ᠨᠠᠮ᠎ᠤᠨ ᠰᠠᠬᠢᠯᠭ᠎ᠠ ᠪᠠᠲᠤ᠎ᠶ᠋ᠢᠨ ᠰᠤᠷᠤᠯᠴᠠᠯᠭ᠎ᠠ ᠬᠥᠮᠦᠵᠢᠯ᠎ᠳᠦ᠂ ᠪᠦᠬᠦ᠌ ᠣᠷᠣᠨ᠎ᠤ ᠡᠯ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ ᠪᠣᠳᠠᠲᠤ ᠪᠠᠢᠳᠠᠯ᠎ᠲᠠᠶ᠎ᠪᠠᠨ ᠤᠶᠠᠯᠳᠤᠭᠤᠯᠤᠨ ᠰᠤᠷᠤᠯᠴᠠᠬᠤ᠎ᠶ᠋ᠢᠨ ᠳᠠᠭᠠᠤ ᠬᠠᠷᠭᠤᠭᠤᠯᠵᠤ᠂ ᠪᠠᠢᠴᠠᠭᠠᠬᠤ᠎ᠶ᠋ᠢᠨ ᠳᠠᠭᠠᠤ ᠴᠡᠭ᠌ᠴᠡᠯᠡᠨ ᠰᠠᠢᠵᠢᠷᠠᠭᠤᠯᠵᠤ᠂ ᠨᠠᠮ᠎ᠤᠨ ᠭᠡᠱᠢᠭᠦᠨ ᠺᠠᠳ᠋ᠷᠴᠤᠳ᠎ᠤᠨ ᠨᠠᠮ᠎ᠤᠨ ᠲᠣᠭ᠍ᠲᠠᠭᠠᠯ ᠨᠠᠮ᠎ᠤᠨ ᠰᠠᠬᠢᠯᠭ᠎ᠠ ᠪᠠᠲᠤ᠎ᠪᠠᠷ ᠦᠵᠡᠯ ᠰᠠᠨᠠᠭ᠎ᠠ ᠪᠠ ᠦᠢᠯᠡ ᠠᠵᠢᠯᠯᠠᠭ᠎ᠠ᠎ᠪᠠᠨ ᠵᠠᠯᠠᠷᠠᠭᠤᠯᠬᠤ᠎ᠶ᠋ᠢ ᠬᠥᠮᠦᠵᠢᠭᠦᠯᠦᠨ ᠵᠢᠯᠣᠭᠣᠳᠴᠤ᠌᠂ ᠮᠡᠳᠡᠬᠦ ᠪᠠ ᠬᠢᠬᠦ᠎ᠵᠢ ᠪᠡᠶᠡᠯᠡᠬᠦᠯᠬᠦ ᠮᠦᠷᠳᠡᠭᠡᠨ ᠬᠤᠷᠢᠭ᠎ᠠ ᠲᠠᠢ ᠪᠠᠢᠬᠤ ᠵᠢ ᠨᠡᠩ ᠪᠡᠶᠡᠯᠡᠬᠦᠯᠵᠦ ᠪᠠᠢᠨ᠎ᠠ᠃
ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠪᠠᠢᠴᠠᠭᠠᠬᠤ ᠬᠣᠷᠢᠶ᠎ᠠ ᠡᠭᠦᠷᠭᠡ ᠬᠠᠷᠢᠭᠤᠴᠠᠯᠭ᠎ᠠ᠎ᠪᠠᠨ ᠢᠳᠡᠪᠬᠢᠲᠡᠢ ᠭᠦᠢᠴᠡᠳᠭᠡᠵᠦ᠍᠂ ᠨᠠᠮ᠎ᠤᠨ ᠰᠠᠬᠢᠯᠭ᠎ᠠ ᠪᠠᠲᠤ᠎ᠶ᠋ᠢᠨ ᠰᠤᠷᠤᠯᠴᠠᠯᠭ᠎ᠠ ᠬᠥᠮᠦᠵᠢᠯ᠎ᠢ ᠥᠷᠨᠢᠭᠦᠯᠵᠦ᠍᠂ ᠬᠡᠯᠪᠡᠷᠢᠴᠢ ᠦᠵᠡᠯ᠎ᠢ ᠴᠡᠭ᠌ᠴᠡᠯᠡᠨ ᠵᠠᠰᠠᠵᠤ ᠦᠨᠳᠦᠰᠦᠨ ᠱᠠᠲᠤᠨ᠎ᠤ ᠳᠠᠷᠤᠭᠠᠰᠤ᠎ᠶ᠋ᠢ ᠬᠥᠩᠭᠡᠷᠡᠭᠦᠯᠵᠤ᠂ ᠤᠯᠠᠨ ᠲᠦᠮᠡᠨ᠎ᠦ ᠳᠡᠷᠭᠡᠳᠡᠬᠢ ᠲᠥᠪ ᠪᠤᠰᠤ ᠰᠤᠷᠲᠠᠯ ᠪᠣᠯᠤᠨ ᠢᠯᠵᠠᠷᠡᠯ᠎ᠦᠨ ᠠᠰᠠᠭᠤᠳᠠᠯ᠎ᠢ ᠴᠡᠭ᠌ᠴᠡᠯᠡᠨ ᠵᠠᠰᠠᠬᠤ᠎ᠶ᠋ᠢ ᠨᠢᠭᠡ ᠴᠤᠬ᠍ᠴᠠᠵᠢᠭᠤᠯᠤᠨ ᠠᠬᠢᠭᠤᠯᠪᠠ᠃ ᠲᠤᠰ ᠬᠣᠷᠢᠶ᠎ᠠ 《ᠪᠠᠢᠴᠠᠭᠠᠬᠤ ᠠᠵᠢᠯ ᠠᠷᠠᠳ᠎ᠤᠨ ᠠᠮᠢᠳᠤᠷᠠᠯ᠎ᠢ ᠬᠠᠮᠠᠭᠠᠯᠠᠬᠤ》᠂ 《ᠪᠠᠢᠴᠠᠭᠠᠬᠤ ᠠᠵᠢᠯ ᠠᠵᠤ ᠠᠬᠤᠢᠯᠠᠯ᠎ᠢ ᠬᠠᠮᠠᠭᠠᠯᠠᠬᠤ 》 ᠵᠡᠷᠭᠡ ᠲᠤᠰᠭᠠᠶ ᠠᠵᠢᠯᠯᠠᠭ᠎ᠠ᠎ᠳᠤ ᠲᠦᠱᠢᠭ᠌ᠯᠡᠨ᠂ ᠡᠷᠬᠡ ᠲᠤᠱᠢᠶᠠᠯ᠎ᠢᠶᠠᠨ ᠠᠱᠢᠭ᠍ᠯᠠᠵᠤ ᠬᠢᠭ᠌ᠰᠡᠨ ᠶᠠᠯᠠᠲᠤ ᠬᠡᠷᠡᠭ᠎ᠢ ᠱᠢᠶ᠋ᠳᠪᠦᠷᠢᠯᠡᠬᠦ᠌᠎ᠶ᠋ᠢ ᠲᠠᠰᠤᠷᠠᠯᠲᠠ ᠦᠭᠡᠶ ᠴᠢᠩᠭᠠᠳᠭᠠᠵᠤ᠂ ᠮᠠᠯᠵᠢᠬᠤ ᠲᠠᠷᠢᠶᠠᠯᠠᠬᠤ ᠣᠷᠣᠨ᠎ᠤ ᠨᠥᠬᠥᠪᠥᠷᠢ ᠮᠥᠩᠭᠥ᠎ᠶ᠋ᠢ ᠮᠡᠬᠡᠯᠡᠨ ᠠᠪᠬᠤ᠂ ᠬᠠᠮᠲᠤ᠎ᠶ᠋ᠢᠨ ᠡᠳ᠋ ᠬᠥᠷᠥᠩᠭᠡ᠎ᠶ᠋ᠢ ᠱᠠᠮᠱᠢᠨ ᠵᠠᠯᠭᠢᠬᠤ ᠵᠢᠴᠢ ᠰᠤᠷᠭᠠᠨ ᠬᠥᠮᠦᠵᠢᠯ᠂ ᠡᠮ ᠡᠮᠨᠡᠯᠭᠡ᠂ ᠲᠠᠷᠢᠶᠠᠯᠠᠩ᠂ ᠵᠠᠰᠠᠮᠠᠯ ᠵᠠᠮ᠎ᠤᠨ ᠢᠨᠵᠧᠨᠧᠷᠢᠩ᠎ᠦᠨ ᠬᠦᠷᠢᠶᠡᠨ᠎ᠳᠡᠬᠢ ᠡᠷᠬᠡ᠎ᠪᠡᠨ ᠠᠱᠢᠭ᠍ᠯᠠᠨ ᠬᠤᠪᠢ᠎ᠪᠠᠨ ᠪᠣᠷᠳᠣᠬᠤ ᠮᠡᠲᠦ᠍᠎ᠶ᠋ᠢᠨ ᠡᠷᠡᠭᠦᠦ᠍᠎ᠶ᠋ᠢᠨ ᠶᠠᠯᠠᠲᠤ ᠠᠵᠢᠯᠯᠠᠭ᠎ᠠ᠎ᠳᠤ ᠴᠢᠩᠭ᠎ᠠ ᠴᠣᠬᠢᠯᠲᠠ ᠥᠭ᠌ᠴᠤ ᠪᠠᠢᠨ᠎ᠠ;《ᠤᠯᠠᠨ ᠲᠦᠮᠡᠨ᠎ᠦ ᠳᠡᠷᠭᠡᠳᠡᠬᠢ ᠪᠠᠭ᠎ᠠ ᠬᠡᠷᠡᠭ᠎ᠢ ᠰᠡᠳᠭᠢᠯ ᠲᠠᠯᠪᠢᠨ ᠬᠠᠢᠷ᠎ᠠ ᠰᠡᠳᠭᠢᠯᠭᠡ᠎ᠲᠡᠶ᠎ᠪᠡᠷ ᠰᠠᠢᠲᠤᠷ ᠱᠢᠢᠳᠪᠦᠷᠢᠯᠡᠬᠦ᠌》ᠲᠠᠯ᠎ᠠ᠎ᠪᠠᠷ ᠬᠦᠴᠦᠯᠡᠵᠦ᠍᠂ ᠴᠠᠬᠢᠯᠭᠠᠨ ᠬᠣᠯᠪᠣᠭ᠎ᠠ ᠰᠦᠯᠵᠢᠶᠡᠨ᠎ᠦ ᠮᠡᠬᠡᠯᠡᠯ᠎ᠦᠨ ᠶᠠᠯᠠᠲᠤ ᠠᠵᠢᠯᠯᠠᠭ᠎ᠠ᠂ ᠦᠢᠯᠡᠳᠪᠦᠷᠢᠯᠡᠯ᠎ᠦᠨ ᠠᠮᠤᠷ ᠲᠦᠪᠱᠢᠨ᠎ᠳᠦ ᠬᠣᠣᠷ ᠬᠥᠨᠥᠭᠡᠯ ᠤᠴᠠᠷᠠᠭᠤᠯᠤᠭ᠍ᠰᠠᠨ ᠶᠠᠯᠠᠲᠤ ᠠᠵᠢᠯᠯᠠᠭ᠎ᠠ᠂ ᠤᠯᠠᠨ ᠨᠡᠢᠲᠡ᠎ᠶ᠋ᠢᠨ ᠬᠠᠳᠠᠭᠠᠯᠠᠮᠵᠢ᠎ᠶ᠋ᠢ ᠬᠠᠤᠯᠢ ᠪᠤᠰᠤ᠎ᠪᠠᠷ ᠬᠤᠷᠠᠮᠳᠤᠭᠤᠯᠬᠤ᠂ ᠪᠡᠯᠡ ᠮᠥᠩᠭᠥ᠌ ᠴᠤᠭ᠍ᠯᠠᠭᠤᠯᠵᠤ ᠮᠡᠬᠡᠯᠡᠭ᠌ᠰᠡᠨ ᠵᠡᠷᠭᠡ ᠤᠯᠠᠨ ᠲᠦᠮᠡᠨ᠎ᠳᠦ ᠬᠣᠯᠪᠣᠭ᠍ᠳᠠᠬᠰᠠᠨ ᠶᠠᠯᠠᠲᠤ ᠠᠵᠢᠯᠯᠠᠭ᠎ᠠ᠎ᠳᠤ ᠴᠢᠩᠭ᠎ᠠ ᠴᠣᠬᠢᠯᠲᠠ ᠥᠭ᠌ᠴᠤ ᠪᠠᠢᠨ᠎ᠠ; ᠬᠥᠳᠡᠯᠮᠦᠷᠢᠴᠢᠳ᠎ᠦᠨ 《ᠬᠥᠯᠥᠰᠥ᠍ ᠣᠯᠭᠣᠮᠵᠢ᠎ᠶ᠋ᠢᠨ ᠲᠥᠯᠥᠭᠡ ᠵᠤᠪᠠᠨᠢᠵᠤ ᠪᠠᠢᠭ᠎ᠠ》ᠠᠰᠠᠭᠤᠳᠠᠯ᠎ᠢ ᠢᠳᠡᠪᠬᠢᠲᠡᠢ ᠱᠢᠢᠳᠪᠦᠷᠢᠯᠡᠵᠦ᠍᠂ ᠬᠥᠯᠥᠰᠥᠨ ᠠᠵᠢᠯᠴᠢᠨ᠎ᠤ ᠴᠠᠯᠢᠩ ᠥᠷᠢᠲᠦᠵᠦ ᠪᠠᠢᠭ᠎ᠠ ᠨᠢᠭᠡᠴᠢ᠎ᠶ᠋ᠢ ᠵᠠᠭᠠᠯᠳᠤᠬᠤ᠎ᠶ᠋ᠢ ᠳᠡᠮᠵᠢᠵᠦ᠍᠂ ᠬᠥᠳᠡᠯᠮᠦᠷᠢ᠎ᠶ᠋ᠢᠨ ᠬᠥᠯᠥᠰᠥ᠍ ᠣᠯᠭᠣᠮᠵᠢ ᠥᠭ᠌ᠬᠦ᠎ᠶ᠋ᠢ ᠲᠡᠪᠴᠢᠭ᠌ᠰᠡᠨ ᠶᠠᠯᠠᠲᠤ ᠠᠵᠢᠯᠯᠠᠭ᠎ᠠ᠎ᠳᠤ ᠴᠢᠩᠭ᠎ᠠ ᠴᠣᠬᠢᠯᠲᠠ ᠥᠭ᠌ᠴᠤ ᠪᠠᠢᠨ᠎ᠠ; ᠪᠠᠢᠴᠠᠭᠠᠬᠤ ᠪᠠᠢᠭᠤᠯᠭ᠎ᠠ᠎ᠶ᠋ᠢᠨ 《ᠠᠵᠤ ᠠᠬᠤᠢᠯᠠᠯ᠎ᠢ ᠬᠠᠮᠠᠭᠠᠯᠠᠬᠤ ᠲᠠᠪᠤᠨ ᠠᠷᠭ᠎ᠠ》᠎ᠪᠠᠷ ᠬᠠᠤᠯᠢᠵᠢᠯᠳᠠ ᠵᠢᠨ ᠬᠤᠳᠠᠯᠳᠤᠭ᠎ᠠ ᠡᠷᠬᠢᠯᠡᠬᠦ ᠣᠷᠴᠢᠨ ᠨᠥᠬᠥᠴᠡᠯ᠎ᠢ ᠪᠣᠶ ᠪᠣᠯᠭᠠᠬᠤ᠎ᠳᠤ ᠬᠦᠴᠦᠨ ᠨᠡᠮᠡᠷᠢᠯᠡᠵᠦ ᠪᠠᠢᠨ᠎ᠠ᠃
ᠥᠪᠡᠷᠲᠡᠭᠡᠨ ᠵᠠᠰᠠᠬᠤ ᠣᠷᠣᠨ᠎ᠤ ᠡᠷᠡᠭᠦᠯ ᠬᠠᠮᠠᠭᠠᠯᠠᠯ ᠡᠷᠡᠭᠦᠯ ᠮᠡᠨᠳᠦ᠍᠎ᠶ᠋ᠢᠨ ᠵᠥᠪᠯᠡᠯ ᠨᠠᠮ᠎ᠤᠨ ᠰᠠᠬᠢᠯᠭ᠎ᠠ ᠪᠠᠲᠤ᠎ᠶ᠋ᠢᠨ ᠰᠤᠷᠤᠯᠴᠠᠯᠭ᠎ᠠ ᠬᠥᠮᠦᠵᠢᠯ᠎ᠢ ᠭᠦᠨᠵᠡᠭᠡᠶ ᠠᠬᠢᠭᠤᠯᠵᠤ᠂ ᠶᠤᠰᠤ ᠲᠦᠷᠢᠮ ᠰᠠᠬᠢᠯᠭ᠎ᠠ ᠪᠠᠲᠤ᠎ᠶ᠋ᠢ ᠵᠢᠷᠤᠮᠯᠠᠬᠤ ᠪᠠ ᠲᠤᠱᠢᠶᠠᠯ ᠬᠠᠷᠢᠭᠤᠴᠠᠯᠭ᠎ᠠ᠎ᠪᠠᠨ ᠭᠦᠶ᠋ᠴᠡᠳᠭᠡᠬᠦ᠌᠎ᠶ᠋ᠢ ᠵᠡᠷᠭᠡ᠎ᠪᠡᠷ ᠬᠦᠴᠦᠯᠡᠬᠦ᠌᠎ᠶ᠋ᠢ ᠪᠠᠷᠢᠮᠲᠠᠯᠠᠵᠤ᠂ ᠱᠢᠰᠲ᠋ᠧᠮ᠎ᠦᠨ ᠳᠣᠲᠣᠷᠠᠬᠢ ᠡᠯ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ ᠲᠤᠰᠭᠠᠶ ᠰᠡᠳᠦᠪᠲᠦ ᠨᠣᠮ ᠤᠩᠱᠢᠬᠤ ᠠᠩᠭᠢ ᠡᠷᠭᠢᠯᠡᠬᠦ᠌᠂ ᠰᠤᠷᠤᠯᠴᠠᠵᠤ ᠰᠤᠳᠤᠯᠤᠨ ᠶᠠᠷᠢᠯᠴᠠᠬᠤ᠂ ᠭᠤᠤᠯ ᠰᠡᠳᠦᠪᠲᠦ ᠨᠠᠮ᠎ᠤᠨ ᠡᠳᠦᠷ᠎ᠦᠨ ᠠᠵᠢᠯᠯᠠᠭ᠎ᠠ ᠥᠷᠨᠢᠭᠦᠯᠬᠦ᠌ ᠵᠡᠷᠭᠡ᠎ᠪᠡᠷ ᠳᠠᠮᠵᠢᠭᠤᠯᠤᠨ᠂ ᠨᠠᠮ᠎ᠤᠨ ᠰᠠᠬᠢᠯᠭ᠎ᠠ ᠪᠠᠲᠤ᠎ᠶ᠋ᠢᠨ ᠰᠤᠷᠤᠯᠴᠠᠯᠭ᠎ᠠ ᠬᠥᠮᠦᠵᠢᠯ᠎ᠦᠨ ᠦᠷ᠎ᠡ ᠪᠦᠲᠦᠭᠡᠯ᠎ᠢ ᠬᠥᠭ᠌ᠵᠢᠯᠲᠡ᠎ᠶ᠋ᠢ ᠠᠬᠢᠭᠤᠯᠬᠤ᠂ ᠣᠯᠠᠨ ᠲᠦᠮᠡᠨ᠎ᠳᠦ ᠦᠶ᠋ᠯᠡᠴᠢᠯᠡᠬᠦ᠌ ᠪᠣᠳᠠᠲᠤ ᠦᠷ᠎ᠡ ᠪᠦᠲᠦᠮᠵᠢ ᠪᠣᠯᠭᠠᠨ ᠬᠤᠪᠢᠷᠠᠭᠤᠯᠪᠠ᠃ ᠲᠤᠰ ᠵᠥᠪᠯᠡᠯ ᠡᠴᠡ《ᠵᠠᠩᠭᠢᠯᠠᠭ᠎ᠠ᠎ᠶ᠋ᠢᠨ ᠴᠥᠭᠡᠨ ᠲᠣᠭᠠᠲᠠᠨ》᠂ 《ᠵᠠᠩᠭᠢᠯᠠᠭ᠎ᠠ᠎ᠶ᠋ᠢᠨ ᠠᠵᠢᠯ᠎ᠤᠨ ᠪᠠᠢᠷᠢ》 ᠵᠢᠨ ᠬᠥᠮᠦᠰ᠎ᠢ ᠵᠣᠬᠢᠶᠠᠨ ᠪᠠᠢᠭᠤᠯᠤᠨ ᠰᠡᠷᠡᠮᠵᠢᠯᠡᠭᠦᠯᠬᠦ᠌ ᠬᠥᠮᠦᠵᠢᠯ᠎ᠦᠨ ᠹᠢᠯᠢᠮ᠎ᠢ ᠦᠵᠡᠭᠦᠯᠵᠦ᠍᠂ ᠥᠷᠭᠡᠨ ᠤᠯᠠᠨ ᠨᠠᠮ᠎ᠤᠨ ᠭᠡᠱᠢᠭᠦᠨ ᠺᠠᠳ᠋ᠷᠴᠤᠳ᠎ᠢ ᠬᠦᠳᠦᠯᠥᠨ ᠳᠠᠭᠠᠭᠤᠯᠵᠤ ᠰᠡᠷᠡᠮᠵᠢᠯᠡᠭᠦᠯᠦᠯ ᠬᠦᠷᠲᠡᠭᠡᠵᠦ᠍᠂ ᠬᠣᠷᠢᠭ᠎ᠠ ᠱᠤᠭᠤᠮ᠎ᠢ ᠲᠣᠳᠣᠷᠬᠠᠢᠯᠠᠵᠠᠢ;《ᠤᠳᠠᠭᠠᠨ ᠪᠦᠳᠦᠭᠦᠯᠢᠭ ᠬᠡᠢᠰᠪᠦᠷᠢ ᠪᠠᠢᠬᠤ》᠂ ᠬᠠᠷᠢᠭᠤᠴᠠᠯᠭ᠎ᠠ ᠡᠭᠦᠷᠭᠡᠯᠡᠬᠦ᠌ ᠦᠭᠡᠢ ᠠᠵᠢᠯ ᠬᠢᠬᠦ᠌ ᠦᠭᠡᠢ ᠵᠡᠷᠭᠡ ᠠᠰᠠᠭᠤᠳᠠᠯ᠎ᠳᠤ ᠴᠢᠭ᠌ᠯᠡᠭᠦᠯᠦᠨ᠂ ᠬᠣᠯᠪᠣᠭ᠍ᠳᠠᠯ ᠪᠦᠬᠦᠢ ᠬᠥᠮᠦᠰ ᠲᠦ᠍ ᠰᠠᠨᠠᠭᠤᠯᠤᠨ ᠪᠤᠯᠵᠤᠨ ᠶᠠᠷᠢᠯᠴᠠᠵᠤ᠂ ᠱᠢᠭᠦᠮᠵᠢᠯᠡᠨ ᠬᠦᠮᠦᠵᠢᠯ ᠬᠦᠷᠳᠡᠬᠡᠪᠡ᠃ ᠡᠭᠦᠨ᠎ᠦ ᠬᠠᠮᠲᠤ᠂ ᠨᠠᠮ᠎ᠤᠨ ᠰᠠᠬᠢᠯᠭ᠎ᠠ ᠪᠠᠲᠤ᠎ᠶ᠋ᠢᠨ ᠰᠤᠷᠤᠯᠴᠠᠯᠭ᠎ᠠ ᠬᠥᠮᠦᠵᠢᠯ᠎ᠢ ᠣᠯᠠᠨ ᠲᠦᠮᠡᠨ᠎ᠦ ᠳᠡᠷᠭᠡᠳᠡᠬᠢ ᠲᠥᠪ ᠪᠤᠰᠤ ᠰᠤᠷᠲᠠᠯ ᠪᠠ ᠢᠯᠵᠠᠷᠠᠯ᠎ᠤᠨ ᠠᠰᠠᠭᠤᠳᠠᠯ᠂ ᠡᠮ ᠡᠮᠨᠡᠯᠭᠡ᠎ᠶ᠋ᠢᠨ ᠬᠦᠷᠢᠶᠡᠨ᠎ᠳᠡᠬᠢ ᠢᠯᠵᠠᠷᠠᠯ᠎ᠤᠨ ᠠᠰᠠᠭᠤᠳᠠᠯ᠎ᠢ ᠲᠥᠪᠯᠡᠷᠡᠭᠦᠯᠦᠨ ᠴᠡᠭ᠌ᠴᠡᠯᠡᠨ ᠵᠠᠰᠠᠬᠤ᠂ ᠲᠣᠮᠣ ᠬᠡᠯᠪᠡᠷᠢ᠎ᠶ᠋ᠢᠨ ᠡᠮᠨᠡᠯᠭᠡ᠎ᠶ᠋ᠢᠨ ᠬᠣᠷᠢᠶ᠎ᠠ᠎ᠶ᠋ᠢ ᠲᠣᠭᠣᠷᠢᠨ ᠪᠠᠢᠴᠠᠭᠠᠬᠤ ᠵᠡᠷᠭᠡ ᠠᠵᠢᠯ᠎ᠲᠠᠶ ᠣᠷᠭᠠᠨᠢᠭ᠎ᠢᠶᠠᠷ ᠤᠶᠠᠯᠳᠤᠭᠤᠯᠤᠨ᠂ ᠨᠢᠭᠡ ᠴᠤᠭ᠍ᠴᠠᠵᠢᠭᠤᠯᠤᠨ ᠠᠬᠢᠭᠤᠯᠵᠤ᠂ ᠡᠮ ᠡᠮᠨᠡᠯᠭᠡ᠎ᠶ᠋ᠢᠨ ᠬᠦᠷᠢᠶᠡᠨ᠎ᠳᠡᠬᠢ ᠢᠯᠵᠠᠷᠠᠯ᠎ᠤᠨ ᠠᠰᠠᠭᠤᠳᠠᠯ᠎ᠢ ᠲᠥᠪᠯᠡᠷᠡᠭᠦᠯᠦᠨ ᠴᠡᠭ᠌ᠴᠡᠯᠡᠨ ᠵᠠᠰᠠᠬᠤ ᠠᠵᠢᠯ᠎ᠤᠨ ᠳᠤᠮᠳᠠ ᠣᠯᠠᠨ ᠲᠦᠮᠡᠨ᠎ᠦ ᠳᠡᠷᠭᠡᠳᠡᠬᠢ ᠠᠰᠠᠭᠤᠳᠠᠯ᠎ᠳᠤ ᠬᠣᠯᠪᠣᠭ᠍ᠳᠠᠭ᠍ᠰᠠᠨ ᠰᠦᠪᠡᠭ᠌ᠴᠢ᠎ᠶ᠋ᠢ ᠱᠢᠶ᠋ᠳᠪᠦᠷᠢᠯᠡᠵᠦ᠍ ᠳᠠᠭᠤᠰᠭᠠᠬᠰᠠᠨ ᠨᠣᠷᠮ᠎ᠠ᠎ᠶ᠋ᠢ 90% ᠡᠴᠡ ᠳᠡᠭᠡᠭ᠌ᠰᠢ᠎ᠳᠦ ᠬᠦᠷᠭᠡᠪᠡ᠃
ᠤᠯᠠᠭᠠᠨᠴᠠᠪ ᠬᠤᠳᠠ ᠡᠭᠦᠷᠭᠡ᠎ᠶ᠋ᠢ ᠬᠠᠮᠲᠤ᠎ᠪᠠᠷ ᠠᠳᠭᠤᠬᠤ᠂ ᠮᠡᠳᠡᠭᠡ ᠵᠠᠩᠭᠢ᠎ᠶ᠋ᠢ ᠬᠠᠮᠲᠤ᠎ᠪᠠᠷ ᠡᠳ᠋ᠯᠡᠬᠦ᠌᠂ ᠦᠷ᠎ᠡ ᠪᠦᠲᠦᠭᠡᠯ᠎ᠢ ᠬᠠᠮᠲᠤ᠎ᠪᠠᠷ ᠬᠡᠷᠡᠭ᠌ᠯᠡᠬᠦ᠌᠎ᠶ᠋ᠢ ᠪᠠᠷᠢᠮᠲᠠᠯᠠᠵᠤ᠂ ᠨᠠᠮ᠎ᠤᠨ ᠰᠠᠬᠢᠯᠭ᠎ᠠ ᠪᠠᠲᠤ᠎ᠶ᠋ᠢᠨ ᠰᠤᠷᠤᠯᠴᠠᠯᠭ᠎ᠠ ᠬᠥᠮᠦᠵᠢᠯ᠎ᠢ ᠨᠢᠭᠡ ᠴᠤᠬ᠍ᠴᠠᠵᠢᠭᠤᠯᠤᠨ ᠠᠬᠢᠭᠤᠯᠬᠤ᠂ ᠬᠡᠯᠪᠡᠷᠢᠴᠢ ᠦᠵᠡᠯ᠎ᠢ ᠴᠡᠭ᠌ᠴᠡᠯᠡᠨ ᠵᠠᠰᠠᠵᠤ ᠦᠨᠳᠦᠰᠦᠨ ᠱᠠᠲᠤᠨ᠎ᠤ ᠳᠠᠷᠤᠭᠠᠰᠤ᠎ᠶ᠋ᠢ ᠬᠥᠩᠭᠡᠷᠡᠭᠦᠯᠬᠦ᠌᠂ ᠤᠯᠠᠨ ᠲᠦᠮᠡᠨ᠎ᠦ ᠳᠡᠷᠭᠡᠳᠡᠬᠢ ᠲᠥᠪ ᠪᠤᠰᠤ ᠰᠤᠷᠲᠠᠯ ᠪᠣᠯᠤᠨ ᠢᠯᠵᠠᠷᠠᠯ᠎ᠤᠨ ᠠᠰᠠᠭᠤᠳᠠᠯ᠎ᠢ ᠴᠡᠭ᠌ᠴᠡᠯᠡᠨ ᠵᠠᠰᠠᠬᠤ ᠭᠤᠷᠪᠠᠨ ᠵᠦᠢᠯ᠎ᠦᠨ ᠠᠵᠢᠯ᠎ᠢ ᠨᠢᠭᠡ ᠴᠤᠬ᠍ᠴᠠᠵᠢᠭᠤᠯᠤᠨ ᠠᠬᠢᠭᠤᠯᠪᠠ᠃ ᠡᠯ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ ᠨᠡᠢᠲᠡᠯᠢᠭ ᠬᠡᠷᠡᠭ᠎ᠦᠨ ᠵᠢᠱ᠌ᠢᠶ᠎ᠡ᠎ᠶ᠋ᠢ ᠪᠠᠢ᠌ᠩᠭᠤ ᠵᠠᠷᠯᠠᠨ ᠮᠡᠳᠡᠭ᠌ᠳᠡᠬᠦ᠌ ᠲᠣᠭ᠍ᠲᠠᠴᠠ᠎ᠶ᠋ᠢ ᠪᠠᠢᠭᠤᠯᠬᠤ ᠵᠡᠷᠭᠡ ᠠᠷᠭ᠎ᠠ ᠬᠡᠮᠵᠢᠶ᠎ᠡ ᠠᠪᠬᠤ᠎ᠪᠡᠷ ᠳᠠᠮᠵᠢᠭᠤᠯᠤᠨ᠂ ᠨᠠᠮ᠎ᠤᠨ ᠭᠡᠱᠢᠭᠦᠨ ᠺᠠᠳ᠋ᠷᠴᠤᠳ᠎ᠢ ᠬᠥᠮᠦᠵᠢᠭᠦᠯᠵᠦ᠍ ᠬᠥᠲᠥᠯᠥᠨ ᠵᠢᠯᠣᠭᠣᠳᠴᠤ᠌ ᠶᠠᠭᠤ᠎ᠶ᠋ᠢ ᠬᠢᠵᠦ᠍ ᠳᠡᠢᠯᠬᠦ᠌᠂ ᠶᠠᠭᠤ᠎ᠶ᠋ᠢ ᠬᠢᠵᠦ᠍ ᠥᠯᠥ᠍ ᠪᠣᠯᠬᠤ᠎ᠶ᠋ᠢ ᠲᠣᠳᠣᠷᠬᠠᠶ ᠮᠡᠳᠡᠭᠦᠯᠪᠡ᠃ ᠡᠭᠦᠨ᠎ᠦ ᠬᠠᠮᠲᠤ᠂ ᠦᠨᠳᠦᠰᠦᠨ ᠱᠠᠲᠤᠨ᠎ᠤ ᠺᠠᠳ᠋ᠷ ᠤᠯᠠᠨ ᠲᠦᠮᠡᠨ᠎ᠦ ᠳᠤᠷ᠎ᠠ ᠦᠭᠡᠢᠴᠡᠵᠦ ᠪᠠᠢᠭ᠎ᠠ ᠲᠤᠪᠤᠢ᠌ᠮ᠎ᠠ ᠠᠰᠠᠭᠤᠳᠠᠯ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠬᠤᠳᠠ᠎ᠶ᠋ᠢᠨ ᠨᠠᠮ᠎ᠤᠨ ᠬᠤᠷᠢᠶ᠎ᠠ ᠵᠢᠨ ᠱᠦᠵᠢ ᠲᠦᠷᠦᠭᠦᠯᠡᠨ ᠳᠠᠭᠠᠭᠠᠴᠢᠯᠠᠵᠤ ᠬᠣᠯᠪᠣᠭᠠᠯᠠᠨ ᠠᠬᠢᠭᠤᠯᠵᠤ᠂ 18 ᠪᠦᠷᠢᠯᠳᠦᠬᠦᠨ ᠨᠢᠭᠡᠴᠢ ᠬᠦᠴᠦ᠍᠎ᠪᠡᠨ ᠬᠠᠮᠲᠤᠳᠭᠠᠨ ᠬᠠᠮᠵᠢᠯᠴᠠᠵᠤ᠂ ᠠᠵᠢᠯ᠎ᠤᠨ ᠲᠣᠭ᠍ᠲᠠᠴᠠ᠎ᠪᠠᠨ ᠪᠦᠷᠢᠨᠱᠢᠬᠦᠯᠵᠥ᠍᠂ ᠤᠷᠢᠳ ᠬᠣᠵᠢᠳ ᠵᠢᠨᠢᠩ ᠲᠣᠭᠣᠷᠢᠭ᠎ᠤᠨ ᠬ᠍ᠤ᠌ ᠱᠠᠨ ᠵᠡᠭᠡᠯᠢ ᠭᠤᠳᠤᠮᠵᠢ᠎ᠶ᠋ᠢᠨ ᠵᠢᠶᠠ ᠶᠤᠸᠠᠨ ᠨᠡᠢᠭᠡᠮ ᠲᠣᠭᠣᠷᠢᠭ ᠵᠡᠷᠭᠡ 12 ᠨᠡᠢᠭᠡᠮ ᠲᠣᠭᠣᠷᠢᠭ᠎ᠲᠤ ᠭᠦᠨᠵᠡᠭᠡᠢᠷᠡᠨ 《ᠪᠢᠯᠵᠤᠤᠬᠠᠢ ᠲᠤᠶᠠᠴᠢᠬᠤ ᠮᠠᠶᠢᠭ》 ᠤ᠋ᠨ ᠪᠠᠢᠴᠠᠭᠠᠨ ᠰᠤᠳᠤᠯᠤᠯᠲᠠ ᠬᠢᠵᠦ᠍᠂ ᠡᠯ᠎ᠡ ᠱᠠᠲᠤᠨ᠎ᠤ ᠡᠷᠬᠡ ᠲᠤᠰᠢᠶᠠᠯ᠎ᠢ ᠴᠢᠨᠠᠭ᠍ᠰᠢᠳᠠ ᠲᠣᠳᠣᠷᠬᠠᠢᠯᠠᠵᠤ᠂ ᠦᠨᠳᠦᠰᠦᠨ ᠱᠠᠲᠤᠨ᠎ᠤ ᠬᠦᠯᠢᠶᠡᠰᠦ᠎ᠶ᠋ᠢ ᠠᠯᠳᠠᠷᠠᠭᠠᠨ ᠬᠦᠴᠦᠨ ᠴᠢᠳᠠᠯ ᠣᠯᠭᠣᠪᠠ᠃ ᠰᠦᠪᠡᠭ᠌ᠴᠢ᠎ᠶ᠋ᠢ ᠱᠢᠶ᠋ᠳᠪᠦᠷᠢᠯᠡᠬᠦ᠌᠂ ᠬᠡᠷᠡᠭ᠎ᠢ ᠪᠠᠢᠴᠠᠭᠠᠨ ᠱᠢᠶ᠋ᠳᠪᠦᠷᠢᠯᠡᠬᠦ᠌᠂ ᠠᠰᠠᠭᠤᠳᠠᠯ᠎ᠢ ᠴᠡᠭ᠌ᠴᠡᠯᠡᠨ ᠰᠠᠢᠵᠢᠷᠠᠭᠤᠯᠬᠤ ᠪᠠ ᠲᠦᠷᠢᠮ ᠲᠣᠭ᠍ᠲᠠᠭᠠᠯ ᠲᠣᠭ᠍ᠲᠠᠭᠠᠬᠤ 《ᠳᠥᠷᠪᠡ᠎ᠶ᠋ᠢ ᠨᠢᠭᠡ ᠴᠣᠭ᠍ᠴᠠᠵᠢᠭᠤᠯᠬᠤ》 ᠠᠵᠢᠯᠯᠠᠭᠠᠨ᠎ᠤ ᠲᠣᠭ᠍ᠲᠠᠴᠠ᠎ᠶ᠋ᠢ ᠪᠠᠢᠭᠤᠯᠵᠤ᠂ ᠰᠤᠷᠴᠤ᠌ ᠬᠡᠷᠡᠭ᠌ᠯᠡᠬᠦ᠌᠎ᠶ᠋ᠢ ᠤᠶᠠᠯᠳᠤᠭᠤᠯᠬᠤ᠎ᠶ᠋ᠢ ᠨᠠᠩ ᠨᠢᠭ᠍ᠲᠠ ᠪᠣᠯᠭᠠᠵᠤ᠂ ᠠᠰᠠᠭᠤᠳᠠᠯ᠎ᠢ ᠱᠢᠶ᠋ᠳᠪᠦᠷᠢᠯᠡᠬᠦ᠌᠎ᠳᠦ ᠨᠠᠩ ᠠᠩᠬᠠᠷᠤᠯ᠎ᠢᠶᠠᠨ ᠲᠥᠪᠯᠡᠷᠡᠭᠦᠯᠵᠦ᠍᠂ ᠴᠡᠭ᠌ᠴᠡᠯᠡᠨ ᠰᠠᠢᠵᠢᠷᠠᠭᠤᠯᠤᠯᠲᠠ᠎ᠶ᠋ᠢ ᠨᠠᠩ ᠪᠦᠲᠦᠮᠵᠢᠲᠡᠶ ᠪᠣᠯᠭᠠᠬᠤ᠎ᠶ᠋ᠢ ᠠᠬᠢᠭᠤᠯᠪᠠ᠃
