ᠪᠡᠭᠡᠵᠢᠩ᠎ᠦᠨ ᠴᠠᠭ᠎ᠢᠶᠠᠷ 8 ᠰᠠᠷ᠎ᠠ᠎ᠶ᠋ᠢᠨ 11 ᠤ᠋ ᠥᠷᠯᠥᠭᠡ᠂ ᠥᠪᠥᠷ ᠮᠣᠩᠭᠣᠯ᠎ᠤᠨ ᠲᠠᠮᠢᠷᠴᠢᠨ ᠯᠢ ᠴᠢᠶᠠᠨ ᠫᠠᠷᠢᠰ᠎ᠤᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠪᠤᠺᠰ᠎ᠤᠨ ᠲᠡᠮᠡᠴᠡᠭᠡᠨ᠎ᠦ ᠡᠮᠡᠭ᠌ᠲᠡᠢ᠎ᠶ᠋ᠢᠨ 75 ᠺᠢᠯᠣᠭ᠌ᠷᠠᠮ᠎ᠤᠨ ᠲᠡᠰ᠎ᠤᠨ ᠱᠢᠢᠳᠪᠦᠷᠢᠲᠦ ᠤᠷᠤᠯᠳᠤᠭᠠᠨ᠎ᠳᠤ ᠠᠯᠲᠠᠨ ᠮᠧᠳᠠᠯ ᠣᠯᠵᠠᠢ᠃ ᠡᠨᠡ ᠬᠦ᠌ ᠠᠯᠲᠠᠨ ᠮᠧᠳᠠᠯ ᠨᠢ ᠥᠪᠥᠷ ᠮᠣᠩᠭᠣᠯ ᠬᠢᠯᠢ᠎ᠶ᠋ᠢᠨ ᠭᠠᠳᠠᠨᠠᠬᠢ ᠣᠯᠢᠮᠫᠢᠺ᠎ᠤᠨ ᠲᠠᠮᠢᠷ᠎ᠤᠨ ᠴᠤᠭ᠍ᠯᠠᠭᠠᠨ ᠳ᠋ᠤ ᠠᠯᠲᠠᠨ ᠮᠧᠳᠠᠯ ᠤᠯᠤᠭᠠᠳᠤᠢ ᠪᠠᠢᠭᠰᠠᠨ ᠲᠡᠦᠬᠡ᠎ᠵᠢ ᠡᠴᠦᠰᠯᠡᠭᠦᠯᠵᠦ᠂ ᠯᠢ ᠴᠢᠶᠠ᠎ᠨᠢ ᠳᠤᠮᠳᠠᠳᠤ ᠤᠯᠤᠰ᠎ᠤᠨ ᠪᠤᠺᠰ᠎ᠤᠨ ᠲᠡᠮᠡᠴᠡᠭᠡᠨ᠎ᠦ ᠠᠩᠬᠠᠳᠠᠭ᠍ᠴᠢ ᠬᠤᠪᠢ ᠬᠥᠮᠦᠨ᠎ᠦ ᠲᠡᠭᠦᠰ ᠠᠮᠵᠢᠯᠲᠠ ᠣᠯᠤᠭ᠍ᠰᠠᠨ ᠲᠠᠮᠢᠷᠴᠢᠨ ᠪᠣᠯᠭᠠᠪᠠ᠃
ᠲᠤᠰ ᠬᠤᠭᠤᠴᠠᠭᠠᠨ᠎ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠯᠢ ᠴᠢᠶᠠᠨ ᠬᠤᠷᠢᠭᠯᠠᠭᠳᠠᠰᠢ ᠦᠭᠡᠢ ᠰᠦᠷ ᠬᠦᠴᠦᠨ᠎ᠢᠶᠡᠷ᠂ ᠤᠷᠢᠳ ᠬᠣᠵᠢᠳ ᠹᠢᠯᠢᠫᠢᠨᠦ ᠲᠠᠮᠢᠷᠴᠢᠨ ᠪᠠᠱ᠌ᠢᠶᠠᠳ᠋ᠠᠨ᠂ ᠡᠨᠡᠳᠭᠡᠭ᠎ᠦᠨ ᠲᠠᠮᠢᠷᠴᠢᠨ ᠪᠦᠸᠸᠷᠭ᠌ᠸᠬᠠᠶᠢᠨ᠂ ᠠᠦ᠋ᠰᠲ᠋ᠷᠠᠯᠢᠶ᠎ᠠ᠎ᠶ᠋ᠢᠨ ᠲᠠᠮᠢᠷᠴᠢᠨ ᠫᠠᠺᠢ ᠢᠯᠠᠵᠤ᠂ ᠱᠢᠢᠳᠪᠦᠷᠢᠲᠦ ᠤᠷᠤᠯᠳᠤᠭᠠᠨ᠎ᠳᠤ ᠬᠦᠴᠦᠷᠬᠡᠭ᠎ᠢᠶᠡᠷ ᠳᠠᠪᠱᠢᠪᠠ᠃ ᠱᠢᠶ᠋ᠳᠪᠦᠷᠢᠲᠦ ᠤᠷᠤᠯᠳᠤᠭᠠᠨ᠎ᠳᠤ᠂ ᠯᠢ ᠴᠢᠶᠠᠨ 4᠄ 1 ᠵᠢᠨ ᠬᠢᠷᠢ ᠪᠥᠲᠥᠮᠵᠢ ᠪᠠᠷ ᠫᠠᠨᠠᠮᠠ᠎ᠶ᠋ᠢᠨ ᠠᠬᠠᠮᠠᠳ ᠲᠠᠮᠢᠷᠴᠢᠨ ᠪᠸᠯᠦ᠋ᠩᠢ ᠢᠯᠠᠵᠤ ᠮᠠᠩᠯᠠᠢᠯᠠᠪᠠ᠃ ᠤᠷᠤᠯᠳᠤᠭᠠᠨ᠎ᠤ ᠳᠠᠷᠠᠭ᠎ᠠ᠂ ᠯᠢ ᠴᠢᠶᠠᠨ ᠰᠡᠳᠭᠢᠯ ᠳᠣᠭ᠍ᠳᠣᠯᠤᠨ᠄ 《ᠠᠯᠬᠤᠮ ᠠᠯᠬᠤᠮ᠎ᠢᠶᠠᠷ ᠳᠡᠪᠰᠢᠵᠦ ᠦᠨᠦᠳᠦᠷ᠎ᠤᠨ ᠬᠡᠮᠵᠢᠶᠡᠨ᠎ᠳᠤ ᠬᠦᠷᠦᠭᠰᠡᠨ᠎ᠳᠡᠭᠡᠨ ᠮᠠᠰᠢ ᠦᠨ᠎ᠡ ᠴᠡᠨ᠎ᠡ᠎ᠲᠡᠶ ᠰᠠᠨᠠᠭ᠍ᠳᠠᠵᠤ ᠪᠠᠢᠨ᠎ᠠ!ᠡᠨᠡ ᠤᠳᠠᠭ᠎ᠠ ᠲᠣᠣᠺᠢᠣ᠋᠎ᠶ᠋ᠢᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠬᠠᠷᠠᠮᠰᠠᠯᠢ ᠨᠥᠬᠥᠪᠥᠷᠢᠯᠡᠭ᠌ᠰᠡᠨ ᠨᠢ ᠥᠪᠡᠷ᠎ᠦᠨ ᠪᠡᠶ᠎ᠡ᠎ᠳᠡᠭᠡᠨ ᠬᠠᠨᠤᠮᠵᠢᠲᠠᠢ ᠰᠢᠯᠭᠠᠯᠲᠠ᠎ᠶᠢᠨ ᠬᠠᠭᠤᠳᠠᠰᠤ ᠲᠤᠱᠢᠶᠠᠭ᠍ᠰᠠᠨ ᠶᠠᠪᠤᠳᠠᠯ ᠪᠣᠯᠬᠤ ᠪᠥᠭᠡᠳ ᠪᠠᠰᠠ ᠴᠤ᠌ ᠡᠬᠡ ᠤᠯᠤᠰ᠎ᠲᠠᠭᠠᠨ ᠠᠮᠵᠢᠯᠲᠠ᠎ᠶᠢᠨ ᠬᠠᠭᠤᠳᠠᠰᠤ ᠲᠤᠱᠢᠶᠠᠭ᠍ᠰᠠᠨ ᠶᠠᠪᠤᠳᠠᠯ ᠪᠣᠯᠤᠨ᠎ᠠ! 》 ᠭᠡᠪᠡ᠃
ᠯᠢ ᠴᠢᠶᠠᠨ 1990 ᠣᠨ᠎ᠳᠤ ᠾᠧᠨᠠᠨ᠎ᠳᠤ ᠳᠦᠷᠦᠵᠦ᠍᠂ ᠪᠠᠭ᠎ᠠ᠎ᠡᠴᠡ᠎ᠪᠠᠨ ᠠᠪᠤ ᠡᠵᠢ᠎ᠪᠡᠨ ᠳᠠᠭᠠᠵᠤ ᠥᠪᠥᠷ ᠮᠣᠩᠭᠣᠯ᠎ᠳᠤ ᠢᠷᠡᠵᠦ᠍ ᠠᠮᠢᠳᠤᠷᠠᠵᠠᠶ᠃ 2007 ᠣᠨ᠎ᠳᠤ᠂ ᠯᠢ ᠴᠢᠶᠠᠨ ᠥᠪᠥᠷ ᠮᠣᠩᠭᠣᠯ᠎ᠤᠨ ᠪᠤᠺᠰ᠎ᠤᠨ ᠲᠡᠮᠡᠴᠡᠭᠡᠨ᠎ᠦ ᠠᠩᠭᠢ᠎ᠳᠤ ᠣᠷᠣᠵᠤ ᠪᠣᠯᠪᠠᠰᠤᠷᠠᠪᠠ᠃ 2012 ᠣᠨ᠎ᠳᠤ᠂ ᠯᠢ ᠴᠢᠶᠠᠨ ᠦᠨᠳᠤᠰᠤᠨ ᠳ᠋ᠡᠭᠡᠨ ᠡᠮᠡᠭ᠌ᠲᠡᠶ᠎ᠶ᠋ᠢᠨ ᠪᠤᠺᠰ᠎ᠤᠨ ᠲᠡᠮᠡᠴᠡᠭᠡᠨ᠎ᠦ 75 ᠺᠢᠯᠣᠭ᠌ᠷᠠᠮ᠎ᠤᠨ ᠲᠡᠰ᠎ᠤᠨ ᠤᠯᠤᠰ᠎ᠤᠨ ᠳᠣᠲᠣᠭᠠᠳᠤ᠎ᠶ᠋ᠢᠨ ᠪᠣᠢ ᠪᠦᠬᠦᠢ ᠮᠠᠩᠯᠠᠶ᠎ᠳᠤ ᠳᠤᠳᠤᠷᠠᠵᠠᠢ᠃ ᠲᠡᠭᠦᠨ᠎ᠡᠴᠡ ᠬᠣᠢᠰᠢ᠂ ᠲᠡᠷᠡ ᠳᠡᠯᠡᠬᠡᠢ᠎ᠶ᠋ᠢᠨ ᠮᠠᠩᠯᠠᠢ ᠱᠢᠯᠭᠠᠷᠠᠭᠤᠯᠬᠤ ᠤᠷᠤᠯᠳᠤᠭᠠᠨ᠂ ᠠᠽᠢᠶ᠎ᠠ ᠲᠢᠪ᠎ᠦᠨ ᠮᠠᠩᠯᠠᠢ ᠱᠢᠯᠭᠠᠷᠠᠭᠤᠯᠬᠤ ᠤᠷᠤᠯᠳᠤᠭᠠᠨ᠂ ᠠᠽᠢᠶ᠎ᠠ ᠲᠢᠪ᠎ᠦᠨ ᠪᠡᠶ᠎ᠡ᠎ᠶ᠋ᠢᠨ ᠲᠠᠮᠢᠷ᠎ᠤᠨ ᠴᠤᠭ᠍ᠯᠠᠭᠠᠨ᠎ᠳᠤ ᠵᠠᠯᠭᠠᠭ᠎ᠠ ᠪᠡᠷ ᠱᠠᠩᠨᠠᠯ᠎ᠤᠨ ᠮᠧᠳᠠᠯ ᠣᠯᠵᠠᠢ᠃ 2016 ᠣᠨ᠎ᠳᠤ᠂ ᠯᠢ ᠴᠢᠶᠠᠨ ᠷᠢᠦ᠋ ᠳ᠋ᠢ ᠿᠸᠨ᠋ᠸᠢ᠌ᠷᠦ᠋ ᠵᠢᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ᠎ᠤ ᠲᠠᠯᠠᠪᠤᠷ᠎ᠲᠤ ᠠᠩᠬ᠎ᠠ ᠭᠠᠷᠴᠤ᠌᠂ ᠡᠮᠡᠭ᠌ᠲᠡᠢ᠎ᠶ᠋ᠢᠨ 75 ᠺᠢᠯᠣᠭ᠌ᠷᠠᠮ᠎ᠤᠨ ᠲᠡᠰ᠎ᠤᠨ ᠬᠦᠷᠡᠯ ᠮᠧᠳᠠᠯ᠎ᠢ ᠤᠯᠪᠠ᠃ ᠲᠣᠣᠺᠢᠣ᠋᠎ᠶ᠋ᠢᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠯᠢ ᠴᠢᠶᠠᠨ ᠳᠠᠬᠢᠨᠲᠠ ᠤᠯᠤᠰ᠎ᠤᠨ ᠲᠥᠯᠥᠭᠡ ᠮᠣᠷᠳᠠᠵᠤ᠂ ᠮᠥᠩᠭᠥᠨ ᠮᠧᠳᠠᠯ ᠭᠠᠷᠳᠠᠵᠠᠢ᠃
ᠪᠤᠺᠰ᠎ᠤᠨ ᠲᠡᠮᠡᠴᠡᠭᠡᠨ ᠨᠢ ᠥᠪᠥᠷ ᠮᠣᠩᠭᠣᠯ᠎ᠳᠤ ᠭᠦᠨ ᠵᠤᠵᠠᠭᠠᠨ ᠬᠥᠭ᠌ᠵᠢᠯᠲᠡ᠎ᠶ᠋ᠢᠨ ᠦᠨᠳᠤᠰᠤ ᠰᠠᠭᠤᠷᠢ᠎ᠲᠠᠶ ᠶᠤᠮ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ᠎ᠶ᠋ᠢᠨ ᠲᠠᠮᠢᠷ᠎ᠤᠨ ᠲᠣᠪᠴᠢᠶ᠎ᠠ᠎ᠶ᠋ᠢᠨ ᠦᠷᠢᠰᠤᠯᠳᠤᠬᠡᠨ᠎ᠲᠤ ᠪᠡᠶ᠎ᠡ᠎ᠶ᠋ᠢᠨ ᠲᠠᠮᠢᠷ᠎ᠤᠨ ᠭᠠᠵᠠᠷ᠎ᠤᠨ ᠳᠠᠷᠤᠭ᠎ᠠ ᠴᠢᠯᠠᠭᠤ᠄ 《1988 ᠣᠨ᠎ᠳᠤ ᠥᠪᠥᠷ ᠮᠣᠩᠭᠣᠯ᠎ᠤᠨ ᠪᠤᠺᠰ᠎ᠤᠨ ᠲᠡᠮᠡᠴᠡᠭᠡᠨ᠎ᠦ ᠠᠩᠭᠢ ᠪᠠᠢᠭᠤᠯᠤᠭ᠍ᠳᠠᠭ᠍ᠰᠠᠨ᠎ᠡᠴᠡ ᠨᠠᠭᠠᠰᠢ᠂ ᠤᠷᠢᠳ ᠬᠣᠵᠢᠳ ᠴᠢᠯᠠᠭᠤ᠂ ᠬᠠᠳᠠᠡᠪᠠᠭᠠᠲᠤᠷ᠂ ᠵᠠᠩ ᠱᠢᠶᠣᠤ ᠫᠢᠩ᠂ ᠮᠸᠩ ᠹᠠᠨ ᠯᠦᠩ᠂ ᠯᠢ ᠴᠢᠶᠠᠨ᠂ ᠶᠠᠩ ᠯᠢᠦ ᠵᠡᠷᠭᠡ 6 ᠲᠠᠮᠢᠷᠴᠢᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠤ ᠤᠷᠤᠯᠳᠤᠭᠠᠨ᠎ᠤ ᠲᠠᠯᠠᠪᠤᠷ᠎ᠲᠤ 5 ᠮᠧᠳᠠᠯ ᠣᠯᠵᠠᠶ᠃ ᠡᠭᠦᠨ᠎ᠳᠦ᠂ ᠯᠢ ᠴᠢᠶᠠᠨ ᠪᠣᠯ ᠭᠤᠷᠪᠠᠨ ᠬᠤᠭᠤᠴᠠᠭᠠᠨ᠎ᠤ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠳᠤ ᠵᠠᠯᠭᠠᠭ᠎ᠠ᠎ᠪᠠᠷ ᠱᠠᠩᠨᠠᠯ᠎ᠤᠨ ᠮᠧᠳᠠᠯ ᠣᠯᠤᠭ᠍ᠰᠠᠨ ᠲᠤᠮᠳᠠᠳᠤ ᠤᠯᠤᠰ᠎ᠤᠨ ᠠᠩᠬᠠᠳᠠᠭ᠍ᠴᠢ ᠪᠤᠺᠰ᠎ᠤᠨ ᠲᠡᠮᠡᠴᠡᠭᠡᠨ᠎ᠦ ᠲᠠᠮᠢᠷᠴᠢᠨ ᠪᠣᠯᠤᠨ᠎ᠠ》 ᠭᠡᠪᠡ᠃