ᠴᠠᠰᠤᠨ᠎ᠤ ᠲᠤᠬᠠᠢ ᠲᠦᠰᠦᠭᠡᠯᠡᠯ
2024-02-07 10:30:26
ᠵᠣᠬᠢᠶᠠᠭ᠍ᠴᠢ᠄
ᠪ᠊·ᠪᠤᠶᠠᠨᠬᠡᠱᠢᠭ
ᠣᠩᠱᠢᠭ᠍ᠰᠠᠨ ᠣᠳᠠᠭ᠎ᠠ᠄
★★★☆☆

ᠠᠩᠬᠠᠨ᠎ᠤ ᠴᠠᠰᠤ ᠵᠢᠯ ᠪᠤᠯᠭᠠᠨ ᠴᠤ᠋ ᠱᠢᠨ᠎ᠡ ᠬᠦᠭ ᠠᠶᠠᠰ᠂ ᠮᠦᠩᠭᠡ᠎ᠶ᠋ᠢᠨ ᠴᠠᠭᠠᠨ ᠦᠩᠭᠡ᠎ᠪᠠᠷ᠎ᠢᠶᠠᠨ ᠪᠡᠶ᠎ᠡ ᠰᠡᠳᠭᠢᠯ᠎ᠢ ᠮᠢᠨᠢ ᠰᠡᠷᠡᠭᠡᠨ ᠳᠤᠯᠠᠢᠯᠭᠠᠳᠠᠭ ᠶᠤᠮ ᠰᠠᠨ᠃

ᠪᠢ 2014 ᠤᠨ᠎ᠤ 2 ᠰᠠᠷ᠎ᠠ᠎ᠶ᠋ᠢᠨ 8᠎ᠤ᠋ ᠡᠳᠦᠷ᠎ᠤᠨ ᠠᠩᠬᠠᠨ᠎ᠤ ᠴᠠᠰᠤᠨ᠎ᠳᠤ ᠵᠤᠷᠢᠭᠤᠯᠵᠦ᠍᠂ 《ᠢᠷᠡᠭᠡᠳᠦᠢ᠎ᠶ᠋ᠢ ᠮᠢᠨᠢ ᠴᠠᠢᠳᠠᠯ᠎ᠠ ᠤᠷᠤᠭ᠍ᠰᠠᠨ ᠶᠤᠮ ᠰᠠᠨ》᠂ 《ᠰᠠᠨᠴᠢᠭ᠎ᠢ ᠮᠢᠨᠢ ᠬᠠᠷᠠᠯᠠᠳᠠᠯ᠎ᠠ ᠤᠷᠤᠭ᠍ᠰᠠᠨ ᠶᠤᠮ ᠰᠠᠨ》 ᠭᠡᠵᠦ᠍ ᠲᠡᠰᠭᠡᠯ ᠦᠭᠡᠢ ᠲᠤᠭ᠍ᠳᠤᠯᠤᠨ ᠪᠢᠴᠢᠭ᠌ᠰᠡᠨ ᠤᠳᠠᠭ᠎ᠠ᠎ᠲᠠᠢ᠃ ᠲᠠᠪᠢ᠎ᠶ᠋ᠢᠨ ᠲᠠᠪᠠᠭ᠎ᠠ᠎ᠶ᠋ᠢ ᠲᠠᠪᠠᠴᠢᠬᠠᠭᠠᠳ ᠴᠦ᠍ ᠭᠡᠰᠡᠨ ᠲᠡᠭᠡᠵᠦ᠍ ᠶᠡᠭᠡ ᠲᠤᠭ᠍ᠳᠤᠯᠤᠨ᠎ᠠ ᠭᠡᠵᠦ᠍᠂ ᠠᠩᠬᠠᠨ᠎ᠤ ᠴᠠᠰᠤᠨ᠎ᠤ ᠷᠢᠳᠢ ᠱᠢᠳᠢ ᠪᠠᠷ ᠯᠡ ᠪᠠᠢᠬ᠎ᠠ ᠡ ᠭᠡᠵᠦ᠍ ᠪᠤᠳᠤᠳᠠᠭ᠃

ᠶᠠᠭ ᠦᠨᠡᠨ᠎ᠢ ᠬᠡᠯᠡᠪᠡᠯ᠂ ᠤᠳᠠᠭ᠎ᠠ ᠪᠤᠯᠭᠠᠨ᠎ᠤ ᠴᠠᠰᠤ᠎ᠶ᠋ᠢ ᠪᠦᠷ ᠠᠩᠬᠠᠨ᠎ᠤ ᠬᠡᠬᠦ᠌᠎ᠳᠤ ᠠᠬ᠍ᠠᠳᠠᠬᠤ᠎ᠪᠠᠷ ᠦᠭᠡᠢ ᠪᠢᠯᠡ᠃ ᠠᠩᠬᠠᠨ᠎ᠤ ᠪᠢᠰᠢ ᠶᠤᠮ ᠪᠤᠯ᠂ ᠴᠠᠭ᠍ᠯᠠᠰᠢ ᠦᠭᠡᠢ ᠠᠷᠢᠭᠤᠨ ᠴᠠᠭᠠᠨ᠎ᠢ᠎ᠨᠢ ᠪᠢᠳᠡ ᠬᠡᠷᠬᠢᠨ ᠲᠠᠢᠯᠪᠤᠷᠢᠯᠠᠬᠤ ᠪᠢᠯᠡ ᠡ᠃ ᠦᠭᠡᠷ᠎ᠡ᠎ᠪᠠᠷ ᠬᠡᠯᠡᠪᠡᠯ᠂ ᠤᠳᠠᠭ᠎ᠠ ᠪᠤᠯᠭᠠᠨ ᠴᠦᠮ ᠠᠩᠬᠠᠨ᠎ᠤ ᠪᠤᠯᠬᠤᠷ᠎ᠢᠶᠠᠨ ᠴᠠᠰᠤ ᠬᠡᠵᠢᠶᠡᠳᠡ ᠠᠷᠢᠭᠤᠨ ᠴᠠᠭᠠᠨ ᠪᠠᠢᠳᠠᠭ ᠰᠠᠨ᠃

