ᠲᠤᠬᠠᠢ᠎ᠶᠢᠨ ᠭᠠᠵᠠᠷ᠎ᠤᠨ ᠴᠠᠭ᠎ᠢᠶᠠᠷ
8 ᠰᠠᠷ᠎ᠠ᠎ᠶᠢᠨ 29᠎ᠦ ᠡᠳᠦᠷ᠂ ᠫᠠᠷᠢᠰ᠎ᠤᠨ ᠵᠡᠮᠳᠡᠭᠴᠦᠳ᠎ᠦᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠤ ᠠᠩᠬᠠᠨ᠎ᠤ
ᠤᠷᠤᠯᠳᠤᠭᠠᠨ᠎ᠤ ᠡᠳᠦᠷ᠂ ᠲᠠᠯᠠᠪᠤᠷ᠎ᠤᠨ ᠳᠤᠭᠤᠢ ᠲᠡᠷᠭᠡᠨ᠎ᠦ ᠡᠷᠡᠭᠲᠡᠢ᠎ᠶᠢᠨ C1 ᠲᠠᠰ᠎ᠤᠨ
3000 ᠮᠧᠲᠷ᠎ᠦᠨ ᠬᠤᠪᠢ ᠬᠥᠮᠥᠨ᠎ᠦ ᠤᠷᠤᠯᠳᠤᠭᠠᠨ᠎ᠤ ᠬᠢᠷᠢ ᠬᠡᠮ᠎ᠦᠨ ᠤᠷᠤᠯᠳᠤᠭᠠᠨ᠎ᠳᠤ ᠯᠢ ᠵᠠᠩ ᠢᠤᠢ ᠲᠣᠰ
ᠲᠥᠷᠥᠯ᠎ᠦᠨ ᠳᠡᠯᠡᠬᠡᠢ᠎ᠶᠢᠨ ᠲᠡᠮᠳᠡᠭᠯᠡᠯ᠎ᠢ ᠰᠢᠨᠡᠳᠬᠡᠵᠤ᠂ ᠰᠢᠢᠳᠪᠦᠷᠢᠲᠦ ᠤᠷᠤᠯᠳᠤᠭᠠᠨ᠎ᠳᠤ ᠠᠯᠲᠠᠨ ᠮᠧᠳᠠᠯ
ᠭᠠᠷᠳᠠᠵᠠᠢ᠃ ᠡᠨᠡ ᠨᠢ ᠮᠥᠨ ᠴᠦ᠍ ᠳᠤᠮᠳᠠᠳᠤ ᠤᠯᠤᠰ᠎ᠤᠨ ᠪᠡᠶ᠎ᠡ᠎ᠶᠢᠨ ᠲᠠᠮᠢᠷ᠎ᠤᠨ ᠲᠥᠯᠥᠭᠡᠯᠡᠭᠴᠢᠳ᠎ᠦᠨ ᠪᠦᠯᠬᠦᠮ᠎ᠦᠨ
ᠲᠣᠰ ᠬᠤᠭᠤᠴᠠᠭᠠᠨ᠎ᠤ ᠵᠡᠮᠳᠡᠭᠴᠦᠳ᠎ᠦᠨ ᠣᠯᠢᠮᠫᠢᠺ᠎ᠤᠨ ᠲᠠᠮᠢᠷ᠎ᠤᠨ ᠴᠤᠭᠯᠠᠭᠠᠨ ᠳᠡᠭᠡᠷ᠎ᠡ ᠣᠯᠣᠭᠰᠠᠨ ᠠᠩᠬᠠᠨ᠎ᠤ
ᠠᠯᠲᠠᠨ ᠮᠧᠳᠠᠯ ᠪᠣᠯᠣᠨ᠎ᠠ᠃ ᠳᠤᠮᠳᠠᠳᠤ ᠤᠯᠤᠰ᠎ᠤᠨ ᠠᠩᠭᠢ᠎ᠶᠢᠨ ᠨᠥᠬᠥᠭᠡ ᠨᠢᠭᠡ ᠲᠠᠮᠢᠷᠴᠢᠨ ᠯᠢᠶᠠᠩ ᠸᠧᠢ ᠼᠦᠩ
ᠮᠥᠩᠭᠥᠨ ᠮᠧᠳᠠᠯ ᠣᠯᠪᠠ᠃

36 ᠨᠠᠰᠤᠲᠠᠢ ᠯᠢ ᠵᠠᠩ ᠢᠤᠢ
ᠵᠡᠮᠳᠡᠭᠴᠤᠳ᠎ᠦᠨ ᠳᠤᠭᠤᠢ ᠲᠡᠷᠭᠡᠨ᠎ᠦ ᠲᠥᠷᠥᠯ ᠵᠦᠢᠯ᠎ᠳᠦ ᠣᠯᠠᠨ ᠵᠢᠯ ᠲᠡᠮᠡᠴᠡᠵᠡᠢ᠃ 2012 ᠣᠨ᠎ᠤ ᠯᠤᠨᠲᠤᠨᠤ
ᠵᠡᠮᠳᠡᠭᠴᠦᠳ᠎ᠦᠨ ᠣᠯᠢᠮᠫᠢᠺ᠎ᠤᠨ ᠲᠠᠮᠢᠷ᠎ᠤᠨ ᠴᠤᠭᠯᠠᠭᠠᠨ᠎ᠳᠤ ᠲᠡᠷᠡ ᠠᠩᠬ᠎ᠠ ᠤᠳᠠᠭ᠎ᠠ ᠵᠡᠮᠳᠡᠭᠴᠦᠳ᠎ᠦᠨ ᠣᠯᠢᠮᠫᠢᠺ᠎ᠤᠨ
ᠲᠠᠮᠢᠷ᠎ᠤᠨ ᠴᠤᠭᠯᠠᠭᠠᠨ᠎ᠤ ᠮᠠᠩᠯᠠᠢ ᠪᠣᠯᠬᠤ ᠬᠦᠰᠡᠯ᠎ᠢᠶᠡᠨ ᠪᠡᠶᠡᠯᠡᠭᠦᠯᠵᠡᠢ᠃ ᠵᠠᠯᠭᠠᠭᠠᠳ ᠷᠢᠦ᠋ ᠳᠢ ᠿᠸᠨ᠋ᠸᠢᠢᠷᠦ᠋
ᠡᠴᠡ ᠲᠣᠣᠺᠢᠤ᠋ ᠬᠦᠷᠲᠡᠯ᠎ᠡ᠂ ᠳᠠᠬᠢᠨ ᠫᠠᠷᠢᠰ ᠬᠦᠷᠲᠡᠯ᠎ᠡ᠂ ᠬᠤᠭᠤᠴᠠᠭ᠎ᠠ ᠪᠦᠷᠢ᠎ᠶᠢᠨ ᠵᠡᠮᠳᠡᠭᠴᠦᠳ᠎ᠦᠨ ᠣᠯᠢᠮᠫᠢᠺ᠎ᠤᠨ
ᠲᠠᠮᠢᠷ᠎ᠤᠨ ᠴᠤᠭᠯᠠᠭᠠᠨ᠎ᠳᠤ ᠴᠥᠮ ᠠᠯᠲᠠᠨ ᠮᠧᠳᠠᠯ ᠣᠯᠣᠭᠰᠠᠨ ᠪᠠᠢᠨ᠎ᠠ᠃ ᠲᠠᠨᠢᠯᠴᠠᠭᠤᠯᠤᠭᠰᠠᠨ᠎ᠢᠶᠠᠷ᠂ ᠯᠢ ᠵᠠᠩ
ᠢᠤᠢ ᠵᠢᠨ ᠣᠯᠣᠭᠰᠠᠨ ᠡᠯ᠎ᠡ ᠲᠥᠷᠥᠯ᠎ᠦᠨ ᠣᠯᠠᠨ ᠤᠯᠤᠰ᠎ᠤᠨ ᠤᠷᠤᠯᠳᠤᠭᠠᠨ᠎ᠤ ᠱᠠᠩᠨᠠᠯ᠎ᠤᠨ ᠮᠧᠳᠠᠯ ᠨᠢᠭᠡᠨᠲᠡ
50 ᠭᠠᠷᠤᠢ ᠪᠣᠯᠵᠠᠢ᠃

ᠢᠷᠡᠯᠲᠡ ᠄ ᠠᠷᠠᠳ᠎ᠤᠨ
ᠡᠳᠦᠷ᠎ᠤᠨ ᠰᠤᠨᠢᠨ᠎ᠤ ᠰᠢᠯᠵᠢᠶ᠎ᠡ
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号