ᠯᠢᠦ ᠵᠢᠶᠠ ᠢᠦᠢ ᠬᠠᠷᠠᠮᠥ᠋ᠷᠡᠨ᠎ᠦ ᠲᠦᠯᠦᠭᠡᠯᠡᠭᠴᠢᠳ᠎ᠤᠨ ᠠᠩᠭᠢ᠎ᠶᠢᠨ ᠳᠠᠮᠢᠷᠴᠢᠨ᠃ ᠲᠤᠮᠳᠠᠳᠤ ᠤᠯᠤᠰ᠎ᠤᠨ ᠲᠠᠩ ᠴᠠᠨ᠎ᠠ ᠵᠢᠨ ᠴᠠᠨᠠᠯᠠᠯᠳᠠ ᠵᠢᠨ ᠨᠡᠷᠡᠳᠤ ᠲᠠᠮᠢᠷᠴᠢᠨ᠃ 1992 ᠣᠨ᠎ᠤ 9 ᠰᠠᠷ᠎ᠠ᠎ᠶᠢᠨ 17᠎ᠤ᠋ ᠡᠳᠦᠷ ᠬᠠᠷᠠᠮᠥ᠋ᠷᠡᠨ ᠮᠤᠵᠢ᠎ᠶᠢᠨ ᠾᠧ ᠭᠠᠩ ᠬᠣᠲᠠ᠎ᠳᠤ ᠲᠦᠷᠦᠭᠰᠡᠨ ᠳᠤᠮᠳᠠᠳᠤ ᠤᠯᠤᠰ᠎ᠤᠨ ᠳᠠᠩ ᠴᠠᠨ᠎ᠠ᠎ᠪᠠᠷ ᠴᠠᠨᠠᠯᠠᠬᠤ ᠡᠮᠡᠭᠲᠡᠢ ᠲᠠᠮᠢᠷᠴᠢᠨ᠃

ᠬᠤᠪᠢ ᠪᠠᠨ ᠦᠵᠡᠭᠡᠳ ᠵᠢᠭᠠᠬᠠᠨ ᠬᠠᠷᠠᠮᠰᠠᠯ ᠲᠦᠷᠦᠭᠳᠡᠪᠡ

ᠢᠨᠢᠶᠡᠭᠰᠡᠨ ᠴᠠᠭ ᠰᠡᠳᠬᠢᠯ ᠪᠠᠶᠠᠰᠬᠤᠯᠠᠩ
2 ᠰᠠᠷ᠎ᠠ᠎ᠶᠢᠨ 17᠎ᠤ᠋ ᠡᠳᠦᠷ ᠵᠠᠯᠠᠨ ᠠᠢᠯ ᠬᠤᠳᠠ᠎ᠶᠢᠨ ᠵᠢᠨ ᠯᠦᠩ ᠱᠠᠨ ᠴᠠᠨᠠᠯᠠᠯᠳᠠ᠎ᠶᠢᠨ ᠲᠠᠯᠠᠪᠠᠶ᠎ᠳᠤ ᠶᠠᠪᠤᠭᠳᠠᠬᠰᠠᠨ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭᠯᠠᠭᠠᠨ᠎ᠤ ᠳᠠᠩ ᠴᠠᠨ᠎ᠠ᠎ᠶᠢᠨ U ᠲᠠᠯᠠᠪᠤᠷ᠎ᠤᠨ ᠤᠷ᠎ᠠ ᠮᠡᠷᠭᠡᠵᠢᠯ᠎ᠦᠨ ᠢᠯᠡ ᠳᠤᠭᠤᠢᠯᠠᠩ᠎ᠤᠨ ᠡᠮᠡᠭᠲᠡᠢ᠎ᠶᠢᠨ ᠰᠢᠢᠳᠪᠦᠷᠢᠲᠦ ᠤᠷᠤᠯᠳᠤᠭᠠᠨ᠎ᠳᠤ ᠬᠠᠷᠠᠮᠥ᠋ᠷᠡᠨ᠎ᠦ ᠲᠦᠯᠦᠭᠡᠯᠡᠭᠴᠢᠳ᠎ᠤᠨ ᠠᠩᠭᠢ᠎ᠶᠢᠨ ᠳᠠᠮᠢᠷᠴᠢᠨ ᠯᠢᠦ ᠵᠢᠶᠠ ᠢᠦᠢ ᠰᠢᠷᠬᠠᠳᠤᠭᠰᠠᠨ ᠪᠤᠯᠪᠠᠴᠤ ᠡᠪᠡᠷᠰᠢᠶᠡᠯ ᠵᠢᠡᠨ ᠲᠡᠰᠪᠦᠷᠢᠯᠡᠨ ᠬᠠᠮᠤᠭ ᠰᠡᠬᠦᠯᠴᠢ ᠵᠢᠨ ᠴᠠᠨᠠᠯᠠᠯᠳᠠ ᠪᠠᠨ ᠪᠡᠶᠡᠯᠡᠬᠦᠯᠵᠦ᠂ 83.50 ᠬᠤᠪᠢ ᠪᠡᠷ ᠮᠥᠩᠭᠥ ᠮᠧᠳᠠᠯ ᠭᠠᠷᠳᠠᠪᠠ᠃ ᠦᠨᠡᠨ᠎ᠳᠡᠭᠡᠨ ᠯᠢᠦ ᠵᠢᠶᠠ ᠢᠤᠢ ᠵᠢᠨ ᠬᠢᠷᠢ ᠪᠦᠲᠦᠮᠵᠢ ᠠᠯᠳᠠᠨ ᠮᠸᠳᠠᠯ ᠤᠯᠵᠦ ᠲᠡᠢᠯᠬᠦ᠎ᠳᠤ ᠠᠰᠠᠭᠤᠳᠠᠯ ᠦᠭᠡᠢ ᠪᠠᠢᠭᠰᠠᠨ᠃ ᠭᠡᠳᠡᠯ᠎ᠡ ᠲᠡᠷᠡᠪᠡᠷ ᠰᠢᠷᠬᠠᠨ᠎ᠤ ᠡᠪᠡᠷᠰᠢᠶᠡᠯ ᠬᠢᠭᠡᠳ ᠤᠷᠤᠯᠳᠤᠭᠠᠨ᠎ᠤ ᠢᠯᠠᠭᠳᠠᠯ ᠵᠢᠡᠨ ᠨᠢᠭᠤᠭᠳᠠᠵᠦ ᠮᠢᠷᠠᠯᠵᠠᠳᠠᠯᠠ ᠢᠨᠢᠶᠡᠮᠰᠦᠭᠯᠡᠨ ᠦᠵᠡᠭᠴᠢᠳ ᠵᠢᠡᠨ ᠪᠠᠶᠠᠰᠬᠠᠭᠰᠠᠨ ᠨᠢ ᠲᠠᠮᠢᠷᠴᠢᠨ᠎ᠤ ᠦᠭᠡᠳᠡᠷᠭᠡᠭ ᠰᠡᠳᠬᠢᠯ ᠪᠤᠯᠤᠨ ᠲᠠᠮᠢᠷ᠎ᠤᠨ ᠬᠦᠳᠡᠯᠭᠡᠭᠡᠨ᠎ᠤ ᠵᠤᠷᠢᠭ ᠰᠠᠨᠠᠭ᠎ᠠ ᠵᠢ ᠪᠠᠳᠠᠷᠠᠭᠤᠯᠵᠦ᠂ ᠬᠦᠮᠦᠰ᠎ᠤᠨ ᠬᠦᠷᠢᠶᠡᠯᠡᠯ᠎ᠢ ᠮᠠᠰᠢᠳᠠ ᠤᠯᠤᠭᠰᠠᠨ ᠪᠠᠢᠯ᠎ᠠ᠃

ᠱᠠᠩᠨᠠᠯ ᠬᠦᠷᠳᠡᠭᠰᠡᠨ ᠭᠤᠷᠪᠠᠭᠤᠯᠠ

ᠠᠯᠬᠤᠬᠤ᠎ᠳᠠᠭᠠᠨ ᠬᠦᠴᠢᠷᠳᠡᠭᠡᠳ ᠲᠠᠰᠬᠠᠯᠵᠢᠭᠤᠯᠤᠭᠴᠢ ᠨᠢ ᠲᠦᠰᠢᠵᠦ ᠲᠠᠢᠰᠠᠨ᠎ᠳᠤ ᠭᠠᠷᠤᠯ᠎ᠠ