ᠪᠠᠢᠭᠠᠯᠢ ᠲᠡᠯᠡᠭᠡᠢ᠎ᠶ᠋ᠢᠨ ᠬᠠᠯᠳᠠᠷ ᠪᠤᠯᠳᠠᠷ᠎ᠢ᠎ᠨᠢ ᠨᠠᠮᠤᠭᠤᠬᠠᠨ ᠲᠠᠷᠤᠵᠦ᠍ ᠡᠩ᠎ᠳᠤᠨᠢ ᠴᠠᠢᠯᠭᠠᠬᠤ ᠪᠦᠭᠡᠳ 《ᠠᠩ ᠴᠠᠪᠠ》 ᠎ᠶ᠋ᠢ᠎ᠨᠢ ᠬᠦᠷᠳᠡᠯ᠎ᠡ ᠠᠶᠠᠳᠠᠢᠬᠠᠨ ᠠᠨᠠᠭᠠᠨ ᠭᠠᠩᠨᠠᠳᠠᠭ ᠪᠤᠯᠬᠤᠷ᠎ᠢᠶᠠᠨ ᠴᠠᠰᠤ ᠰᠠᠢᠬᠠᠨ᠃ ᠬᠠᠯᠳᠠᠷ ᠪᠤᠯᠳᠠᠷ᠂ 《ᠠᠩ ᠴᠠᠪᠠ》᠎ᠶ᠋ᠢ᠎ᠨᠢ ᠵᠦᠭᠡᠷ ᠯᠡ ᠨᠢᠭᠡ ᠳᠦᠷ ᠵᠠᠭᠤᠷ᠎ᠠ ᠬᠤᠴᠢᠵᠦ᠍ ᠬᠠᠯᠬᠠᠯᠠᠭᠠᠳ ᠳᠦᠩᠭᠡᠵᠦ᠍ ᠠᠷᠭᠠᠴᠠᠭᠠᠵᠦ᠍ ᠪᠠᠢᠭ᠎ᠠ ᠪᠢᠰᠢ᠂ ᠬᠠᠷᠢᠨ ᠠᠮᠢᠯᠠᠯ᠎ᠤᠨ ᠱᠢᠮ᠎ᠡ᠎ᠶ᠋ᠢ ᠳᠡᠬᠦᠯᠳᠡᠷ ᠠᠭᠤᠯᠤᠭ᠍ᠰᠠᠨ ᠠᠷᠢᠭᠤᠨ ᠴᠠᠭᠠᠨ᠎ᠢᠶᠠᠷ᠎ᠢᠶᠠᠨ ᠠᠷᠢᠭᠤᠰᠭᠠᠨ ᠪᠠᠯᠠᠯᠵᠦ᠍᠂ ᠱᠢᠨᠡᠭᠡᠨ ᠬᠠᠭᠤᠳᠠᠰᠤ᠎ᠶ᠋ᠢ᠎ᠨᠢ ᠲᠡᠯᠭᠡᠨ ᠨᠡᠭᠡᠭᠡᠭᠡᠳ ᠴᠠᠭᠠᠨ ᠮᠦᠷ᠎ᠲᠠᠢ ᠪᠤᠯᠭᠠᠳᠠᠭ ᠲᠤᠯᠠᠳᠠ᠎ᠪᠠᠨ ᠰᠠᠢᠬᠠᠨ ᠪᠠᠢᠳᠠᠭ᠃

ᠬᠦᠭ ᠱᠤᠤᠬᠢᠶᠠᠨ᠎ᠢ ᠱᠢᠩᠭᠡᠭᠡᠨ ᠨᠠᠮᠳᠠᠭᠤᠯᠵᠦ᠍᠂ ᠶᠢᠷᠲᠢᠨᠴᠦ᠍᠎ᠶ᠋ᠢᠨ ᠤᠴᠢᠷ᠎ᠢ ᠳᠦᠷ ᠵᠠᠭᠤᠷ᠎ᠠ ᠴᠦ᠍ ᠭᠡᠰᠡᠨ ᠰᠡᠷᠭᠡᠭ ᠪᠦᠭᠡᠳ ᠬᠦᠨ ᠮᠡᠳᠡᠷᠡᠬᠦ᠌ ᠪᠤᠯᠤᠮᠵᠢ ᠤᠯᠭᠤᠨ ᠠᠶᠠᠷᠬᠠᠨ ᠤᠷᠤᠳᠠᠭ ᠪᠤᠯᠬᠤᠷ᠎ᠢᠶᠠᠨ ᠴᠠᠰᠤ ᠰᠠᠢᠬᠠᠨ᠃ ᠲᠡᠷᠡ ᠮᠦᠴᠡ᠎ᠳᠤ᠂ ᠬᠠᠶᠠ ᠲᠤᠭᠤᠯᠳᠠᠬᠤ ᠮᠤᠷᠢᠨ᠎ᠤ ᠢᠨᠴᠠᠭᠠᠯᠳᠠ᠂ ᠨᠤᠬᠠᠢ᠎ᠶ᠋ᠢᠨ ᠬᠤᠴᠠᠯᠳᠠ᠂ ᠱᠢᠪᠠᠭᠤᠨ᠎ᠤ ᠵᠢᠷᠭᠢᠯᠳᠡ ᠲᠡᠷᠢᠬᠦᠳᠡᠨ ᠳᠠᠭᠤ ᠠᠨᠢᠷ᠎ᠤᠳ ᠶᠡᠭᠡ ᠯᠡ ᠠᠶᠠᠳᠠᠢᠬᠠᠨ ᠬᠤᠯᠠ ᠰᠤᠨᠤᠰᠳᠠᠬᠤ ᠪᠦᠭᠡᠳ ᠬᠠᠮᠢᠭ᠎ᠠ ᠨᠢᠭᠡ ᠤᠳᠤᠭᠠᠳ᠂ ᠬᠡᠨ ᠨᠢᠭᠡᠨ᠎ᠲᠠᠢ᠎ᠪᠠᠨ ᠠᠭᠤᠯᠵᠠᠵᠦ᠍ ᠤᠴᠠᠷᠠᠮᠠᠷ ᠴᠦ᠍ ᠶᠤᠮ ᠱᠢᠭ᠋ ᠪᠤᠳᠤᠭ᠍ᠳᠠᠭᠤᠯᠤᠨ᠎ᠠ᠃ ᠴᠠᠰᠤ᠎ᠶ᠋ᠢ ᠭᠡᠰᠴᠦ᠍ ᠬᠠᠢᠯᠬᠤ᠎ᠪᠠᠷ᠎ᠨᠢ ᠠᠯᠳᠠᠨ ᠲᠡᠯᠡᠭᠡᠢ ᠠᠬᠢᠭᠠᠳ ᠯᠡ ᠬᠦᠭ᠌ᠵᠢᠨ ᠱᠤᠤᠭᠢᠭᠠᠳ ᠲᠤᠳᠤᠭᠤᠷ ᠭᠠᠳᠠᠭᠤᠷ᠎ᠢᠶᠠᠨ ᠪᠦᠷ ᠲᠤᠯᠬᠢᠶᠠᠯᠠᠨ ᠲᠠᠪᠠᠯᠭᠠᠯᠠᠭᠠᠳ ᠦᠷᠨᠢᠬᠦᠨ ᠬᠦᠭ᠌ᠵᠢᠯᠳᠡᠢ ᠪᠤᠯᠳᠠᠭ ᠵᠢᠮ᠎ᠡ᠎ᠲᠠᠢ᠃

ᠮᠡᠳᠡᠭᠡᠵᠢ᠂ ᠬᠦᠮᠦᠨ᠎ᠤ ᠤᠷᠴᠢᠯᠠᠩ᠎ᠤᠨ ᠴᠠᠰᠤ ᠲᠠᠩᠳᠠ᠎ᠪᠠᠨ ᠨᠠᠮᠤᠭᠤᠬᠠᠨ ᠤᠷᠤᠭᠠᠳ ᠪᠠᠢᠳᠠᠭ ᠪᠢᠰᠢ᠂ ᠬᠠᠶᠠ ᠪᠦᠷ ᠭᠠᠵᠠᠷ ᠲᠡᠭ᠌ᠷᠢ᠎ᠶ᠋ᠢ ᠨᠡᠢᠯᠡᠳᠡᠯ᠎ᠡ᠎ᠨᠢ᠂ ᠭᠠᠯᠪᠠ ᠲᠡᠯᠡᠭᠡᠢ᠎ᠶ᠋ᠢ ᠬᠡᠢᠰᠳᠡᠯ᠎ᠡ᠎ᠨᠢ ᠬᠦᠴᠦᠳᠡᠢ ᠱᠢᠭᠤᠷᠳᠠᠭ ᠪᠢᠯᠡ᠃ ᠬᠡᠳᠦᠢᠪᠡᠷ ᠴᠠᠰᠤᠨ ᠱᠢᠭᠤᠷᠭ᠎ᠠ ᠭᠡᠵᠦ᠍ 《ᠴᠠᠭᠠᠨ ᠵᠤᠳ》 ᠨᠡᠷᠡᠳᠡᠢ ᠪᠤᠯᠪᠠᠴᠦ᠍᠂ ᠶᠠᠭᠤᠨ᠎ᠳᠤ ᠴᠦ᠍ ᠦᠯᠦ᠍ ᠡᠷᠭᠡᠱᠢᠶᠡᠭ᠌ᠳᠡᠬᠦ᠌ ᠠᠤᠭ᠎ᠠ ᠶᠡᠭᠡ ᠬᠦᠴᠦᠨ᠎ᠢ ᠮᠡᠳᠡᠷᠡᠬᠦᠯᠬᠦ᠌ ᠳᠡᠳᠦᠢ ᠦᠭᠡᠢ᠂ ᠭᠡᠷᠡᠯᠳᠦ ᠴᠠᠭᠠᠨ ᠰᠠᠷᠠᠨ᠎ᠢ ᠪᠦᠷ ᠽᠠᠮᠪᠤᠯᠢᠩ᠎ᠤᠨ ᠤᠷᠤᠨ ᠵᠠᠢ᠎ᠳᠤ ᠪᠤᠲᠠᠷᠠᠳᠠᠯ᠎ᠠ᠎ᠨᠢ ᠬᠤᠢᠯᠠᠷᠠᠭᠤᠯᠵᠦ᠍ ᠪᠠᠢᠭ᠎ᠠ ᠱᠢᠭ᠋ ᠷᠤᠮᠠᠨᠲ᠋ᠢᠭ ᠰᠠᠨᠠᠭ᠍ᠳᠠᠭᠤᠯᠬᠤ᠎ᠨᠢ ᠡᠬᠡ ᠪᠠᠢᠭᠠᠯᠢ᠎ᠶ᠋ᠢᠨ ᠭᠠᠢᠬᠠᠮᠱᠢᠭ᠎ᠢ ᠦᠭᠡᠷ᠎ᠡ ᠲᠠᠯ᠎ᠠ᠎ᠠᠴᠠ᠎ᠨᠢ ᠬᠦᠨᠵᠡᠭᠡᠢ ᠮᠡᠳᠡᠷᠡᠬᠦᠯᠳᠡᠭ ᠪᠤᠯᠬᠤᠷ᠎ᠢᠶᠠᠨ ᠪᠠᠰᠠ ᠰᠠᠢᠬᠠᠨ᠃

