ᠰᠤᠶᠤᠯ ᠵᠢᠭᠤᠯᠴᠢᠯᠠᠯ ᠠᠭᠤᠰᠤᠯᠴᠠᠭᠰᠠᠨ ᠰᠢᠮᠡᠯᠢᠭ ᠬᠦᠷᠦᠰᠦᠨ ᠳ᠋ᠤ ᠢᠷᠡᠭᠡᠳᠦᠢ ᠵᠢᠨ ᠱᠢᠨ᠎ᠡ ᠥᠵᠡᠮᠵᠢ᠎ᠵᠢ ᠵᠢᠷᠤᠭ᠍ᠯᠠᠨ᠎ᠠ
2024-09-19 09:33:37
ᠵᠣᠬᠢᠶᠠᠭ᠍ᠴᠢ᠄
ᠬᠤᠸᠠᠩ ᠹᠦ᠋ ᠮᠧᠶ ᠱᠢᠶᠠᠨ ᠭᠦᠸᠧ ᠴᠢ ᠨᠠᠨ ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

— ᠥᠪᠡᠷᠲᠡᠭᠡᠨ ᠵᠠᠰᠠᠬᠤ ᠣᠷᠣᠨ ᠎ᠤ ᠰᠣᠶᠣᠯ ᠎ᠤᠨ ᠠᠵᠤ ᠠᠬᠤᠢᠯᠠᠯ ᠎ᠤᠨ ᠠᠷᠪᠠᠨ ᠬᠦᠴᠦᠷᠬᠡᠭ ᠎ᠦᠨ ᠨᠢᠭᠡ ᠪᠤᠯᠬᠤ ᠥᠪᠥᠷ ᠮᠣᠩᠭᠣᠯ ᠎ᠤᠨ ᠬᠦᠢᠲᠡᠨᠱᠢᠯᠢ ᠵᠢᠭᠤᠯᠴᠢᠯᠠᠯ ᠰᠣᠶᠣᠯ ᠎ᠤᠨ ᠬᠤᠪᠢᠴᠠᠭᠠᠳᠤ ᠬᠢᠵᠠᠭᠠᠷᠲᠤ ᠺᠣᠮᠫᠠᠨᠢ


ᠨᠠᠮᠤᠷ᠎ᠤᠨ ᠡᠬᠢ᠎ᠪᠡᠷ᠂ ᠬᠤᠩᠬᠤᠷ ᠤ᠋ᠨ ᠲᠠᠯ᠎ᠠ ᠨᠤᠲᠤᠭ᠎ᠤᠨ ᠵᠢᠭᠤᠯᠴᠢᠯᠠᠯ ᠠᠮᠠᠷᠠᠯᠲᠠ᠎ᠶ᠋ᠢᠨ ᠤᠷᠤᠨ ᠵᠢᠡᠷ ᠠᠶᠠᠯᠠᠬᠤ᠎ᠳᠤ᠂ ᠵᠢᠭᠤᠯᠴᠢᠯᠠᠭ᠍ᠰᠠᠳ ᠬᠤᠪᠴᠠᠰᠤ᠎ᠪᠠᠨ ᠵᠤᠵᠠᠭᠠᠯᠠᠨ᠎ᠠ᠃ ᠭᠡᠪᠡᠴᠤ ᠡᠮᠦᠨ᠎ᠠ ᠲᠠᠯ᠎ᠠ ᠵᠢᠨ ᠵᠢᠭᠤᠯᠴᠢᠯᠠᠭ᠍ᠰᠠᠳ᠎ᠤᠨ ᠬᠡᠰᠡᠭ᠎ᠲᠦ ᠬᠦᠷᠬᠦ᠌ ᠦᠶ᠎ᠡ᠎ᠳᠦ᠂ ᠬᠦᠷ ᠬᠥᠭ᠌ᠵᠢᠶᠡᠨ ᠪᠢᠯᠬᠠᠵᠤ᠂ ᠰᠢᠨᠡᠭᠡᠨ ᠴᠢᠨᠠᠭᠰᠠᠨ ᠰᠦ᠎ᠲᠡᠶ ᠴᠠᠢ᠂ ᠱᠢᠷᠠᠭ᠍ᠰᠠᠨ ᠬᠤᠨᠢᠨ ᠮᠢᠬᠠᠨ᠎ᠤ ᠱᠣᠷᠣᠯᠠᠭ ᠵᠡᠷᠭᠡ ᠤᠨᠴᠠᠯᠢᠬ᠍ᠳᠤ ᠠᠮᠲᠠᠲᠤ ᠢᠳᠡᠭᠡᠨ ᠪᠣᠯᠤᠨ ᠠᠯᠢ ᠤᠯᠠᠨ ᠡᠯᠪᠡᠭ ᠪᠠᠶᠠᠯᠢᠭ ᠵᠢᠭᠤᠯᠴᠢᠯᠠᠯ᠎ᠤᠨ ᠲᠦᠷᠦᠯ ᠵᠦᠢᠯ ᠨᠢ ᠵᠢᠭᠤᠯᠴᠢᠯᠠᠭ᠍ᠰᠠᠳ᠎ᠢ ᠨᠠᠮᠤᠷ᠎ᠤᠨ ᠰᠠᠯᠬᠢᠨ᠎ᠤ ᠬᠦᠢᠳᠡᠨ᠎ᠢ ᠮᠠᠷᠲᠠᠭᠤᠯᠤᠮᠠᠷ ᠪᠠᠢᠳᠠᠬ᠃

