠮᠧᠳᠠᠯ ᠪᠤᠯᠤᠨ ᠮᠥᠩᠭᠥᠨ ᠮᠧᠳᠠᠯ ᠲᠤᠰᠴᠤ᠂ ᠭᠢᠷᠢᠨ᠎ᠦ ᠠᠩᠭᠢ᠎ᠶ᠋ᠢᠨ ᠳᠠᠮᠢᠷᠴᠢᠨ ᠸᠠᠩ ᠱᠢᠤᠸᠠᠢ ᠬᠦᠷᠡᠯ
ᠮᠧᠳᠠᠯ ᠲᠤᠰᠴᠠᠢ᠃ ᠡᠨᠡ ᠵᠢᠯ 15 ᠨᠠᠰᠤᠲᠠᠶ ᠴᠧᠨ ᠱᠢᠤᠸᠠᠢ
ᠵᠧᠩ ᠪᠤᠯ ᠪᠥᠬᠥ᠌ ᠤᠯᠤᠰ᠎ᠤᠨ ᠴᠢᠯᠥᠭᠡᠲᠦ ᠴᠠᠨᠠᠯᠠᠯᠳᠠ᠎ᠶᠢᠨ ᠤᠭᠳᠠᠷᠭᠤᠢ᠎ᠶᠢᠨ ᠤᠷ᠎ᠠ ᠮᠡᠷᠭᠡᠵᠢᠯ᠎ᠦᠨ ᠵᠠᠯᠠᠭᠤᠴᠤᠳ᠎ᠤᠨ
ᠳᠤᠭᠤᠢᠯᠠᠩ᠎ᠤᠨ ᠤᠯᠠᠨ ᠲᠦᠷᠦᠯ᠎ᠤᠨ ᠤᠷᠤᠯᠳᠤᠭᠠᠨ᠎ᠳᠤ ᠮᠠᠩᠯᠠᠢ ᠲᠠᠮᠢᠷᠴᠢᠨ᠃ 《ᠤᠤᠯ ᠨᠢ ᠪᠢ ᠲᠡᠪᠬᠡᠷᠭᠡ
ᠣᠷᠣ᠎ᠶᠢᠨ ᠳᠠᠮᠢᠷᠴᠢᠨ ᠪᠠᠢᠭᠰᠠᠨ᠂ 11 ᠨᠠᠰᠤᠳᠠᠢ᠎ᠳᠠᠭᠠᠨ ᠴᠢᠯᠥᠭᠡᠲᠦ ᠴᠠᠨᠠᠯᠠᠯᠳᠠ ᠶ᠋ᠢᠨ ᠤᠭᠳᠠᠷᠭᠤᠢ᠎ᠶᠢᠨ ᠤᠷ᠎ᠠ
ᠮᠡᠷᠭᠡᠵᠢᠯ᠎ᠤᠨ ᠲᠠᠮᠢᠷᠴᠢᠨ ᠪᠤᠯᠤᠭᠰᠠᠨ᠃ ᠴᠢᠯᠥᠭᠡᠲᠦ ᠴᠠᠨᠠᠯᠠᠯᠳᠠ᠎ᠶᠢᠨ ᠳᠠᠮᠢᠷᠴᠢᠨ ᠪᠤᠯᠤᠭᠠᠳ ᠨᠢᠷᠤᠭᠤ ᠪᠠᠨ ᠬᠦᠨᠳᠤ
ᠪᠡᠷᠳᠡᠭᠡᠵᠦ ᠪᠠᠢᠭᠰᠠᠨᠴᠦ ᠦᠪᠡᠷ᠎ᠢᠶᠡᠨ ᠡᠨᠡ ᠲᠦᠷᠦᠯ᠎ᠤᠨ ᠳᠠᠮᠢᠷ ᠲᠦ᠍ ᠲᠤᠷᠠᠳᠠᠢ ᠪᠤᠯᠬᠤᠷ ᠬᠦᠴᠢᠷ
ᠪᠡᠷᠬᠡᠱᠢᠶᠡᠯ᠎ᠢ ᠪᠦᠷ ᠢᠯᠠᠨ ᠳᠠᠪᠠᠵᠤ ᠴᠢᠳᠠᠭᠰᠠᠨ》 ᠭᠡᠵᠦ ᠴᠧᠨ ᠱᠢᠤᠸᠠᠢ ᠵᠧᠩ
ᠬᠡᠯᠡᠨ᠎ᠠ᠃



ᠡᠷᠡᠭ᠌ᠲᠡᠶ᠎ᠶ᠋ᠢᠨ ᠤᠷᠤᠯᠳᠤᠭᠠᠨ᠎ᠳᠤ᠂ ᠾᠧᠪᠧᠶ᠎ᠶ᠋ᠢᠨ
ᠠᠩᠭᠢ᠎ᠶ᠋ᠢᠨ ᠲᠠᠮᠢᠷᠴᠢᠨ ᠯᠢ ᠱᠢᠨ ᠫᠧᠩ ᠪᠣᠯᠤᠨ ᠢᠦᠶ ᠱᠧᠩ ᠵᠧ ᠲᠤᠰ ᠲᠤᠰ ᠠᠯᠲᠠᠨ ᠮᠧᠳᠠᠯ᠂ ᠮᠥᠩᠭᠥᠨ ᠮᠧᠳᠠᠯ
ᠲᠤᠰᠴᠤ᠂ ᠵᠧᠵᠢᠶᠠᠩ᠎ᠤᠨ ᠠᠩᠭᠢ᠎ᠶ᠋ᠢᠨ ᠲᠠᠮᠢᠷᠴᠢᠨ ᠬᠥ᠋ ᠵᠢᠦ ᠪᠠᠢ ᠬᠦᠷᠡᠯ ᠮᠧᠳᠠᠯ ᠲᠤᠰᠴᠠᠢ᠃ 《ᠡᠨᠡ ᠡᠳᠦᠷ᠎ᠤᠨ ᠠᠮᠵᠢᠯᠳᠠ
ᠨᠠᠳᠠ᠎ᠳᠤ ᠮᠠᠰᠢ ᠶᠡᠬᠡ ᠵᠣᠷᠢᠭ᠍ᠵᠢᠭᠤᠯᠤᠯ ᠪᠣᠯᠵᠠᠶ᠂ ᠮᠥᠨ ᠴᠦ᠍ ᠮᠢᠨᠤ ᠲᠠᠮᠢᠷ᠎ᠤᠨ ᠦᠢᠯᠡᠰ᠎ᠤᠨ ᠱᠢᠨ᠎ᠡ
ᠡᠬᠢᠯᠡᠯᠲᠡ᠂ ᠠᠮᠢᠳᠤᠷᠠᠯ᠎ᠤᠨ ᠱᠢᠨ᠎ᠡ ᠡᠬᠢᠯᠡᠯᠲᠡ ᠮᠥᠨ᠂ ᠴᠢᠨᠠᠭᠰᠢᠳᠠ ᠦᠪᠡᠷ᠎ᠤᠨ ᠤᠷ᠎ᠠ ᠴᠢᠳᠠᠪᠤᠷᠢ᠎ᠪᠠᠨ
ᠳᠡᠭᠡᠭ᠌ᠰᠢᠯᠡᠭᠦᠯᠵᠦ᠍᠂ ᠳᠡᠯᠡᠬᠡᠶ᠎ᠶ᠋ᠢᠨ ᠤᠷᠤᠯᠳᠤᠭᠠᠨ᠎ᠤ ᠲᠠᠯᠠᠪᠤᠷ ᠲᠦ᠍ ᠥᠪᠡᠷ᠎ᠢ᠎ᠪᠡᠨ ᠰᠤᠷᠢᠬᠤ᠎ᠵᠢ
ᠬᠦᠰᠡᠵᠦ᠍ ᠪᠠᠢᠨ᠎ᠠ》 ᠭᠡᠵᠦ ᠯᠢ ᠱᠢᠨ ᠫᠧᠩ ᠬᠡᠯᠡᠨ᠎ᠠ᠃
ᠰᠤᠷᠪᠤᠯᠵᠢᠯᠠᠭᠴᠢ᠄ ᠬᠦᠭᠵᠢᠯᠳᠦ
ᠰᠡᠭᠦᠳᠡᠷᠯᠡᠭᠴᠢ᠂ ᠹᠢᠯᠢᠮ ᠦᠢᠯᠡᠳᠦᠭᠴᠢ᠄ ᠬᠦᠪᠴᠢᠨ
ᠭᠡᠷᠡᠯ ᠵᠢᠷᠤᠭ᠄ ᠬᠦᠪᠴᠢᠨ
ᠬᠢᠨᠠᠭᠴᠢ᠄ ᠪᠢᠯᠢᠭᠲᠦ