ᠤᠰᠤᠨ᠎ᠤ ᠬᠡᠯᠪᠡᠷᠢ᠎ᠨᠦᠭᠦᠳ᠎ᠤᠨ ᠲᠤᠮᠳᠠ᠎ᠪᠠᠨ ᠴᠠᠰᠤᠨ᠎ᠤ ᠯᠠᠪᠰᠠ ᠭᠡᠵᠦ᠍ ᠬᠠᠮᠤᠭ᠎ᠤᠨ ᠰᠠᠢᠬᠠᠨ᠎ᠨᠢ᠃ ᠨᠢᠭᠡᠨ ᠱᠢᠯᠦᠭ᠎ᠤᠨ ᠨᠤᠮ᠎ᠢᠶᠠᠨ ᠬᠦᠷᠳᠡᠯ᠎ᠡ ᠪᠢ 《ᠴᠠᠰᠤᠨ᠎ᠤ ᠮᠠᠷᠺ》 ᠭᠡᠵᠦ᠍ ᠨᠡᠷᠡᠯᠡᠭ᠌ᠰᠡᠨ ᠮᠢᠨᠢ ᠡᠢᠮᠦ᠍ ᠤᠴᠢᠷᠳᠠᠢ᠃ ᠴᠠᠭᠠᠰᠤᠨ ᠲᠡᠭᠡᠷ᠎ᠡ ᠪᠢᠴᠢᠵᠦ᠍ ᠲᠤᠭ᠍ᠳᠤᠢ᠎ᠳᠤ ᠬᠢᠭ᠌ᠰᠡᠨ ᠪᠢᠰᠢ᠂ ᠬᠠᠷᠢᠨ ᠪᠤᠯᠤᠷ᠎ᠤᠨ ᠭᠡᠷᠡᠯᠳᠦ ᠮᠠᠷᠺ᠎ᠤᠳ᠎ᠤᠨ ᠳᠤᠲᠤᠷ᠎ᠠ ᠱᠢᠭᠤᠳ ᠪᠢᠴᠢᠭ᠌ᠰᠡᠨ ᠬᠦᠬᠡ ᠲᠡᠭ᠌ᠷᠢ᠎ᠶ᠋ᠢᠨ ᠲᠤᠭ᠎ᠠ ᠲᠤᠮᠰᠢ ᠦᠭᠡᠢ ᠵᠠᠬᠢᠶ᠎ᠠ᠎ᠨᠤᠭᠤᠳ᠎ᠢ ᠡᠬᠦᠯᠡᠨ ᠱᠢᠤᠳᠠᠨ ᠡᠬᠡ ᠭᠠᠵᠠᠷ᠎ᠲᠤ ᠲᠦᠭᠡᠭᠡᠨ ᠰᠠᠴᠤᠳᠠᠭ ᠰᠠᠨ᠃ ᠲᠡᠷᠡ ᠵᠠᠬᠢᠶ᠎ᠠ᠎ᠨᠤᠭᠤᠳ᠎ᠢ᠎ᠨᠢ ᠨᠢᠳᠦᠯᠡᠨ ᠤᠩᠱᠢᠭᠠᠳ ᠴᠡᠭᠡᠵᠢᠯᠡᠨ ᠬᠠᠳᠠᠩᠱᠢᠭᠤᠯᠳᠠᠭ᠎ᠨᠢ ᠡᠪᠡᠰᠦ ᠮᠤᠳᠤᠳ᠂ ᠨᠠᠪᠴᠢ ᠴᠡᠴᠡᠭᠡᠰ ᠁ ᠤᠩᠱᠢᠬᠤ ᠲᠤᠳᠤᠮ᠎ᠨᠢ ᠴᠠᠰᠤ ᠤᠶᠠᠷᠠᠨ ᠬᠠᠢᠯᠤᠨ᠎ᠠ᠃ ᠲᠠᠷᠤᠭ᠍ᠰᠠᠨ ᠴᠠᠰᠤ ᠬᠠᠢᠯᠤᠭᠠᠳ ᠭᠠᠵᠠᠷ ᠡᠷᠢᠶᠡᠨᠳᠦᠬᠦ᠌᠎ᠶ᠋ᠢ 《ᠴᠠᠰᠤ ᠨᠢᠳᠦᠯᠡᠨ᠎ᠡ》 ᠬᠡᠮᠡᠳᠡᠭ᠎ᠨᠢ ᠴᠦ᠍ ᠶᠡᠭᠡ ᠤᠴᠢᠷᠳᠠᠢ ᠰᠠᠨᠠᠭ᠍ᠳᠠᠨᠠᠮ᠃

《ᠴᠠᠰᠤ ᠬᠠᠨᠵᠠᠷᠠᠬᠤ》 ᠭᠡᠰᠡᠨ ᠰᠤᠨᠢᠷᠬᠠᠯᠳᠠᠢ ᠦᠭᠡ ᠪᠤᠢ᠃ 《ᠬᠠᠨᠵᠠᠷᠠᠬᠤ》 ᠭᠡᠳᠡᠭ ᠦᠢᠯᠡ ᠦᠭᠡ᠎ᠨᠢ ᠶᠠᠭᠤᠮᠠᠨ᠎ᠤ ᠤᠶᠤᠳᠠᠯ ᠵᠦᠢᠳᠡᠯ᠎ᠤᠨ ᠵᠠᠳᠠᠷᠠᠬᠤ᠎ᠶ᠋ᠢ ᠬᠡᠯᠡᠳᠡᠭ ᠶᠤᠮ ᠪᠤᠯ᠂ 《ᠴᠠᠰᠤ ᠬᠠᠨᠵᠠᠷᠠᠬᠤ》 ᠎ᠶ᠋ᠢ᠎ᠨᠢ 《ᠪᠢᠳᠡᠬᠦᠦ ᠴᠠᠰᠤ ᠬᠠᠢᠯᠵᠦ᠍ ᠴᠤᠬᠤᠷ ᠪᠤᠯᠵᠦ᠍ ᠡᠬᠢᠯᠡᠬᠦ᠌》 ᠭᠡᠵᠦ᠍ ᠲᠤᠯᠢ ᠪᠢᠴᠢᠭ᠎ᠲᠤ ᠲᠠᠢᠯᠪᠤᠷᠢᠯᠠᠳᠠᠭ ᠪᠢᠯᠡ᠃ ᠬᠠᠨᠵᠠᠷᠠᠬᠤ ᠦᠢᠯᠡ ᠪᠠᠢᠪᠠᠯ ᠯᠠᠪ ᠬᠠᠨᠵᠠᠯᠬᠤ ᠦᠢᠯᠡ ᠴᠦ᠍ ᠪᠠᠢᠨ᠎ᠠ ᠪᠢᠵᠠ ᠡ᠃ ᠨᠠᠷᠠ ᠰᠠᠷᠠ ᠤᠳᠤᠨ᠎ᠤ ᠭᠡᠷᠡᠯ ᠬᠡᠭᠡ᠂ ᠰᠠᠯᠬᠢᠨ᠎ᠤ ᠢᠯᠪᠢᠯᠳᠡ᠂ ᠱᠢᠪᠠᠭᠤᠳ᠎ᠤᠨ ᠬᠤᠱᠢᠭᠤ ᠪᠠ ᠰᠠᠪᠠᠷ᠂ ᠠᠳᠤᠭᠤᠰᠤ ᠠᠮᠢᠳᠠᠳ᠎ᠤᠨ ᠬᠤᠱᠢᠭᠤ ᠬᠢᠭᠡᠳ ᠲᠤᠭᠤᠷᠠᠢ᠂ ᠬᠦᠮᠦᠨ᠎ᠤ ᠮᠦᠷ ᠁ ᠲᠡᠷᠡ ᠴᠦ᠍ ᠪᠠᠢᠳᠤᠭᠠᠢ ᠪᠠᠷᠠᠭᠤᠨ ᠭᠠᠷ᠎ᠤᠨ ᠮᠢᠨᠢ ᠲᠤᠯᠢᠶᠠᠪᠤᠷ ᠬᠤᠷᠤᠭᠤ ᠬᠦᠷᠳᠡᠯ᠎ᠡ ᠴᠠᠰᠤᠨ᠎ᠤ ᠤᠶᠤᠳᠠᠯ ᠵᠦᠢᠳᠡᠯ᠎ᠢ ᠬᠠᠨᠵᠠᠯᠵᠦ᠍ ᠵᠠᠳᠠᠯᠬᠤ ᠦᠢᠯᠡ᠎ᠳᠤ ᠤᠷᠤᠯᠴᠠᠳᠠᠭ ᠪᠦᠯᠦᠭᠡ᠃ ᠲᠡᠭᠡᠭᠡᠳ ᠯᠡ ᠴᠠᠭᠠᠨ᠎ᠠ᠎ᠠᠴᠠ᠎ᠨᠢ ᠴᠠᠰᠤᠨ᠎ᠤ ᠱᠢᠨᠡᠳᠭᠡᠭ᠌ᠰᠡᠨ ᠲᠡᠯᠡᠬᠡᠢ ᠲᠤᠲᠤᠷᠠᠳᠠᠭ ᠰᠠᠨ᠃

ᠠᠩᠬᠠᠨ᠎ᠤ ᠴᠠᠰᠤ᠎ᠨᠢ ᠠᠩᠬᠠᠨ᠎ᠤ ᠬᠠᠢᠷ᠎ᠠ ᠱᠢᠭ᠋ ᠬᠦᠮᠦᠨ᠎ᠤ ᠨᠢᠭᠡ ᠨᠠᠰᠤᠨ᠎ᠤ ᠠᠩᠬᠠᠨ᠎ᠤ ᠲᠤᠬᠢᠶᠠᠯᠳᠤᠯ ᠪᠢᠰᠢ ᠪᠤᠯᠪᠠᠴᠦ᠍᠂ ᠴᠠᠰᠤᠨ᠎ᠤ ᠬᠤᠪᠢ᠎ᠳᠤ ᠨᠢᠭᠡ ᠵᠢᠯ᠎ᠢ ᠨᠢᠭᠡ ᠨᠠᠰᠤ᠎ᠨᠢ ᠭᠡᠬᠦ᠌᠎ᠳᠤ ᠪᠤᠷᠤᠭᠤᠳᠠᠬᠤ ᠦᠭᠡᠢ ᠪᠠᠢᠬ᠎ᠠ ᠡ᠃ ᠶᠠᠭ ᠡᠢᠮᠦ᠍ ᠪᠤᠯᠬᠤᠷ᠎ᠢᠶᠠᠨ ᠬᠦᠮᠦᠨ ᠪᠢᠳᠡ ᠵᠢᠯ ᠪᠦᠷᠢ᠎ᠶ᠋ᠢᠨ ᠠᠩᠬᠠᠨ᠎ᠤ ᠴᠠᠰᠤ᠎ᠶ᠋ᠢ ᠠᠩᠬᠠᠨ᠎ᠤ ᠬᠠᠢᠷ᠎ᠠ᠎ᠪᠠᠨ ᠱᠢᠭ᠋ ᠨᠠᠨᠳᠢᠩᠨᠠᠨ ᠡᠷᠬᠢᠮᠨᠡᠵᠦ᠍᠂ ᠳᠠᠭᠤᠤ ᠱᠢᠯᠦᠭ ᠵᠢᠷᠤᠭ ᠪᠢᠴᠢᠯᠭᠡ᠎ᠪᠠᠷ᠎ᠢᠶᠠᠨ ᠠᠮᠵᠢᠨ ᠳᠡᠮᠳᠡᠭ᠌ᠯᠡᠭᠡᠳ᠂ ᠰᠤᠳᠤᠨ ᠱᠢᠨᠡᠯᠢᠭ ᠮᠡᠳᠡᠷᠡᠮᠵᠢ᠎ᠪᠠᠨ ᠬᠤᠪᠢᠶᠠᠯᠴᠠᠨ ᠦᠢ ᠤᠯᠠᠨ᠎ᠠ ᠳᠠᠭᠤᠷᠢᠰᠭᠠᠳᠠᠭ ᠤᠴᠢᠷᠳᠠᠢ᠃ ᠭᠠᠷ ᠰᠡᠳᠭᠢᠯ᠎ᠤᠨ ᠤᠷ᠎ᠠ ᠪᠠᠨ ᠭᠠᠢᠬᠠᠭᠤᠯᠵᠦ᠍᠂ ᠭᠤᠳᠤᠮᠵᠢᠨ᠎ᠤ ᠦᠨᠴᠦᠭ ᠪᠤᠯᠤᠩ᠂ ᠪᠡᠯᠴᠢᠭᠡᠷ᠎ᠤᠨ ᠵᠠᠬ᠎ᠠ᠂ ᠮᠠᠩᠬᠠᠨ᠎ᠤ ᠤᠷᠤᠢ᠂ ᠡᠰᠡᠬᠦᠯ᠎ᠡ ᠬᠦᠷᠢᠶ᠎ᠡ ᠬᠠᠱᠢᠶᠠᠨ᠎ᠤ ᠪᠠᠨ ᠡᠭᠦᠳᠡᠨ᠎ᠳᠤ ᠁ ᠴᠠᠰᠤᠨ ᠬᠦᠮᠦᠨ ᠤᠷᠠᠯᠠᠨ ᠪᠠᠷᠢᠳᠠᠭ᠎ᠨᠢ ᠴᠦ᠍ ᠪᠤᠢ᠃ ᠴᠠᠰᠤ ᠤᠷᠤᠬᠤ ᠪᠤᠯᠭᠠᠨ ᠶᠠᠮᠠᠷ ᠨᠢᠭᠡᠨ ᠦᠯᠵᠡᠢᠳᠡᠢ ᠰᠠᠢᠬᠠᠨ ᠦᠢᠯᠡ ᠶᠠᠪᠤᠳᠠᠯ᠎ᠢ ᠡᠬᠦᠰᠭᠡᠨ ᠡᠬᠢᠯᠡᠬᠦᠯᠬᠦ᠌ ᠶᠤᠰᠤᠯᠠᠯ᠎ᠤᠨ ᠬᠢᠨᠢ ᠨᠢᠭᠡᠨ ᠠᠭᠤᠯᠭ᠎ᠠ ᠲᠡᠷᠡ ᠪᠠᠢᠬ᠎ᠠ ᠡ᠃

ᠪᠠᠷᠠᠭᠤᠨ ᠭᠠᠷ᠎ᠤᠨ ᠲᠤᠯᠢᠶᠠᠪᠤᠷ ᠬᠤᠷᠤᠭᠤ᠎ᠪᠠᠨ ᠵᠢᠮᠵᠢᠭᠢᠨᠡᠬᠦᠯᠦᠭ᠌ᠰᠡᠭᠡᠷ ᠨᠤᠢᠳᠠᠨ ᠴᠠᠰᠤᠨ ᠲᠡᠭᠡᠷ᠎ᠡ ᠤᠪᠤᠭ ᠨᠡᠷ᠎ᠡ᠎ᠪᠠᠨ ᠪᠢᠴᠢᠬᠦ᠌ ᠰᠠᠢᠬᠠᠨ᠂ ᠬᠠᠢᠷᠠᠳᠠᠢ ᠬᠦᠮᠦᠨ᠎ᠤ᠎ᠪᠠᠨ ᠨᠡᠷ᠎ᠡ᠎ᠶ᠋ᠢ ᠪᠢᠴᠢᠬᠦ᠌ ᠰᠠᠢᠬᠠᠨ᠂ ᠲᠤᠷᠠᠳᠠᠢ ᠦᠭᠡᠰ᠎ᠢᠶᠠᠨ ᠪᠢᠴᠢᠬᠦ᠌ ᠰᠠᠢᠬᠠᠨ᠃ ᠴᠠᠰᠤᠨ᠎ᠤ ᠬᠠᠢᠯᠬᠤ᠎ᠶ᠋ᠢ ᠳᠠᠭᠠᠯᠳᠤᠭᠠᠳ ᠲᠡᠳᠡᠭᠡᠷ ᠦᠰᠦᠭ᠎ᠤᠳ᠎ᠤᠨ᠎ᠢᠶᠠᠨ ᠤᠶᠠᠷᠠᠨ ᠤᠷᠤᠰᠭᠤ᠎ᠶ᠋ᠢ ᠬᠠᠷᠠᠭᠠᠳ ᠪᠠᠢᠬᠤ ᠴᠦ᠍ ᠰᠠᠢᠬᠠᠨ᠃ ᠪᠢᠴᠢᠭ᠌ᠰᠡᠨ ᠦᠰᠦᠭ᠎ᠤᠳ ᠮᠢᠨᠢ ᠭᠠᠵᠠᠷ᠎ᠲᠤ ᠱᠢᠮᠡᠳᠦᠨ᠂ ᠤᠷᠭᠤᠮᠠᠯ᠎ᠤᠨ ᠲᠤᠮᠳᠠᠭᠤᠷ ᠦᠭ᠌ᠰᠦᠨ ᠤᠷᠤᠰᠤᠭᠠᠳ᠂ ᠬᠤᠢᠳᠦᠨ ᠡᠪᠦᠯ ᠠᠬᠢᠭᠠᠳ ᠯᠡ ᠴᠠᠰᠤ ᠬᠤᠪᠢᠯᠤᠨ᠎ᠠ ᠡ ᠭᠡᠵᠦ᠍ ᠤᠷᠭᠤᠭᠤᠯᠤᠨ ᠪᠤᠳᠤᠬᠤ᠎ᠪᠠᠷ ᠨᠡᠩ ᠴᠦ᠍ ᠰᠠᠢᠬᠠᠨ᠃

ᠠᠩᠬᠠᠨ᠎ᠤ ᠴᠠᠰᠤ ᠬᠦᠯᠢᠶᠡᠯᠭᠡᠨ ᠬᠦᠯᠢᠶᠡᠯᠭᠡᠭ᠌ᠰᠡᠭᠡᠷ ᠬᠠᠪᠤᠷ᠎ᠨᠢ ᠲᠦᠩᠭᠡᠵᠦ᠍ ᠤᠷᠤᠳᠠᠭ ᠵᠢᠯ ᠪᠠᠢᠳᠠᠭ᠃ ᠡᠢᠮᠦ᠍ ᠴᠠᠰᠤ ᠦᠭᠡᠢ ᠲᠤᠭᠤᠯᠤᠭ᠍ᠰᠠᠨ ᠡᠪᠦᠯ᠎ᠢ ᠬᠠᠷ᠎ᠠ ᠡᠪᠦᠯ ᠭᠡᠳᠡᠭ᠎ᠨᠢ ᠴᠦ᠍ ᠪᠤᠢ᠃ ᠡᠪᠦᠯ᠎ᠤᠨ ᠲᠡᠭ᠌ᠷᠢ᠎ᠶ᠋ᠢᠨ ᠲᠤᠭᠠᠯᠠᠰᠢ ᠦᠭᠡᠢ ᠤᠯᠠᠨ ᠡᠮᠵᠡᠭ ᠴᠠᠭᠠᠨ ᠮᠡᠳᠡᠷᠡᠮᠵᠢ᠎ᠨᠦᠭᠦᠳ᠎ᠨᠢ — ᠬᠡᠯᠡᠮᠡᠷ ᠬᠡᠯᠡᠮᠡᠷ ᠪᠤᠯᠤᠭᠠᠳ ᠬᠡᠯᠡᠨ᠎ᠤ ᠦᠵᠦᠬᠦᠷ᠎ᠲᠤ ᠪᠦᠮᠪᠦᠭᠡᠨᠡᠵᠦ᠍ ᠪᠠᠢᠳᠠᠭ ᠦᠭᠡ᠎ᠨᠦᠭᠦᠳ ᠱᠢᠭ ᠭᠠᠵᠠᠷ ᠱᠢᠷᠤᠢ᠎ᠠᠴᠠ ᠴᠤᠬᠤᠯᠵᠠᠵᠦ᠍ ᠪᠠᠢᠭ᠎ᠠ ᠨᠢᠯᠬ᠎ᠠ ᠨᠤᠭᠤᠭᠠᠨ ᠲᠡᠭᠡᠷ᠎ᠡ ᠬᠦᠷᠦᠯᠴᠡᠭᠡᠳ ᠤᠳᠠᠯ ᠦᠭᠡᠢ ᠤᠷᠢ ᠢᠯᠴᠢᠨ᠎ᠳᠤᠨᠢ ᠬᠠᠢᠯᠤᠨ ᠤᠶᠠᠷᠠᠵᠦ᠍᠂ ᠭᠠᠵᠠᠷ᠎ᠲᠤ 《ᠦᠨᠳᠦᠰᠦᠯᠡᠨ᠎ᠡ》 ᠭᠡᠵᠦ᠍ ᠶᠠᠭᠤᠳᠠᠢ ᠰᠠᠢᠬᠠᠨ ᠲᠤᠷᠭᠠᠨ ᠭᠱᠠᠨ ᠪᠢᠯᠡ᠃

ᠴᠠᠰᠤ ᠴᠤᠬᠤᠮ ᠤᠭ᠍ᠲᠠᠷᠭᠤᠢ᠎ᠳᠤ ᠬᠡᠷᠬᠢᠨ ᠪᠦᠷᠢᠯᠳᠦᠵᠦ᠍ ᠪᠠᠷᠢᠯᠳᠤᠳᠠᠭ᠎ᠤᠨ ᠲᠤᠬᠠᠢ ᠱᠢᠨᠵᠢᠯᠡᠬᠦ᠌ ᠤᠬᠠᠭᠠᠨ᠎ᠤ ᠲᠠᠢᠯᠪᠤᠷᠢ᠎ᠶ᠋ᠢ ᠪᠢ ᠶᠠᠭᠠᠬᠢᠬᠤ᠎ᠶ᠋ᠢᠨ ᠠᠷᠭ᠎ᠠ ᠦᠭᠡᠢ ᠵᠦᠪ ᠬᠡᠮᠡᠨ ᠬᠦᠯᠢᠶᠡᠨ ᠵᠦᠪᠱᠢᠶᠡᠷᠡᠳᠡᠭ ᠪᠤᠯᠪᠠᠴᠦ᠍᠂ ᠴᠠᠰᠤᠨ᠎ᠤ ᠯᠠᠪᠰᠠ ᠪᠤᠶᠤ ᠴᠠᠰᠤᠨ᠎ᠤ ᠱᠢᠷᠭᠡᠭ᠎ᠢ ᠬᠠᠷᠢᠨ ᠪᠤᠷᠤᠭᠠᠨ᠎ᠤ ᠪᠤᠯᠤᠷ ᠲᠤᠩᠭᠠᠯᠠᠭ ᠦᠷ᠎ᠡ᠎ᠨᠦᠭᠦᠳ ᠡᠬᠡ ᠭᠠᠵᠠᠷ᠎ᠲᠤ ᠰᠠᠴᠤᠭ᠍ᠳᠠᠵᠦ᠍ ᠦᠨᠳᠦᠰᠦᠯᠡᠭᠡᠳ᠂ ᠲᠡᠭ᠌ᠷᠢ ᠦᠭᠡᠳᠡ᠎ᠪᠠᠨ ᠮᠤᠬᠤᠰᠢ ᠦᠭᠡᠢ ᠦᠨᠳᠦᠷ᠎ᠢ ᠲᠡᠮᠡᠴᠡᠨ ᠤᠷᠭᠤᠭ᠍ᠰᠠᠨ᠎ᠤ ᠳ᠋ᠦᠩ᠎ᠳᠤ᠂ ᠦᠯᠦ᠍ ᠦᠵᠡᠭ᠌ᠳᠡᠬᠦ᠌ ᠠᠭᠠᠳ ᠲᠡᠭ᠌ᠷᠢ ᠲᠦᠭᠦᠷᠡᠩ ᠤᠷᠤᠱᠢᠬᠤ ᠴᠡᠩᠬᠡᠷᠭᠡᠨ ᠤᠢ ᠮᠤᠳᠤᠳ᠎ᠤᠨ᠎ᠢᠶᠠᠨ ᠰᠠᠯᠠᠭ᠎ᠠ ᠮᠦᠴᠢᠷ᠎ᠲᠤ ᠭᠠᠭ᠍ᠴᠠ ᠦᠳᠡᠰᠢ᠎ᠶ᠋ᠢᠨ ᠬᠤᠭᠤᠷᠤᠨᠳᠤ᠂ ᠬᠠᠯᠠᠭᠤᠨ ᠬᠦᠢᠳᠡᠨ᠎ᠤ ᠡᠴᠢᠨ᠎ᠡ ᠨᠢᠭᠤᠴᠠᠭᠠᠢ ᠢᠪᠡᠭᠡᠯᠳᠦᠯ᠎ᠢᠶᠠᠷ ᠪᠠᠳᠠᠷᠠᠨ ᠲᠡᠯᠭᠡᠷᠡᠭ᠌ᠰᠡᠨ ᠴᠠᠭᠠᠨ ᠴᠡᠴᠡᠭᠡᠰ ᠬᠡᠮᠡᠨ ᠢᠳᠡᠭᠡᠬᠦ᠌ ᠨᠡᠩ ᠲᠤᠷᠠᠳᠠᠢ᠃ ᠦᠷ᠎ᠡ ᠳ᠋ᠦᠩ᠎ᠤᠨ ᠬᠤᠪᠢ᠎ᠳᠤ᠂ ᠡᠢᠨ ᠬᠦ᠌ ᠲᠦᠰᠦᠭᠡᠯᠡᠬᠦ᠌᠎ᠨᠢ ᠢᠯᠡᠬᠦᠦ ᠲᠠᠢᠳᠭᠤᠷᠠᠯ ᠲᠤᠭ᠍ᠳᠤᠯᠤᠯ ᠲᠠᠢ ᠰᠠᠨᠠᠭ᠍ᠳᠠᠳᠠᠭ ᠪᠤᠯᠪᠠᠴᠦ᠍᠂ ᠲᠠᠢᠳᠭᠤᠷᠠᠶ᠎ᠠ ᠲᠤᠭ᠍ᠳᠤᠯᠤᠶ᠎ᠠ ᠬᠡᠮᠡᠨ ᠵᠤᠷᠢᠭᠤᠳᠠ ᠲᠦᠰᠦᠭᠡᠯᠡᠳᠡᠭ ᠴᠦ᠍ ᠪᠢᠰᠢ᠂ ᠬᠠᠷᠢᠨ ᠴᠠᠰᠤᠨ᠎ᠠᠴᠠ ᠡᠬᠦᠰᠦᠯᠳᠡᠢ 《ᠤᠷᠤᠱᠢᠭ᠍ᠰᠠᠨ》 ᠤᠩᠭᠤᠳ ᠮᠡᠳᠡᠷᠡᠮᠵᠢ᠎ᠳᠡᠭᠡᠨ ᠦᠪᠡᠷ᠎ᠤᠨ ᠡᠷᠭᠡ ᠦᠭᠡᠢ ᠠᠪᠳᠠᠳᠠᠭ᠎ᠢᠶᠠᠷ᠎ᠢᠶᠠᠨ ᠤᠴᠢᠷ ᠪᠢᠳᠡᠬᠦᠯᠢᠭ ᠲᠠᠢᠳᠭᠤᠷᠠᠨ ᠲᠤᠭ᠍ᠳᠤᠯᠳᠠᠭ ᠮᠢᠨᠢ ᠲᠡᠷᠡ ᠰᠠᠨ᠃

ᠶᠠᠫᠤᠨ᠎ᠤ ᠡᠷᠳᠡᠨ᠎ᠤ ᠬᠠᠢᠺᠦ᠋ᠴᠢᠨ ᠡᠸᠨᠥᠮᠤᠲ᠋ᠤ᠋ ᠺᠢᠺᠠᠺᠦ᠋ 《ᠮᠢᠨᠤᠬᠢ ᠶᠤᠮ ᠡ ᠭᠡᠵᠦ᠍ ᠪᠤᠳᠤᠴᠢᠬᠠᠬᠤ᠎ᠪᠠᠷ \ ᠮᠠᠯᠠᠭᠠᠢ᠎ᠶᠢᠨ ᠲᠡᠭᠡᠷ᠎ᠡ ᠴᠠᠰᠤ ᠬᠦᠩᠭᠡᠨ》 ᠭᠡᠵᠦ᠍ ᠪᠢᠴᠢᠭ᠌ᠰᠡᠨ ᠱᠢᠭ᠂ ᠠᠶᠠᠷᠬᠠᠨ ᠬᠠᠶᠠᠯᠠᠬᠤ ᠴᠠᠰᠤᠨ᠎ᠳᠤ ᠶᠠᠪᠤᠬᠤ᠎ᠳᠠᠭᠠᠨ ᠪᠢ ᠴᠦ᠍ ᠭᠡᠰᠡᠨ ᠴᠠᠰᠤ᠎ᠶ᠋ᠢ ᠪᠦᠷ 《ᠮᠢᠨᠤᠬᠢ》 ᠪᠤᠯᠭᠠᠴᠢᠬᠠᠭᠠᠳ᠂ ᠴᠠᠰᠤᠨ᠎ᠤ ᠯᠠᠪᠰᠠ ᠬᠤᠪᠢᠯᠤᠨ ᠬᠦᠩᠭᠡᠷᠡᠴᠢᠭᠡᠭ᠌ᠰᠡᠨ᠂ ᠡᠰᠡᠬᠦᠯ᠎ᠡ ᠴᠠᠰᠤ ᠬᠠᠶᠠᠯᠠᠭ᠍ᠰᠠᠨ ᠠᠭᠠᠷ ᠲᠡᠭ᠌ᠷᠢ᠎ᠶ᠋ᠢᠨ ᠦᠴᠦᠭᠡᠨ ᠨᠢᠭᠡᠨ ᠴᠡᠭ᠎ᠨᠢ ᠪᠤᠯᠴᠢᠬᠠᠭ᠍ᠰᠠᠨ — ᠦᠪᠡᠷ᠎ᠤᠨ ᠡᠷᠭᠡ ᠦᠭᠡᠢ ᠴᠢᠯᠦᠭᠡᠳᠡᠢ ᠬᠦᠪᠳᠡᠭ ᠶᠤᠮ ᠰᠠᠨ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号