ᠤᠨᠴᠠᠯᠢᠭ᠍ᠳᠤ ᠲᠥᠷᠥᠯ ᠵᠦᠶ᠋ᠯ᠎ᠦᠨ ᠰᠠᠢᠨ ᠦᠨᠡᠯᠡᠯᠲᠡ ᠤᠯᠠᠰᠢᠷᠠᠵᠤ᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠵᠢᠭᠤᠯᠴᠢᠯᠠᠭ᠍ᠰᠠᠳ ᠬᠣᠢᠨ᠎ᠠ ᠬᠣᠢᠨ᠎ᠠ᠎ᠡᠴᠡ᠎ᠪᠠᠨ ᠬᠦᠷᠦᠯᠴᠡᠨ ᠢᠷᠡᠵᠥ᠂ ᠡᠨᠡ ᠵᠢᠯ᠂ ᠬᠤᠩᠬᠤᠷ ᠤ᠋ᠨ ᠲᠠᠯ᠎ᠠ ᠨᠤᠲᠤᠭ᠎ᠤᠨ ᠵᠢᠭᠤᠯᠴᠢᠯᠠᠯ ᠠᠮᠠᠷᠠᠯᠲᠠ᠎ᠶ᠋ᠢᠨ ᠣᠷᠣᠨ 54.92 ᠲᠦᠮᠡᠨ ᠬᠥᠮᠦᠨ ᠤᠳᠠᠭ᠎ᠠ ᠵᠢᠨ ᠵᠢᠭᠤᠯᠴᠢᠯᠠᠭᠴᠢ᠎ᠶᠢ ᠭᠥᠯᠢᠶᠡᠨ ᠠᠪᠴᠤ᠌᠂ ᠨᠡᠢᠲᠡ 1.32 ᠳ᠋ᠦᠩᠱᠢᠭᠤᠷ ᠲᠥᠭᠥᠷᠢᠭ᠎ᠦᠨ ᠣᠷᠣᠯᠭ᠎ᠠ ᠣᠯᠵᠠᠶ᠃