ᠲᠤᠰ ᠤᠳᠠᠭ᠎ᠠ ᠵᠢᠨ ᠤᠷᠤᠯᠳᠤᠭᠠᠨ᠎ᠳᠤ ᠯᠢᠦ ᠵᠢᠶᠠ ᠢᠦᠢ ᠠᠯᠳᠠᠰᠢ ᠭᠠᠷᠴᠤ ᠰᠢᠷᠬᠠᠲᠤᠭᠰᠠᠨ ᠦᠭᠡᠢ ᠪᠠᠢᠭᠰᠠᠨ ᠪᠤᠯ ᠬᠢᠷᠢ ᠪᠦᠲᠦᠮᠵᠢ ᠨᠢ ᠨᠠᠩ ᠰᠠᠢᠨ ᠪᠤᠯᠬᠤ ᠮᠠᠭᠠᠳ᠃ ᠤᠴᠢᠷ ᠨᠢ ᠯᠢᠦ ᠵᠢᠶᠠ ᠢᠤᠢ 2007 ᠣᠨ᠎ᠤ 3 ᠰᠠᠷ᠎ᠠ᠎ᠳᠤ᠂ ᠺᠠᠨᠠᠳᠠ᠎ᠶᠢᠨ ᠺᠠᠷᠭᠠᠷᠢᠳᠤ ᠶᠠᠪᠤᠭᠳᠠᠭᠰᠠᠨ ᠳᠠᠩ ᠴᠠᠨ᠎ᠠ᠎ᠶᠢᠨ ᠳᠡᠯᠡᠬᠡᠢ᠎ᠶᠢᠨ ᠬᠤᠨᠳᠠᠭᠠᠲᠤ U ᠳᠠᠯᠠᠪᠤᠷ᠎ᠤᠨ ᠤᠷᠤᠯᠳᠤᠭᠠᠨ᠎ᠳᠤ ᠳᠡᠳ᠋ᠯᠡᠪᠡ; 2008 ᠣᠨ᠎ᠤ 3 ᠰᠠᠷ᠎ᠠ᠎ᠶᠢᠨ 1᠎ᠤ᠋ ᠡᠳᠦᠷ᠂ ᠳᠠᠩ ᠴᠠᠨ᠎ᠠ᠎ᠶᠢᠨ ᠳᠡᠯᠡᠬᠡᠢ᠎ᠶᠢᠨ ᠬᠤᠨᠳᠠᠭᠠᠲᠤ ᠤᠷᠤᠯᠳᠤᠭᠠᠨ᠎ᠤ ᠺᠠᠨᠠᠳᠠ᠎ᠶᠢᠨ ᠺᠠᠷᠭᠠᠷᠢᠦᠷᠳᠡᠭᠡᠨᠤ U ᠳᠠᠯᠠᠪᠤᠷ᠎ᠤᠨ ᠤᠷᠤᠯᠳᠤᠭᠠᠨ᠎ᠳᠤ ᠮᠠᠩᠯᠠᠢᠯᠠᠪᠠ; 2009 ᠣᠨ᠎ᠤ 1 ᠰᠠᠷ᠎ᠠ᠎ᠶᠢᠨ 23᠎ᠤ᠋ ᠡᠳᠦᠷ᠂ ᠺᠣᠷᠢᠶᠠ᠎ᠶᠢᠨ ᠾᠦᠸᠩᠰᠧᠩ ᠬᠣᠲᠠ᠎ᠳᠦ ᠶᠠᠪᠤᠭᠳᠠᠭᠰᠠᠨ ᠳᠠᠩ ᠴᠠᠨ᠎ᠠ᠎ᠶᠢᠨ ᠳᠡᠯᠡᠬᠡᠢ᠎ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨᠤᠡᠮᠡᠭᠲᠡᠢᠶᠢᠨ U ᠳᠠᠯᠠᠪᠤᠷ᠎ᠤᠨ ᠤᠷ᠎ᠠ ᠮᠡᠷᠭᠡᠵᠢᠯ᠎ᠤᠨ ᠤᠷᠤᠯᠳᠤᠭᠠᠨ᠎ᠳᠤ ᠮᠠᠩᠯᠠᠢᠯᠠᠪᠠ; 2010 ᠣᠨ᠎ᠳᠤ ᠺᠠᠨᠠᠳᠠ᠎ᠶᠢᠨ ᠸᠠᠨᠺᠦ᠋ᠸᠸᠷ ᠬᠤᠳᠠ᠎ᠳᠤ ᠶᠠᠪᠤᠭᠳᠠᠭᠰᠠᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠳᠦ ᠳᠥᠷᠪᠡᠳᠦᠭᠡᠷ᠎ᠲᠦ ᠤᠷᠤᠵᠠᠢ; 2018 ᠣᠨ᠎ᠤ 1 ᠰᠠᠷ᠎ᠠ᠎ᠶᠢᠨ 20᠎ᠤ᠋ ᠡᠳᠦᠷ᠂ ᠰᠸᠢᠰ᠎ᠲᠦ ᠶᠠᠪᠤᠭᠳᠠᠭᠰᠠᠨ LAAX OPEN ᠯᠠᠢᠺᠰᠤᠨ ᠢᠯᠠ ᠤᠷᠤᠯᠳᠤᠭᠠᠨ᠎ᠤ ᠡᠮᠡᠭᠲᠡᠢ᠎ᠶᠢᠨ U ᠳᠠᠯᠠᠪᠤᠷ᠎ᠤᠨ ᠤᠷᠤᠯᠳᠤᠭᠠᠨ᠎ᠳᠤ ᠮᠠᠩᠯᠠᠢᠯᠠᠵᠠᠢ; ᠲᠤᠰ ᠵᠢᠯ᠎ᠤᠨ 2 ᠰᠠᠷ᠎ᠠ᠎ᠶᠢᠨ 13᠎ᠤ᠋ ᠡᠳᠦᠷ᠂ ᠫᠢᠶᠸᠩᠼᠠᠩᠤᠨ ᠡᠪᠦᠯ᠎ᠦᠨ ᠤᠯᠠᠷᠢᠯ᠎ᠤᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠳᠠᠩ ᠴᠠᠨ᠎ᠠ᠎ᠶᠢᠨ ᠡᠮᠡᠭᠲᠡᠢ᠎ᠶᠢᠨ U ᠲᠠᠯᠠᠪᠤᠷ᠎ᠤᠨ ᠰᠢᠢᠳᠪᠦᠷᠢᠲᠦ ᠤᠷᠤᠯᠳᠤᠭᠠᠨ᠎ᠳᠤ ᠳᠡᠳ᠋ᠯᠡᠭᠰᠡᠨ ᠰᠢᠯᠢᠳᠡᠭ ᠳᠠᠮᠢᠷᠴᠢᠨ ᠪᠤᠯᠬᠤ ᠶᠤᠮ᠃

ᠦᠷᠢᠰᠦᠯᠳᠦᠭᠴᠢ ᠲᠠᠢ ᠪᠠᠨ ᠬᠠᠮᠳᠤ ᠵᠢᠨ ᠰᠡᠬᠦᠳᠡᠷ ᠳᠠᠳᠠᠭᠤᠯᠵᠦ ᠲᠤᠷᠠᠰᠬᠠᠯ ᠦᠯᠡᠳᠡᠭᠡᠯ᠎ᠡ

ᠠᠯᠳᠠᠨ ᠮᠸᠳᠠᠯ ᠬᠦᠷᠳᠡᠭᠴᠢ ᠲᠠᠢ ᠬᠠᠮᠳᠤ
