2 ᠰᠠᠷ᠎ᠠ᠎ᠶ᠋ᠢᠨ 23᠎ᠤ ᠡᠳᠦᠷ᠂ ᠱᠤᠤ ᠴᠢ᠂ ᠯᠢ ᠪᠥᠸᠧ ᠶᠠᠨ᠂ ᠶᠠᠩ ᠯᠦᠩ ᠱᠢᠶᠤᠤ᠎ᠪᠠᠷ
ᠪᠦᠷᠢᠯᠳᠦᠭ᠌ᠰᠡᠨ ᠥᠪᠥᠷ ᠮᠣᠩᠭᠣᠯ᠎ᠤᠨ ᠠᠩᠬᠢ ᠵᠢᠨ ᠭᠤᠷᠪᠠᠨ ᠬᠦᠮᠦᠨ᠎ᠤ ᠲᠤᠭᠤᠢᠯᠠᠩ ᠠᠷᠪᠠᠨ ᠳᠥᠷᠪᠡᠳᠦᠭᠡᠷ ᠬᠤᠭᠤᠴᠠᠭᠠᠨ᠎ᠤ
ᠪᠥᠬᠥ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠴᠢᠯᠥᠭᠡᠲᠦ ᠴᠠᠨᠠᠯᠠᠯᠳᠠ᠎ᠶᠢᠨ ᠤᠭᠳᠠᠷᠭᠤᠢ᠎ᠶᠢᠨ
ᠤᠷ᠎ᠠ ᠮᠡᠷᠭᠡᠵᠢᠯ᠎ᠦᠨ ᠢᠯᠡ ᠳᠤᠭᠤᠢᠯᠠᠩ᠎ᠤᠨ ᠪᠦᠯᠬᠦᠮ᠎ᠤᠨ ᠤᠷᠤᠯᠳᠤᠭᠠᠨ᠎ᠳᠤ᠂ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ
ᠲᠠᠮᠢᠷᠴᠢᠨ ᠱᠢᠤᠢ ᠮᠸᠩ ᠲᠤᠤ᠂ ᠵᠢᠶᠠ ᠽᠦᠩ ᠶᠠᠩ᠂ ᠸᠠᠩ ᠱᠢᠨ ᠳ᠋ᠢᠪᠡᠷ ᠪᠦᠷᠢᠯᠳᠦᠭ᠌ᠰᠡᠨ ᠯᠢᠶᠣᠤᠨᠢᠩ᠎ᠤᠨ ᠠᠩᠭᠢ᠎ᠶ᠋ᠢ
ᠢᠯᠠᠵᠤ᠂ 315.43 ᠬᠤᠪᠢ᠎ᠪᠡᠷ ᠮᠠᠩᠯᠠᠢᠯᠠᠪᠡ᠂ ᠯᠢᠶᠣᠤᠨᠢᠩ᠎ᠤᠨ ᠠᠩᠭᠢ ᠪᠤᠯᠤᠨ
ᠭᠢᠷᠢᠨ᠎ᠦ ᠠᠩᠭᠢ ᠲᠤᠰ ᠲᠤᠰ ᠮᠥᠩᠭᠥᠨ ᠮᠧᠳᠠᠯ᠂ ᠬᠦᠷᠡᠯ ᠮᠧᠳᠠᠯ ᠤᠯᠵᠠᠢ᠃
《ᠮᠠᠨ᠎ᠤ ᠪᠦᠯᠬᠦᠮ᠎ᠤᠨ
ᠨᠥᠬᠥᠳ᠎ᠦᠨ ᠬᠢᠷᠢ ᠲᠦᠪᠰᠢᠨ ᠦᠨᠳᠦᠷ᠂ ᠡᠨᠡ ᠡᠳᠦᠷ᠎ᠤᠨ ᠢᠯᠡᠷᠡᠯ ᠴᠦ᠍ ᠮᠠᠰᠢ ᠰᠠᠢᠨ᠂ ᠪᠢ ᠶᠡᠷᠦ ᠨᠢ ᠳᠠᠢᠪᠤᠭᠤᠬᠠᠨ ᠤᠷᠤᠯᠳᠤᠭᠰᠠᠨ》 ᠭᠡᠵᠦ ᠤᠷᠤᠯᠳᠤᠭᠠᠨ᠎ᠤ ᠳᠠᠷᠠᠭ᠎ᠠ ᠶᠠᠩ ᠯᠦᠩ ᠱᠢᠶᠣᠤ
ᠬᠡᠯᠡᠨ᠎ᠠ᠃ ᠯᠢ ᠪᠥᠸᠧ ᠶᠠᠨ᠄《ᠡᠨᠡ ᠡᠳᠦᠷ᠎ᠤᠨ ᠬᠢᠷᠢ ᠪᠦᠲᠦᠮᠵᠢ ᠪᠤᠯ ᠮᠢᠨᠦ ᠬᠠᠮᠤᠭ
ᠰᠠᠢᠨ ᠦᠰᠦᠷᠦᠭᠰᠡᠨ ᠨᠢᠭᠡ ᠤᠳᠠᠭ᠎ᠠ ᠪᠤᠯᠤᠨ᠎ᠠ᠃ ᠡᠨᠡ ᠪᠤᠯ ᠪᠦᠷ ᠪᠦᠯᠬᠦᠮ ᠨᠡᠢᠳᠡ᠎ᠶᠢᠨ ᠬᠦᠴᠦ ᠪᠤᠯᠤᠨ᠎ᠠ》 ᠭᠡᠵᠦ᠍ ᠬᠡᠯᠡᠨ᠎ᠠ᠃ 《ᠪᠢᠳᠡ ᠭᠤᠷᠪᠠᠭᠤᠯᠠ ᠴᠥᠮ ᠤᠷᠢᠳ᠎ᠢᠶᠠᠷ ᠥᠪᠡᠷ᠎ᠤᠨ ᠪᠡᠯᠡᠳᠬᠡᠯ᠎ᠢᠶᠡᠨ
ᠰᠠᠢᠲᠤᠷ ᠬᠢᠵᠦ᠍᠂ ᠤᠷᠤᠯᠳᠤᠭᠠᠨ᠎ᠤ ᠦᠶ᠎ᠡ᠎ᠳᠦ ᠥᠪᠡᠷ᠎ᠦᠨ ᠬᠠᠮᠤᠭ᠎ᠤᠨ ᠰᠠᠢᠨ ᠬᠢᠷᠢ ᠲᠦᠪᠰᠢᠨ ᠵᠢᠡᠨ ᠪᠠᠳᠠᠷᠠᠭᠤᠯᠤᠭ᠍ᠰᠠᠨ》 ᠭᠡᠵᠦ ᠱᠣᠣ ᠴᠢ ᠪᠠᠶᠠᠷᠳᠠᠢᠬᠠᠨ ᠶᠠᠷᠢᠨ᠎ᠠ᠃

ᠪᠡᠯᠡᠳᠭᠡᠯ ᠤᠷᠤᠯᠳᠤᠭᠠᠨ᠎ᠳᠦ᠂ ᠯᠢᠶᠣᠤᠨᠢᠩ᠎ᠤᠨ ᠠᠩᠭᠢ᠎ᠨᠢ
ᠳᠤᠭᠤᠢᠯᠠᠩ ᠳ᠋ᠠᠭᠠᠨ ᠬᠠᠮᠤᠭ ᠦᠨᠳᠦᠷ ᠬᠢᠷᠢ ᠪᠦᠲᠦᠮᠵᠢ ᠪᠡᠷ ᠱᠢᠶ᠋ᠳᠪᠦᠷᠢᠲᠦ ᠤᠷᠤᠯᠳᠤᠭᠠᠨ᠎ᠳᠤ ᠣᠷᠣᠪᠠ᠃ ᠰᠢᠢᠳᠪᠦᠷᠢᠲᠦ
