ᠮᠥᠰᠥᠨ ᠪᠥᠮᠪᠥᠭᠡ᠎ᠶ᠋ᠢᠨ ᠵᠠᠯᠠᠭᠤᠴᠤᠳ᠎ᠤᠨ ᠡᠮᠡᠭᠳᠡᠢ ᠵᠢᠨ ᠳᠤᠭᠤᠢᠯᠠᠩ᠎ᠤᠨ ᠬᠣᠶᠠᠷ ᠨᠤᠭᠤᠯᠤᠭ᠎ᠠ ᠤᠷᠤᠯᠳᠤᠭᠠᠨ ᠶᠠᠪᠤᠭᠳᠠᠪᠠ
2024-02-24 14:22:21
ᠵᠣᠬᠢᠶᠠᠭ᠍ᠴᠢ᠄
ᠴᠸᠨ ᠨᠠᠷᠠᠨᠳᠤᠨᠭᠭᠠᠯᠠᠭ
ᠣᠩᠱᠢᠭ᠍ᠰᠠᠨ ᠣᠳᠠᠭ᠎ᠠ᠄
★★★☆☆

2 ᠰᠠᠷ᠎ᠠ᠎ᠶ᠋ᠢᠨ 23᠎ᠤ᠋ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠮᠥᠰᠥᠨ ᠪᠥᠮᠪᠥᠭᠡ᠎ᠶ᠋ᠢᠨ ᠵᠠᠯᠠᠭᠤᠴᠤᠳ᠎ᠤᠨ ᠡᠮᠡᠭ᠌ᠲᠡᠢ᠎ᠶᠢᠨ ᠳᠤᠭᠤᠢᠯᠠᠨᠭ᠌᠎ᠤᠨ ᠬᠣᠶᠠᠷ ᠨᠤᠭᠤᠯᠤᠭ᠎ᠠ ᠤᠷᠤᠯᠳᠤᠭᠠᠨ ᠶᠠᠪᠤᠭᠳᠠᠵᠦ᠂ ᠾᠸᠪᠸᠢ ᠵᠢᠨ ᠠᠩᠭᠢ ᠪᠠ ᠭᠤᠸᠠᠩᠳᠦ᠋ᠩ᠎ᠦᠨ ᠠᠩᠭᠢ᠂ ᠬᠠᠷᠠᠮᠥ᠋ᠷᠡᠨ᠎ᠦ ᠠᠩᠭᠢ ᠪᠠ ᠯᠢᠶᠣᠤᠨᠢᠩ᠎ᠤᠨ ᠠᠩᠭᠢ ᠲᠤᠰ ᠲᠤᠰ ᠦᠷᠢᠰᠦᠯᠳᠦᠵᠡᠢ᠃

ᠾᠧᠪᠧᠢ᠎ᠶ᠋ᠢᠨ ᠠᠩᠭᠢ ᠪᠣᠯᠤᠨ ᠭᠤᠸᠠᠩᠳᠦ᠋ᠩ᠎ᠤᠨ ᠠᠩᠭᠢ᠎ᠶ᠋ᠢᠨ ᠨᠤᠭᠤᠯᠤᠭ᠎ᠠ ᠤᠷᠤᠯᠳᠤᠭᠠᠨ᠎ᠤ ᠬᠣᠶᠠᠳᠤᠭᠠᠷ ᠨᠤᠭᠤᠯᠤᠭ᠎ᠠ ᠵᠢᠴᠢ ᠭᠤᠷᠪᠠᠳᠤᠭᠠᠷ ᠨᠤᠭᠤᠯᠤᠭ᠎ᠠ᠎ᠳᠤ᠂ ᠾᠧᠪᠧᠢ᠎ᠶ᠋ᠢᠨ ᠠᠩᠭᠢ ᠲᠡᠢᠯᠦᠩᠬᠦᠢ ᠪᠠᠢᠷᠢᠨ ᠳ᠋ᠤ ᠪᠠᠢᠵᠤ᠂ ᠤᠷᠤᠯᠳᠤᠭᠠᠨ᠎ᠤ 26 ᠮᠢᠨᠦ᠋ᠲ ᠪᠠ 46 ᠮᠢᠨᠦ᠋ᠲ᠎ᠲᠦ ᠪᠥᠮᠪᠥᠭᠡ ᠣᠷᠣᠭᠤᠯᠵᠤ᠂ 4 ᠄ 1 ᠪᠠᠷ ᠲᠡᠷᠢᠭᠦᠯᠡᠪᠡ᠃ ᠭᠡᠪᠡᠴᠦ᠍ ᠭᠤᠸᠠᠩᠳᠦ᠋ᠩ ᠎ᠤ᠋ᠨ ᠠᠩᠭᠢ ᠤᠷᠤᠯᠳᠤᠭᠠᠨ᠎ᠤ 49 ᠮᠢᠨᠦ᠋ᠲ ᠪᠠ 52 ᠮᠢᠨᠦ᠋ᠲ᠎ᠲᠦ ᠵᠠᠯᠭᠠᠭ᠎ᠠ᠎ᠪᠠᠷ ᠪᠥᠮᠪᠥᠭᠡ ᠣᠷᠣᠭᠤᠯᠵᠤ᠂ ᠬᠤᠪᠢ᠎ᠶ᠋ᠢᠨ ᠬᠠᠷᠢᠴᠠᠯ᠎ᠢ 4 ᠄ 3 ᠪᠣᠯᠲᠠᠯ᠎ᠠ ᠨᠡᠬᠡᠪᠡ᠃ ᠲᠠᠷᠠᠭ᠎ᠠ ᠨᠢ᠂ ᠾᠧᠪᠧᠶ᠎ᠶ᠋ᠢᠨ ᠠᠩᠭᠢ ᠭᠤᠸᠠᠩᠳᠦ᠋ᠩ᠎ᠤᠨ ᠠᠩᠭᠢ᠎ᠳᠤ ᠬᠤᠪᠢ ᠣᠯᠬᠤ ᠲᠣᠬᠢᠶᠠᠯ ᠣᠯᠭᠣᠭ᠍ᠰᠠᠨ ᠦᠭᠡᠢ᠂ ᠡᠴᠦᠰ᠎ᠲᠡᠬᠡᠨ 4 ᠄ 3 ᠵᠢᠨ ᠬᠢᠷᠢ ᠪᠦᠳᠦᠮᠵᠢ ᠪᠡᠷ ᠭᠤᠸᠠᠩᠳᠦ᠋ᠩ᠎ᠤᠨ ᠠᠩᠭᠢ᠎ᠵᠢ ᠢᠯᠡᠪᠡ᠃ ᠨᠥᠬᠥᠭᠡ ᠲᠠᠯᠠᠪᠤᠷ ᠤᠷᠤᠯᠳᠤᠭᠠᠨ᠎ᠳᠦ ᠬᠠᠷᠠᠮᠥ᠋ᠷᠡᠨ᠎ᠦ ᠠᠩᠭᠢ ᠪᠤᠯᠤᠨ ᠯᠢᠶᠣᠤᠨᠢᠩ᠎ᠤᠨ ᠠᠩᠭᠢ᠎ᠤᠷᠤᠯᠳᠤᠵᠤ᠂ ᠬᠠᠷᠠᠮᠥ᠋ᠷᠡᠨ᠎ᠦ ᠠᠩᠭᠢ 0 ᠄  4 ᠪᠡᠷ᠎ᠯᠢᠶᠣᠤᠨᠢᠩ᠎ᠤᠨ ᠠᠩᠭᠢ᠎ᠳᠤ ᠳᠡᠢᠯᠦᠭ᠌ᠳᠡᠵᠡᠶ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号