ᠯᠢᠦ ᠵᠢᠶᠠ ᠢᠤᠢ ᠠᠯᠳᠠᠨ ᠮᠧᠳᠠᠯ ᠤᠯᠤᠭ᠎ᠠ ᠦᠭᠡᠢᠴᠤ ᠨᠠᠷᠠ ᠲᠤᠶᠠᠭᠠᠷᠠᠭᠰᠠᠨ ᠢᠨᠢᠶᠡᠮᠰᠦᠭᠯᠡᠯ ᠨᠢ ᠡᠪᠦᠯ᠎ᠤᠨ ᠤᠯᠠᠷᠢᠯ᠎ᠤᠨ ᠲᠠᠮᠢᠷ᠎ᠤᠨ ᠴᠤᠭᠯᠠᠭᠠᠨ᠎ᠤ ᠦᠪᠡᠷᠮᠢᠴᠡ ᠦᠵᠡᠮᠵᠢ ᠪᠤᠯᠵᠦ᠂ ᠦᠪᠡᠷ᠎ᠢ ᠪᠠᠨ ᠢᠯᠠᠨ ᠳᠠᠪᠠᠬᠤ ᠦᠬᠡᠳᠡᠷᠭᠡᠭ ᠰᠡᠳᠬᠢᠯ ᠢᠳᠡᠭᠡᠯ ᠵᠤᠷᠢᠭ ᠨᠢ ᠬᠦᠮᠦᠰ᠎ᠲᠦ ᠬᠦᠨ ᠰᠠᠭᠤᠭᠳᠠᠵᠠᠢ᠃
《ᠬᠠᠷᠠᠮᠰᠠᠯ ᠪᠠᠢᠬᠤ ᠦᠭᠡᠢ ᠴᠦ᠍ ᠶᠠᠭᠠᠬᠢᠬᠤ ᠪᠤᠢ! ᠦᠨᠡᠨ᠎ᠳᠡᠭᠡᠨ ᠲᠠᠮᠢᠷ᠎ᠤᠨ ᠤᠷᠤᠯᠳᠤᠭᠠᠨ ᠬᠦᠮᠦᠨ᠎ᠤ ᠠᠮᠢᠳᠤᠷᠠᠯ ᠲᠠᠢ ᠠᠳᠠᠯᠢᠬᠠᠨ᠂ ᠠᠯᠳᠠᠭ᠎ᠠ ᠤᠨᠤᠭ᠎ᠠ ᠵᠡᠷᠭᠡ ᠪᠡᠷ ᠤᠷᠤᠰᠢᠳᠠᠭ᠃ ᠠᠯᠳᠠᠭ᠎ᠠ ᠡᠴᠡ ᠪᠠᠨ ᠰᠤᠷᠭᠠᠮᠵᠢ ᠠᠪᠴᠦ᠂ ᠢᠷᠡᠭᠡᠳᠦᠢ ᠵᠢᠨ ᠤᠷᠤᠯᠳᠤᠭᠠᠨ᠎ᠳᠠᠭᠠᠨ ᠰᠠᠢᠳᠤᠷ ᠪᠡᠯᠡᠳᠭᠡᠪᠡᠯ ᠪᠤᠯᠴᠢᠬᠠᠨ᠎ᠠ᠃ ᠪᠢ ᠬᠡᠵᠢᠶᠡᠳᠡ ᠤᠷᠤᠭᠤ ᠴᠢᠷᠠᠢᠯᠠᠨ ᠤᠰᠤᠨ ᠨᠢᠳᠦᠯᠡᠳᠡᠭ ᠦᠭᠡᠢ᠃ ᠰᠠᠢᠬᠠᠨ ᠢᠨᠢᠶᠡᠳᠤ ᠪᠤᠰᠤᠳ᠎ᠢ ᠪᠠᠶᠠᠰᠬᠠᠳᠠᠭ ᠪᠦᠭᠡᠳ ᠮᠢᠨᠦ ᠦᠪᠡᠷ᠎ᠤᠨ ᠪᠡᠶ᠎ᠡ᠎ᠳᠤ ᠴᠦ᠍ ᠠᠵᠠ ᠵᠢᠷᠭᠠᠯ ᠠᠪᠴᠢᠷᠠᠳᠠᠭ ᠶᠤᠮ》 ᠭᠡᠵᠦ ᠯᠢᠦ ᠵᠢᠶᠠ ᠢᠤᠢ ᠤᠷᠤᠯᠳᠤᠭᠠᠨ᠎ᠤ ᠲᠠᠷᠠᠭ᠎ᠠ ᠰᠤᠷᠪᠤᠯᠵᠢᠯᠠᠭ᠎ᠠ ᠬᠦᠯᠢᠶᠡᠬᠦ᠎ᠳᠡᠭᠡᠨ ᠶᠠᠷᠢᠵᠦ ᠪᠠᠢᠯ᠎ᠠ᠃