ᠤᠷᠤᠯᠳᠤᠭᠠᠨ᠎ᠳᠤ ᠱᠢᠤᠢ ᠮᠸᠩ ᠲᠤᠤ ᠪᠦᠬᠦ᠌ ᠡᠮᠡᠭᠳᠡᠢ ᠲᠠᠮᠢᠷᠴᠢᠳ᠎ᠤᠨ ᠳᠤᠳᠤᠷ᠎ᠠ ᠬᠠᠮᠤᠭ ᠥᠨᠳᠥᠷ ᠬᠤᠪᠢ ᠤᠯᠤᠭᠰᠠᠨ
ᠪᠣᠯᠪᠠᠴᠤ᠌ ᠵᠢᠶᠠ ᠽᠦᠩ ᠶᠠᠩ᠎ᠤᠨ ᠬᠣᠶᠠᠳᠤᠭᠠᠷ ᠦᠰᠦᠷᠦᠯᠲᠡ ᠪᠣᠯᠤᠨ ᠸᠠᠩ ᠱᠢᠨ ᠳ᠋ᠢᠶᠢᠨ ᠭᠤᠷᠪᠠᠳᠤᠭᠠᠷ ᠦᠰᠦᠷᠦᠯᠲᠡ
ᠴᠥᠮ ᠠᠯᠳᠠᠰᠢ ᠭᠠᠷᠴᠤ᠌᠂ ᠶᠡᠷᠦᠩᠬᠡᠢ ᠬᠤᠪᠢ ᠪᠡᠷ᠎ᠢᠶᠡᠨ ᠦᠪᠦᠷ ᠮᠤᠨᠭᠭᠤᠯ᠎ᠤᠨ ᠠᠩᠬᠢ ᠡᠴᠡ ᠬᠤᠵᠢᠭᠳᠠᠵᠠᠢ᠃
ᠭᠢᠷᠢᠨ᠎ᠦ ᠠᠩᠭᠢ᠎ᠶ᠋ᠢᠨ ᠯᠢ ᠲᠢᠶᠠᠨ ᠮᠠ ᠱᠢᠶ᠋ᠳᠪᠦᠷᠢᠲᠦ
ᠤᠷᠤᠯᠳᠤᠭᠠᠨ᠎ᠤ ᠬᠠᠮᠤᠭ ᠰᠡᠭᠦᠯ᠎ᠦᠨ ᠨᠢᠭᠡ ᠦᠰᠦᠷᠦᠯᠲᠡ ᠳᠤᠮᠳᠠ 5.1000 ᠶ᠋ᠢᠨ ᠬᠦᠴᠢᠷ᠎ᠦᠨ ᠢᠯᠡᠳᠭᠡᠮᠵᠢ᠎ᠲᠠᠢ ᠬᠦᠳᠡᠯᠭᠡᠭᠡᠨ᠎ᠢ
ᠪᠡᠶᠡᠯᠡᠬᠦᠯᠵᠦ ᠪᠦᠬᠦ᠌ ᠲᠠᠯᠠᠪᠠᠢ᠎ᠶ᠋ᠢᠨ ᠬᠠᠮᠤᠭ ᠥᠨᠳᠥᠷ
ᠬᠢᠷᠢ ᠪᠦᠳᠦᠮᠵᠢ ᠪᠤᠯᠬᠤ 130.05
ᠬᠤᠪᠢ ᠣᠯᠤᠭ᠍ᠰᠠᠨ ᠪᠣᠯᠪᠠᠴᠤ᠌
ᠲᠦᠷᠦᠭᠦᠦ ᠬᠣᠶᠠᠷ ᠡᠭᠡᠯᠵᠢᠳᠦ ᠪᠦᠯᠬᠦᠮ᠎ᠤᠨ ᠨᠥᠬᠥᠳ ᠨᠢ ᠠᠯᠳᠠᠰᠢ ᠭᠠᠷᠭᠠᠭᠰᠠᠨ᠎ᠠᠴᠠ ᠪᠣᠯᠵᠤ᠂ ᠭᠢᠷᠢᠨ᠎ᠦ ᠠᠩᠭᠢ
ᠶᠡᠷᠦᠩᠬᠡᠢ ᠬᠢᠷᠢ ᠪᠦᠳᠦᠮᠵᠢ ᠪᠡᠷ᠎ᠢᠶᠡᠨ ᠬᠦᠷᠡᠯ ᠮᠧᠳᠠᠯ ᠤᠯᠪᠠ᠃