8 ᠰᠠᠷ᠎ᠠ ᠵᠢᠨ 11᠎ᠤ ᠡᠳᠦᠷ᠂ ᠭᠤᠴᠢᠨ ᠭᠤᠷᠪᠠᠳᠤᠭᠠᠷ ᠬᠤᠭᠤᠴᠠᠭᠠᠨ᠎ᠤ ᠵᠤᠨ᠎ᠤ ᠤᠯᠠᠷᠢᠯ᠎ᠤᠨ ᠤᠯᠢᠮᠫᠢᠺ᠎ᠤᠨ ᠲᠠᠮᠢᠷ᠎ᠤᠨ ᠴᠤᠭᠯᠠᠭᠠᠨ ᠦᠨᠳᠦᠷᠯᠡᠵᠦ᠂ ᠮᠠᠨ᠎ᠤ ᠤᠷᠤᠨ᠎ᠤ ᠲᠠᠮᠢᠷᠴᠢᠨ ᠶᠡᠩ ᠯᠢᠤ ᠡᠮᠡᠭᠳᠡᠢ ᠵᠢᠨ 66 ᠺᠢᠯᠦᠭᠷᠠᠮ᠎ᠤᠨ ᠪᠤᠺᠰ᠎ᠤᠨ ᠲᠡᠮᠡᠴᠡᠭᠡᠨ᠎ᠳᠤ ᠮᠦᠨᠭᠭᠦᠨ ᠮᠸᠲᠠᠯ᠂ ᠯᠢ ᠴᠢᠶᠠᠨ ᠡᠮᠡᠭᠳᠡᠢ ᠵᠢᠨ 75 ᠺᠢᠯᠦᠭᠷᠠᠮ᠎ᠤᠨ ᠲᠡᠰ᠎ᠤᠨ ᠪᠤᠺᠰ᠎ᠤᠨ ᠲᠡᠮᠡᠴᠡᠭᠡᠨ᠎ᠳᠤ ᠠᠯᠲᠠᠨ ᠮᠸᠳᠠᠯ᠂ ᠨᠢᠤ ᠭᠤᠸᠠᠩ ᠱᠸᠩ ᠡᠷᠡᠭᠳᠡᠢ ᠵᠢᠨ 4×200 ᠮᠸᠲᠷ᠎ᠤᠨ ᠴᠢᠯᠦᠭᠡᠲᠤ ᠤᠮᠪᠠᠯᠲᠠ ᠵᠢᠨ ᠪᠡᠯᠡᠳᠭᠡᠯ ᠤᠷᠤᠯᠳᠤᠭᠠᠨ᠎ᠳᠤ ᠤᠷᠤᠯᠴᠠᠵᠤ᠂ ᠬᠤᠶᠠᠳᠤᠭᠠᠷ ᠪᠤᠤᠬᠢᠶ᠎ᠠ ᠵᠢ ᠲᠠᠮᠵᠢᠭᠤᠯᠤᠨ ᠰᠢᠢᠳᠪᠦᠷᠢᠲᠦ ᠤᠷᠤᠯᠳᠤᠭᠠᠨ᠎ᠳᠤ ᠲᠡᠪᠰᠢᠵᠦ᠂ ᠵᠢᠷᠭᠤᠭᠠᠨ ᠠᠨᠭᠬᠠᠳᠠᠭᠴᠢ ᠵᠢ ᠪᠡᠶᠡᠯᠡᠭᠦᠯᠦᠨ᠂ ᠭᠠᠨᠵᠤᠭ᠎ᠠ ᠲᠦᠭᠦᠷᠡᠩ ᠪᠤᠴᠠᠵᠤ ᠢᠷᠡᠯ᠎ᠡ᠃

