ᠯᠢᠶᠠᠩᠴᠧᠩ᠎ᠦᠨ ᠤᠷᠤᠯᠳᠤᠭᠠᠨ᠎ᠤ ᠲᠣᠭᠣᠷᠢᠭ᠎ᠲᠤ 2 ᠠᠯᠲᠠᠨ ᠮᠧᠳᠠᠯ ᠲᠤᠳᠤᠷᠠᠪᠠ
2024-02-26 10:10:01
ᠵᠣᠬᠢᠶᠠᠭ᠍ᠴᠢ᠄
ᠬᠠᠢ ᠵᠢᠶᠦᠢ᠍ᠨ ᠢᠳᠡᠷᠡᠬᠦᠨ ᠰᠠᠨᠰᠠᠷ
ᠣᠩᠱᠢᠭ᠍ᠰᠠᠨ ᠣᠳᠠᠭ᠎ᠠ᠄
★★★☆☆

2 ᠰᠠᠷ᠎ᠠ᠎ᠶ᠋ᠢᠨ 25᠎ᠤ᠋ ᠡᠳᠦᠷ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠡᠪᠦᠯ᠎ᠦᠨ ᠤᠯᠠᠷᠢᠯ᠎ᠤᠨ ᠲᠠᠮᠢᠷ᠎ᠤᠨ ᠴᠤᠭ᠍ᠯᠠᠭᠠᠨ᠎ᠤ ᠬᠡᠭᠡᠷᠠᠯᠠᠨ ᠴᠡᠨᠡᠯᠡᠯᠲᠡ᠎ᠶ᠋ᠢᠨ ᠵᠠᠯᠠᠭᠤᠴᠤᠳ᠎ᠤᠨ ᠳᠤᠭᠤᠢᠯᠠᠩ᠎ᠤᠨ ᠡᠮᠡᠭ᠌ᠲᠡᠢ ᠵᠢᠨ ᠬᠤᠪᠢ ᠬᠥᠮᠦᠨ᠎ᠦ ᠤᠢ᠍ᠢᠷ᠎ᠠ ᠵᠠᠢ︵ᠤᠯᠠᠮᠵᠢᠯᠠᠯᠲᠤ ᠮᠡᠷᠭᠡᠵᠢᠯ︶᠂ ᠡᠷᠡᠭ᠌ᠲᠡᠢ᠎ᠶ᠋ᠢᠨ ᠬᠤᠪᠢ ᠬᠥᠮᠦᠨ᠎ᠦ ᠤᠢ᠍ᠢᠷ᠎ᠠ ᠵᠠᠢ ︵ᠤᠯᠠᠮᠵᠢᠯᠠᠯᠲᠤ ᠮᠡᠷᠭᠡᠵᠢᠯ︶ᠵᠢᠨ ᠤᠷᠤᠯᠳᠤᠭᠠᠨ ᠤᠯᠠᠭᠠᠨᠴᠠᠪ ᠬᠤᠳᠠ᠎ᠶ᠋ᠢᠨ ᠯᠢᠶᠠᠩᠴᠧᠩ᠎ᠦᠨ ᠴᠡᠨᠡᠯᠡᠯᠲᠡ᠎ᠶ᠋ᠢᠨ ᠲᠠᠯᠠᠪᠠᠢ᠎ᠳᠤ ᠶᠠᠪᠤᠭ᠍ᠳᠠᠪᠠ᠃ ᠪᠦᠬᠦ᠌ ᠤᠯᠤᠰ᠎ᠤᠨ ᠡᠯ᠎ᠡ ᠲᠥᠯᠥᠭᠡᠯᠡᠭ᠌ᠴᠢᠳ᠎ᠦᠨ ᠠᠩᠭᠢ᠎ᠶ᠋ᠢᠨ 97 ᠲᠠᠮᠢᠷᠴᠢᠨ ᠡᠨᠡ ᠬᠦ᠌ ᠤᠷᠤᠯᠳᠤᠭᠠᠨ᠎ᠳᠤ ᠤᠷᠤᠯᠴᠠᠪᠠ᠃

ᠬᠢᠷᠢ ᠬᠡᠮ᠎ᠦᠨ ᠤᠷᠤᠯᠳᠤᠭᠠᠨ᠂ ᠲᠦᠷᠪᠡᠨ ᠤ᠋ ᠨᠢᠭᠡ ᠵᠢᠨ ᠱᠢᠶ᠋ᠳᠪᠦᠷᠢᠲᠦ ᠤᠷᠤᠯᠳᠤᠭᠠᠨ᠂ ᠬᠠᠭᠠᠰ ᠱᠢᠶ᠋ᠳᠪᠦᠷᠢᠲᠦ ᠤᠷᠤᠯᠳᠤᠭᠠᠨ᠂ ᠱᠢᠶ᠋ᠳᠪᠦᠷᠢᠲᠦ ᠤᠷᠤᠯᠳᠤᠭᠠᠨ ᠵᠡᠷᠭᠡ ᠭᠣᠭ᠍ᠴᠣᠭ᠎ᠠ᠎ᠶ᠋ᠢᠨ ᠱᠢᠷᠦᠭᠦᠨ ᠥᠷᠢᠰᠥᠯᠳᠦᠭᠡᠨ᠎ᠢᠶᠡᠷ ᠳᠠᠮᠵᠢᠨ᠂ ᠬᠠᠷᠠᠮᠥ᠋ᠷᠡᠨ᠎ᠦ ᠠᠩᠭᠢ ᠨᠢ ᠵᠠᠯᠠᠭᠤᠴᠤᠳ᠎ᠤᠨ ᠳᠤᠭᠤᠢᠯᠠᠩ᠎ᠤᠨ ᠡᠮᠡᠭ᠌ᠲᠡᠶ᠎ᠶ᠋ᠢᠨ ᠬᠤᠪᠢ ᠬᠥᠮᠦᠨ᠎ᠦ ᠤᠢᠷ᠎ᠠ ᠵᠠᠶ︵ᠤᠯᠠᠮᠵᠢᠯᠠᠯᠲᠤ ᠮᠡᠷᠭᠡᠵᠢᠯ︶ ᠶ᠋ᠢᠨ ᠪᠦᠬᠦ᠌ ᠱᠠᠩᠨᠠᠯ᠎ᠤᠨ ᠮᠧᠳᠠᠯ᠎ᠢ ᠤᠯᠵᠤ ᠂ ᠱᠢᠨᠵᠢᠶᠠᠩ᠂ ᠭᠢᠷᠢᠨ᠂ ᠾᠧᠪᠧᠶ᠎ᠶ᠋ᠢᠨ ᠠᠩᠭᠢ ᠲᠤᠰ ᠲᠤᠰ ᠵᠠᠯᠠᠭᠤᠴᠤᠳ᠎ᠤᠨ ᠳᠤᠭᠤᠢᠯᠠᠩ᠎ᠤᠨ ᠡᠷᠡᠭ᠌ᠲᠡᠶ᠎ᠶ᠋ᠢᠨ ᠬᠤᠪᠢ ᠬᠥᠮᠦᠨ᠎ᠦ ᠤᠢᠷ᠎ᠠ ᠵᠠᠶ︵ᠤᠯᠠᠮᠵᠢᠯᠠᠯᠲᠤ ᠮᠡᠷᠭᠡᠵᠢᠯ︶ ᠶ᠋ᠢᠨ ᠠᠯᠲᠠᠨ ᠮᠧᠳᠠᠯ᠂ ᠮᠥᠩᠭᠥᠨ ᠮᠧᠳᠠᠯ ᠂ ᠬᠦᠷᠡᠯ ᠮᠧᠳᠠᠯ ᠢ᠋ ᠲᠤᠰᠴᠠᠢ ᠃

ᠵᠠᠯᠠᠭᠤᠴᠤᠳ᠎ᠤᠨ ᠳᠤᠭᠤᠢᠯᠠᠩ᠎ᠤᠨ ᠡᠮᠡᠭ᠌ᠲᠡᠶ᠎ᠶ᠋ᠢᠨ ᠬᠤᠪᠢ ᠬᠥᠮᠦᠨ᠎ᠦ ᠤᠢᠷ᠎ᠠ ᠵᠠᠶ ︵ᠤᠯᠠᠮᠵᠢᠯᠠᠯᠲᠤ ᠮᠡᠷᠭᠡᠵᠢᠯ︶ ᠶ᠋ᠢᠨ ᠤᠷᠤᠯᠳᠤᠭᠠᠨ᠎ᠳᠤ ᠂ ᠬᠠᠷᠠᠮᠥ᠋ᠷᠡᠨ᠎ᠦ ᠠᠩᠭᠢ᠎ᠶ᠋ᠢᠨ ᠲᠠᠮᠢᠷᠴᠢᠨ ᠵᠢᠨ ᠷᠠᠨ ᠬᠢᠷᠢ ᠬᠡᠮ᠎ᠦᠨ ᠤᠷᠤᠯᠳᠤᠭᠠᠨ᠎ᠠᠴᠠ ᠱᠢᠶ᠋ᠳᠪᠦᠷᠢᠲᠦ ᠤᠷᠤᠯᠳᠤᠭᠠᠨ᠎ᠳᠤ ᠬᠦᠷᠲᠡᠯ᠎ᠡ ᠢᠮᠠᠭ᠍ᠲᠠ ᠲᠦᠷᠦᠬᠦᠯᠡᠵᠤ ᠂ ᠦᠪᠡᠷ ᠤ᠋ᠨ ᠬᠢᠷᠢ ᠲᠦᠪᠰᠢᠨ ᠵᠢᠡᠨ ᠲᠣᠭ᠍ᠲᠠᠭᠤᠨ᠎ᠢᠶᠠᠷ ᠪᠠᠳᠠᠷᠠᠭᠤᠯᠵᠤ᠂ ᠡᠴᠦᠰ᠎ᠲᠡᠬᠡᠨ 3 ᠮᠢᠨᠦ᠋ᠲ 44 ᠰᠧᠺᠦ᠋ᠨ᠋ᠳ᠋ 57᠎ᠶ᠋ᠢᠨ ᠬᠢᠷᠢ ᠪᠦᠲᠦᠮᠵᠢ᠎ᠪᠡᠷ ᠠᠯᠲᠠᠨ ᠮᠧᠳᠠᠯ ᠲᠤᠰᠴᠠᠢ᠃ ᠬᠠᠷᠠᠮᠥ᠋ᠷᠡᠨ᠎ᠦ ᠠᠩᠭᠢ᠎ᠶ᠋ᠢᠨ ᠲᠠᠮᠢᠷᠴᠢᠨ ᠶᠠᠩ ᠹᠠᠨ ᠂ ᠯᠢ ᠵᠢᠶᠧ ᠲᠤᠰ ᠲᠤᠰ ᠮᠥᠩᠭᠥᠨ ᠮᠧᠳᠠᠯ ᠂ ᠬᠦᠷᠡᠯ ᠮᠧᠳᠠᠯ ᠣᠯᠵᠠᠶ᠃

ᠵᠠᠯᠠᠭᠤᠴᠤᠳ᠎ᠤᠨ ᠳᠤᠭᠤᠢᠯᠠᠩ᠎ᠤᠨ ᠡᠷᠡᠭ᠌ᠲᠡᠶ᠎ᠶ᠋ᠢᠨ ᠬᠤᠪᠢ ᠬᠥᠮᠦᠨ᠎ᠦ ᠤᠢᠷ᠎ᠠ ᠵᠠᠶ ︵ᠤᠯᠠᠮᠵᠢᠯᠠᠯᠲᠤ ᠮᠡᠷᠭᠡᠵᠢᠯ︶᠎ᠶ᠋ᠢᠨ ᠤᠷᠤᠯᠳᠤᠭᠠᠨ᠎ᠳᠤ᠂ ᠱᠢᠨᠵᠢᠶᠠᠩ᠎ᠤᠨ ᠠᠩᠭᠢ᠎ᠶ᠋ᠢᠨ ᠲᠠᠮᠢᠷᠴᠢᠨ ᠰᠠᠢ᠌ᠮᠦᠬᠠᠷ·ᠰᠠᠢᠯᠢᠺᠠ ᠯᠠᠪᠳᠠᠭᠤᠨ ᠤᠷᠤᠯᠳᠤᠵᠤ᠂ ᠬᠢᠷᠢ ᠬᠡᠮ᠎ᠦᠨ ᠤᠷᠤᠯᠳᠤᠭᠠᠨ᠎ᠠᠴᠠ ᠱᠢᠶ᠋ᠳᠪᠦᠷᠢᠲᠦ ᠤᠷᠤᠯᠳᠤᠭᠠᠨ ᠬᠦᠷᠲᠡᠯ᠎ᠠ ᠡᠮᠦᠨ᠎ᠡ ᠬᠣᠶᠠᠷ ᠲᠦ᠍ ᠪᠠᠢᠷᠢᠯᠠᠵᠤ᠂ 3 ᠮᠢᠨᠦ᠋ᠲ 21 ᠰᠧᠺᠦ᠋ᠨ᠋ᠳ᠋ 22 ᠎ᠤᠨ ᠬᠢᠷᠢ ᠪᠦᠲᠦᠮᠵᠢ᠎ᠪᠡᠷ ᠠᠯᠲᠠᠨ ᠮᠧᠳᠠᠯ ᠣᠯᠪᠠ᠃ ᠭᠢᠷᠢᠨ᠎ᠦ ᠠᠩᠭᠢ᠎ᠶ᠋ᠢᠨ ᠬᠥ᠋ ᠯᠦᠩ ᠽᠸ ᠷᠧᠨ ᠂ ᠾᠧᠪᠧᠶ᠎ᠶ᠋ᠢᠨ ᠠᠩᠭᠢ᠎ᠶ᠋ᠢᠨ ᠮᠠ ᠳ᠋ᠧ ᠬᠤᠢ ᠲᠤᠰ ᠲᠤᠰ ᠮᠥᠩᠭᠥᠨ ᠮᠧᠳᠠᠯ ᠂ ᠬᠦᠷᠡᠯ ᠮᠧᠳᠠᠯ ᠲᠤᠰᠴᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号