ᠪᠠᠶᠠᠨᠨᠠᠭᠤᠷ ᠬᠤᠳᠠ᠎ᠶ᠋ᠢᠨ ᠦᠶᠤᠸᠠᠨ ᠱᠢᠶᠠᠨ ᠨᠠᠮ᠎ᠤᠨ ᠰᠠᠬᠢᠯᠭ᠎ᠠ ᠪᠠᠲᠤ᠎ᠶ᠋ᠢᠨ ᠰᠤᠷᠤᠯᠴᠠᠯᠭ᠎ᠠ ᠬᠥᠮᠦᠵᠢᠯ᠎ᠢ ᠬᠡᠯᠪᠡᠷᠢᠴᠢ ᠦᠵᠡᠯ᠎ᠢ ᠴᠡᠭ᠌ᠴᠡᠯᠡᠨ ᠵᠠᠰᠠᠬᠤ ᠦᠨᠳᠦᠰᠦᠨ ᠱᠠᠲᠤᠨ᠎ᠤ ᠳᠠᠷᠤᠭᠠᠰᠤ᠎ᠶ᠋ᠢ ᠬᠥᠩᠭᠡᠷᠡᠭᠦᠯᠬᠦ᠂ ᠤᠯᠠᠨ ᠲᠦᠮᠡᠨ᠎ᠦ ᠳᠡᠷᠭᠡᠳᠡᠬᠢ ᠲᠥᠪ ᠪᠤᠰᠤ ᠰᠤᠷᠲᠠᠯ ᠪᠣᠯᠤᠨ ᠢᠯᠵᠠᠷᠠᠯ᠎ᠤᠨ ᠠᠰᠠᠭᠤᠳᠠᠯ᠎ᠢ ᠴᠡᠭ᠌ᠴᠡᠯᠡᠨ ᠵᠠᠰᠠᠬᠤ ᠲᠠᠢ ᠠᠭᠤᠰᠤᠯᠴᠠᠭᠤᠯᠤᠨ ᠠᠬᠢᠭᠤᠯᠵᠤ᠂ ᠨᠢᠭᠡ ᠴᠤᠬ᠍ᠴᠠᠵᠢᠭᠤᠯᠤᠨ ᠨᠡᠪᠲᠡᠷᠡᠭᠦᠯᠪᠡ᠃ ᠲᠤᠰ ᠱᠢᠶᠠᠨ ᠵᠣᠬᠢᠶᠠᠨ ᠪᠠᠢᠭᠤᠯᠵᠤ ᠤᠳᠤᠷᠢᠳᠭᠤ᠂ ᠰᠤᠷᠤᠯᠴᠠᠯᠭ᠎ᠠ ᠬᠥᠮᠦᠵᠢᠯ᠂ ᠵᠣᠬᠢᠴᠠᠭᠤᠯᠤᠨ ᠲᠤᠬᠢᠷᠠᠭᠤᠯᠬᠤ᠂ ᠱᠠᠯᠠᠪᠳᠠᠭᠤᠯᠤᠨ ᠵᠢᠯᠣᠭᠣᠳᠭᠤ᠂ ᠠᠰᠠᠭᠤᠳᠠᠯ᠎ᠢ ᠴᠡᠭ᠌ᠴᠡᠯᠡᠨ ᠰᠠᠢᠵᠢᠷᠠᠭᠤᠯᠬᠤ᠂ ᠶᠠᠷᠢᠶ᠎ᠠ ᠬᠡᠯᠡᠯᠴᠡᠭᠡ᠎ᠪᠡᠷ ᠬᠦᠳᠦᠯᠥᠨ ᠵᠢᠯᠣᠭᠣᠳᠭᠤ 《ᠵᠢᠷᠭᠤᠭ᠎ᠠ᠎ᠶ᠋ᠢ ᠨᠢᠭᠡ ᠴᠤᠬ᠍ᠴᠠᠵᠢᠭᠤᠯᠬᠤ》 ᠨᠠᠢᠳᠠᠪᠤᠷᠢᠵᠢᠭᠤᠯᠤᠯᠲᠠ᠎ᠶ᠋ᠢ ᠠᠬᠢᠭᠤᠯᠬᠤ ᠲᠣᠭ᠍ᠲᠠᠴᠠ᠎ᠶ᠋ᠢ ᠪᠠᠢᠭᠤᠯᠵᠤ᠂ ᠲᠣᠰᠭᠣᠨ ᠨᠡᠢᠭᠡᠮ ᠲᠣᠭᠣᠷᠢᠭ᠎ᠤᠨ ᠫᠠᠢᠰᠠ ᠡᠯᠭᠦᠬᠦ᠌᠎ᠶ᠋ᠢ ᠵᠢᠷᠤᠮᠵᠢᠭᠤᠯᠬᠤ᠂ 《ᠭᠠᠷᠠᠭᠲᠤ᠌ ᠨᠢᠬᠡ ᠤᠳᠠᠭ᠎ᠠ ᠵᠢᠨ ᠲᠤᠬᠢᠷᠠᠭᠤᠯᠤᠯᠳᠠ》 ᠂ 《ᠰᠠᠷ᠎ᠠ᠎ᠳ᠋ᠤ ᠨᠢᠬᠡ ᠤᠳᠠᠭ᠎ᠠ ᠵᠢᠨ ᠲᠤᠬᠢᠷᠠᠭᠤᠯᠤᠯᠳᠠ》 ᠬᠢᠬᠦ ᠨᠠᠷᠢᠨ ᠲᠠᠩᠰᠠ᠎ᠶ᠋ᠢ ᠬᠢᠵᠦ ᠲᠠᠭᠤᠰᠬᠠᠬᠤ ᠵᠡᠷᠭᠡ ᠠᠵᠢᠯ᠎ᠢ ᠥᠷᠨᠢᠭᠦᠯᠵᠦ᠍᠂ ᠦᠨᠳᠦᠰᠦᠨ ᠱᠠᠲᠤᠨ᠎ᠤ ᠳᠠᠷᠤᠭᠠᠰᠤ᠎ᠶ᠋ᠢ ᠦᠨᠡᠨ ᠬᠦ᠌ ᠬᠥᠩᠭᠡᠷᠡᠭᠦᠯᠪᠡ᠃ ᠡᠭᠦᠨ᠎ᠦ ᠬᠠᠮᠲᠤ᠂ 《ᠨᠠᠮ᠎ᠤᠨ ᠭᠡᠱᠢᠭᠦᠨ ᠺᠠᠳ᠋ᠷᠴᠤᠳ᠎ᠤᠨ ᠴᠢᠳᠠᠪᠤᠷᠢ᠎ᠶ᠋ᠢ ᠳᠡᠭᠡᠭ᠌ᠰᠢᠯᠡᠭᠦᠯᠬᠦ᠌ ᠣᠨ》 ᠤ᠋ ᠠᠵᠢᠯᠯᠠᠭ᠎ᠠ᠎ᠶ᠋ᠢ ᠶᠡᠬᠡᠪᠡᠷ ᠬᠡᠷᠡᠭ᠌ᠵᠢᠭᠦᠯᠵᠦ᠍᠂ ᠱᠢᠶᠠᠨ ᠭᠠᠵᠠᠷ᠎ᠤᠨ ᠲᠡᠰ᠎ᠤᠨ ᠤᠳᠤᠷᠢᠳᠤᠯᠭ᠎ᠠ ᠱᠢᠶᠠᠩ ᠪᠠᠯᠭᠠᠰᠤ᠎ᠶ᠋ᠢ ᠳᠠᠭᠠᠭᠠᠴᠢᠯᠠᠵᠤ᠂ ᠠᠵᠤ ᠦᠢᠯᠡᠰ᠎ᠢ ᠳᠠᠭᠠᠭᠠᠴᠢᠯᠠᠵᠤ᠂ ᠲᠦᠷᠦᠯ ᠵᠦᠢᠯ᠎ᠢ ᠳᠠᠭᠠᠭᠠᠴᠢᠯᠠᠵᠤ᠂ ᠨᠢᠭᠡᠴᠢ᠎ᠶ᠋ᠢᠨ 《ᠨᠢᠭᠡᠳᠦᠭᠡᠷ ᠬᠠᠷᠢᠭᠤᠴᠠᠯᠭᠠᠲᠠᠨ》 ᠷᠠᠳᠢᠣ᠋ ᠨᠡᠪᠲᠡᠷᠡᠭᠦᠯᠭᠡ᠎ᠪᠡᠷ ᠵᠠᠰᠠᠭ᠎ᠤᠨ ᠶᠠᠪᠤᠳᠠᠯ᠎ᠢ ᠬᠦᠢᠴᠡᠳᠬᠡᠵᠦ᠂ ᠵᠠᠬᠢᠳᠠᠯ ᠰᠤᠷᠪᠤᠯᠵᠢᠯᠠᠯ ᠵᠢᠡᠷ ᠬᠦᠴᠢᠷᠳᠡᠯ ᠢ᠋ ᠤᠢᠯᠠᠭᠠᠵᠦ᠂ ᠵᠠᠰᠠᠭ᠎ᠤᠨ ᠶᠠᠪᠤᠳᠠᠯᠵᠢᠡᠷ ᠦᠷ᠎ᠡ ᠪᠦᠲᠦᠮᠵᠢ᠎ᠶ᠋ᠢ ᠰᠢᠯᠭᠠᠵᠦ᠂ ᠰᠠᠯᠠᠭᠠᠨ ᠲᠡᠰ᠎ᠤᠨ ᠺᠠᠳ᠋ᠷ ᠵᠠᠬᠢᠳᠠᠯ ᠰᠤᠷᠪᠤᠯᠵᠢᠯᠠᠯ ᠤ᠋ᠨ ᠶᠡᠬᠡ ᠲᠢᠩᠬᠢᠮ᠎ᠳᠦ ᠣᠷᠣᠵᠤ᠂ ᠵᠠᠰᠠᠭ᠎ᠤᠨ ᠶᠠᠪᠤᠳᠠᠯ᠎ᠤᠨ ᠶᠡᠬᠡ ᠲᠢᠩᠬᠢᠮ᠎ᠳᠦ ᠣᠷᠣᠵᠤ᠂ ᠨᠡᠢᠭᠡᠮ ᠲᠣᠭᠣᠷᠢᠭ ᠲᠣᠰᠭᠣᠨ ᠳᠤᠭᠤᠢᠯᠠᠩ᠎ᠳᠤ ᠣᠷᠣᠵᠤ᠂ ᠵᠠᠯᠠᠭᠤ ᠺᠠᠳ᠋ᠷᠴᠤᠤᠨ ᠦᠵᠡᠯ ᠰᠠᠨᠠᠭ᠎ᠠ ᠤᠯᠤᠰ ᠲᠦᠷᠦ᠍ ᠵᠢᠨ ᠬᠡᠪ ᠪᠤᠯᠪᠠᠰᠤᠷᠠᠯ᠎ᠢᠶᠡᠨ ᠳᠠᠪᠲᠠᠨ ᠪᠣᠯᠪᠠᠰᠤᠷᠠᠭᠤᠯᠵᠤ᠂ ᠡᠷᠳᠡᠮ ᠴᠢᠳᠠᠪᠤᠷᠢ ᠪᠠᠨ ᠳᠠᠪᠲᠠᠨ ᠪᠣᠯᠪᠠᠰᠤᠷᠠᠭᠤᠯᠵᠤ᠂ ᠰᠤᠷᠲᠠᠯ ᠰᠠᠬᠢᠯᠭ᠎ᠠ ᠪᠠᠲᠤ᠎ᠪᠠᠨ ᠳᠠᠪᠲᠠᠨ ᠪᠣᠯᠪᠠᠰᠤᠷᠠᠭᠤᠯᠵᠤ᠂ ᠰᠤᠷᠲᠠᠯ᠎ᠤᠨ ᠪᠠᠢᠭᠤᠯᠤᠯᠲᠠ᠎ᠶ᠋ᠢᠨ ᠱᠢᠨ᠎ᠡ ᠦᠷ᠎ᠡ ᠪᠦᠲᠦᠮᠵᠢ᠎ᠪᠡᠷ ᠠᠵᠤ ᠠᠬᠤᠢ ᠨᠡᠢᠭᠡᠮ᠎ᠦᠨ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠵᠤ ᠪᠠᠢᠨ᠎ᠠ᠃