ᠤᠯᠢᠮᠫᠢᠺ᠎ᠤᠨ ᠲᠠᠮᠢᠷᠴᠢᠳ ᠵᠢᠨᠨ ᠤᠭᠳᠤᠨ᠎ᠠ

ᠶᠠᠩ ᠯᠢᠤ ᠵᠢᠨ ᠠᠪᠤ ᠡᠵᠢ ᠂ ᠠᠨᠳᠠ ᠨᠠᠢᠵᠠ ᠨᠠᠷ ᠨᠢ ᠤᠷᠤᠯᠳᠤᠭᠠᠨ᠎ᠢ ᠰᠤᠨᠢᠷᠬᠠᠨ᠎ᠠ

ᠯᠢ ᠴᠢᠶᠠᠨ ᠠᠯᠳᠠᠨ ᠮᠸᠳᠠᠯ ᠭᠠᠷᠳᠠᠯ᠎ᠠ
ᠦᠪᠤᠷ ᠮᠤᠨᠭᠭᠤᠯ᠎ᠤᠨ ᠲᠠᠮᠢᠷᠴᠢᠳ 《ᠲᠡᠰᠪᠦᠷᠢ ᠬᠠᠳᠠᠭᠤᠵᠢᠯᠳᠠᠢ ᠂ᠴᠤᠴᠠᠯᠲᠠ ᠦᠭᠡᠢ ᠤᠷᠤᠭᠰᠢᠯᠠᠵᠤ᠂ ᠵᠤᠷᠢᠬᠰᠠᠨ ᠳᠠᠭᠠᠨ ᠵᠠᠪᠠᠯ ᠬᠦᠷᠬᠦ》 ᠮᠤᠨᠭᠭᠤᠯ ᠮᠤᠷᠢᠨ᠎ᠤ ᠵᠤᠷᠢᠭ ᠰᠠᠨᠠᠭ᠎ᠠ ᠵᠢ ᠬᠦᠢᠴᠡᠳ ᠪᠠᠳᠠᠷᠠᠭᠤᠯᠤᠨ᠂ ᠤᠯᠤᠰ ᠤᠷᠤᠨ᠎ᠳᠠᠭᠠᠨ ᠡᠷᠬᠢᠮ ᠲᠡᠭᠡᠳᠤ ᠢᠷᠠᠭᠤ ᠠᠯᠳᠠᠷ᠎ᠢ ᠲᠡᠮᠡᠴᠡᠨ ᠤᠯᠵᠠᠢ᠃

ᠨᠢᠤ ᠭᠤᠸᠠᠩ ᠱᠸᠨᠭ ᠤᠷᠤᠯᠳᠤᠭᠠᠨ ᠳᠤ

ᠤᠯᠢᠮᠫᠢᠺ᠎ᠤᠨ ᠲᠠᠮᠢᠷᠴᠢᠳ ᠨᠤᠳᠤᠭ ᠪᠤᠴᠠᠯ᠎ᠠ
ᠯᠢ ᠴᠢᠶᠠᠨ᠂ ᠶᠠᠩ ᠯᠢᠤ ᠡᠮᠡᠭᠲᠠᠢ ᠵᠢᠨ ᠪᠤᠺᠰ᠎ᠤᠨ ᠲᠡᠮᠡᠴᠡᠭᠡᠨ᠎ᠳᠤ ᠦᠷᠢᠰᠦᠯᠳᠦᠨ᠂ ᠠᠨᠭᠬ᠎ᠠ ᠤᠳᠠᠭ᠎ᠠ ᠨᠢᠭᠡ ᠲᠦᠷᠦᠯ᠎ᠤᠨ ᠤᠷᠤᠯᠳᠤᠭᠠᠨ᠎ᠳᠤ ᠬᠤᠶᠠᠷ ᠲᠠᠮᠢᠷᠴᠢᠨ ᠤᠷᠤᠯᠴᠠᠭᠰᠠᠨ᠂ ᠬᠤᠶᠠᠭᠤᠯᠠ ᠪᠡᠨ ᠮᠸᠳᠡᠯ ᠲᠤᠰᠤᠭᠰᠠᠨ ᠵᠡᠷᠭᠡ ᠠᠨᠭᠬᠠᠳᠠᠭᠴᠢ ᠵᠢ ᠪᠡᠶᠡᠯᠡᠭᠦᠯᠦᠭᠰᠡᠨ ᠵᠢᠡᠷ ᠪᠠᠷᠠᠬᠤ ᠦᠭᠡᠢ᠂ ᠤᠨᠴᠠᠭᠠᠢᠯᠠᠨ ᠯᠢ ᠴᠢᠶᠠᠨ ᠠᠯᠳᠠᠨ ᠮᠸᠳᠡᠯ ᠰᠢᠬᠦᠷᠴᠤ᠂ ᠪᠦᠬᠦ ᠠᠯᠳᠠᠨ ᠮᠸᠳᠡᠯ᠎ᠢ ᠪᠦᠷᠢᠯᠳᠦᠭᠦᠯᠦᠭᠰᠡᠨ ᠲᠤᠮᠳᠠᠳᠤ ᠤᠯᠤᠰ᠎ᠤᠨ ᠠᠨᠭᠬᠠᠨ᠎ᠤ ᠪᠤᠺᠰᠴᠢᠨ᠂ ᠭᠤᠷᠪᠠ ᠤᠳᠠᠭᠠᠨ᠎ᠤ ᠤᠯᠢᠮᠫᠢᠺ᠎ᠤᠨ ᠲᠠᠮᠢᠷ᠎ᠤᠨ ᠴᠤᠭᠯᠠᠭᠠᠨ᠎ᠳᠤ ᠭᠤᠷᠪᠠᠨ ᠮᠸᠳᠡᠯ ᠤᠯᠤᠭᠰᠠᠨ ᠮᠠᠨ᠎ᠤ ᠤᠯᠤᠰ᠎ᠤᠨ ᠠᠨᠭᠬᠠᠳᠠᠭᠴᠢ ᠡᠮᠡᠭᠳᠡᠢ ᠪᠤᠺᠰᠴᠢᠨ᠂ ᠬᠢᠯᠢ ᠵᠢᠨ ᠭᠠᠳᠠᠨ᠎ᠠ ᠪᠤᠯᠤᠭᠰᠠᠨ ᠤᠯᠢᠮᠫᠢᠺ᠎ᠤᠨ ᠲᠠᠮᠢᠷ᠎ᠤᠨ ᠴᠤᠭᠯᠠᠭᠠᠨ᠎ᠤ ᠮᠠᠨ᠎ᠤ ᠤᠷᠤᠨ᠎ᠤ ᠠᠨᠭᠬᠠᠨ᠎ᠤ ᠠᠯᠲᠠᠨ ᠮᠸᠳᠡᠯ᠎ᠤᠨ ᠡᠵᠡᠨ᠂ ᠤᠯᠢᠮᠫᠢᠺ᠎ᠤᠨ ᠲᠠᠮᠢᠷ᠎ᠤᠨ ᠴᠤᠭᠯᠠᠭᠠᠨ ᠡᠴᠡ ᠠᠯᠳᠠᠨ ᠮᠸᠳᠡᠯ ᠠᠪᠤᠭᠰᠠᠨ ᠠᠨᠭᠬᠠᠨ᠎ᠤ ᠦᠪᠤᠷ ᠮᠤᠨᠭᠭᠤᠯ᠎ᠤᠨ ᠡᠮᠡᠭᠳᠡᠢ ᠲᠠᠮᠢᠷᠴᠢᠨ ᠪᠤᠯᠤᠭᠰᠠᠨ ᠵᠡᠷᠭᠡ ᠵᠢᠷᠭᠤᠭᠠᠨ ᠠᠨᠭᠬᠠᠳᠠᠭᠴᠢ ᠵᠢ ᠪᠡᠶᠡᠯᠡᠭᠦᠯᠵᠦ᠂ ᠦᠪᠤᠷ ᠮᠤᠨᠭᠭᠤᠯ᠎ᠤᠨ ᠪᠡᠶ᠎ᠡ ᠵᠢᠨ ᠲᠠᠮᠢᠷ᠎ᠤᠨ ᠦᠢᠯᠡᠰ ᠲᠤ᠌ ᠬᠦᠰᠢᠶ᠎ᠡ ᠲᠤᠷᠠᠰᠬᠠᠯ᠎ᠤᠨ ᠠᠴᠢ ᠬᠤᠯᠪᠤᠭᠳᠠᠯ ᠲᠠᠢ ᠭᠠᠪᠢᠶ᠎ᠠ ᠵᠢ ᠪᠠᠢᠭᠤᠯᠤᠭᠰᠠᠨ ᠪᠠᠢᠨ᠎ᠠ᠃