ᠰᠣᠶᠣᠯ᠎ᠤᠨ ᠡᠯᠧᠮᠧᠨ᠋ᠲ᠎ᠢ ᠠᠭᠤᠳᠠᠯᠵᠤ ᠰᠣᠶᠣᠯ ᠵᠢᠭᠤᠯᠴᠢᠯᠠᠯ᠎ᠤᠨ ᠠᠵᠤ ᠦᠶ᠋ᠯᠡᠰ᠎ᠢ ᠬᠥᠭ᠌ᠵᠢᠭᠡᠨ᠎ᠡ

ᠬᠥᠬᠡ ᠤᠭᠳᠠᠷᠭᠤᠢ ᠬᠦᠪᠦᠩ ᠴᠠᠭᠠᠨ ᠡᠭᠦᠯᠡᠨ᠎ᠦ ᠳᠤᠤᠷ᠎ᠠ᠂ ᠡᠪᠡᠰᠦ ᠮᠣᠳᠣ ᠬᠥᠬᠡᠷᠡᠨ᠂ ᠦᠬᠡᠷ ᠬᠣᠨᠢᠳ ᠰᠦᠷᠦᠭ᠌ᠯᠡᠵᠦ᠂ ᠦᠵᠡᠮᠵᠢᠳᠤ ᠰᠠᠢᠬᠠᠨ ᠵᠢᠷᠤᠭ ᠪᠤᠯᠵᠤ ᠪᠦᠷᠢᠯᠳᠦᠨ᠎ᠠ᠃ ᠬᠤᠩᠬᠤᠷ ᠤ᠋ᠨ ᠰᠣᠷᠭᠣᠭ ᠴᠡᠴᠡᠭᠳᠤ ᠲᠠᠯ᠎ᠠ ᠨᠤᠲᠤᠭ᠂ ᠭᠠᠯᠲᠤ ᠠᠭᠤᠯᠠ᠎ᠶ᠋ᠢᠨ ᠬᠠᠴᠢᠨ ᠴᠢᠯᠠᠭᠤᠨ ᠬᠠᠪᠴᠢᠯ᠂ ᠮᠢᠩᠭᠠᠨ ᠣᠨ᠎ᠤ ᠴᠠᠭᠠᠨ ᠬᠤᠰᠤ ᠵᠢᠨ ᠣᠶ᠂ ᠵᠠᠭᠤᠨ ᠵᠢᠯ᠎ᠦᠨ ᠬᠠᠴᠢᠨ ᠰᠣᠨᠢᠨ ᠤᠳᠠᠨ ᠰᠠᠢᠷᠭᠠᠯ᠂ ᠶᠡᠷᠡ ᠶᠢᠰᠦᠨ ᠪᠤᠯᠠᠭ᠎ᠤᠨ ᠡᠬᠡ ᠷᠠᠱᠢᠶᠠᠨ᠎ᠤ ᠲᠠᠪᠤᠨ ᠰᠠᠢᠬᠠᠨ ᠦᠵᠡᠮᠵᠢ ᠨᠢ ᠥᠨᠳᠥᠷ ᠠᠭᠤᠯᠠ᠎ᠶ᠋ᠢᠨ ᠨᠤᠭᠤ ᠭᠠᠵᠠᠷ᠎ᠤᠨ ᠲᠠᠯ᠎ᠠ ᠨᠤᠲᠤᠭ᠎ᠲᠠᠶ ᠬᠠᠷᠢᠯᠴᠠᠨ ᠨᠥᠬᠥᠴᠡᠯᠳᠦᠵᠦ᠍᠂ ᠨᠢᠭᠡ ᠴᠣᠭ᠍ᠴᠠ᠎ᠪᠠᠷ᠎ᠢᠶᠠᠨ ᠥᠪᠡᠷᠮᠢᠴᠡ ᠲᠠᠯ᠎ᠠ ᠨᠤᠲᠤᠭ᠎ᠤᠨ ᠭᠠᠢᠬᠠᠮᠱᠢᠭ᠍ᠲᠤ ᠦᠵᠡᠮᠵᠢ᠎ᠶ᠋ᠢ ᠪᠦᠷᠢᠯᠳᠦᠭᠦᠯᠵᠡᠶ ᠁ ᠣᠨᠴᠠᠭᠠᠶ ᠭᠠᠢᠬᠠᠮᠰᠢᠭᠳᠤ ᠭᠠᠵᠠᠷ ᠵᠦᠶ᠎ᠶ᠋ᠢᠨ ᠣᠷᠴᠢᠨ ᠲᠣᠭᠣᠷᠢᠨ ᠨᠢ ᠬᠤᠩᠬᠤᠷ ᠤ᠋ᠨ ᠲᠠᠯ᠎ᠠ ᠨᠤᠲᠤᠭ᠎ᠤᠨ ᠵᠢᠭᠤᠯᠴᠢᠯᠠᠯ ᠠᠮᠠᠷᠠᠯᠲᠠ᠎ᠶ᠋ᠢᠨ ᠣᠷᠣᠨ᠎ᠤ ᠥᠪᠡᠷᠮᠢᠴᠡ ᠪᠠᠢᠭᠠᠯᠢ᠎ᠶ᠋ᠢᠨ ᠭᠣᠶᠣ ᠦᠵᠡᠮᠵᠢ ᠪᠠ ᠲᠡᠦᠬᠡ ᠰᠣᠶᠣᠯ᠎ᠢ ᠪᠤᠢ ᠪᠤᠯᠭᠠᠪᠠ᠃

2014 ᠣᠨ᠎ᠳᠤ᠂ ᠥᠪᠥᠷ ᠮᠣᠩᠭᠣᠯ᠎ᠤᠨ ᠬᠦᠢᠲᠡᠨᠱᠢᠯᠢ ᠵᠢᠭᠤᠯᠴᠢᠯᠠᠯ ᠰᠣᠶᠣᠯ᠎ᠤᠨ ᠬᠤᠪᠢᠴᠠᠭᠠᠳᠤ ᠬᠢᠵᠠᠭᠠᠷᠲᠤ ᠺᠣᠮᠫᠠᠨᠢ ᠰᠠᠶᠢᠬᠠᠨ ᠪᠠᠢᠭᠤᠯᠤᠭ᠍ᠳᠠᠬᠤ ᠦᠶ᠎ᠡ᠎ᠳᠦ᠂ ᠲᠠᠯ᠎ᠠ ᠨᠤᠲᠤᠭ᠎ᠤᠨ ᠵᠢᠭᠤᠯᠴᠢᠯᠠᠯ᠎ᠤᠨ ᠠᠰᠠᠭᠤᠳᠠᠯ ᠲᠣᠪᠣᠢᠮ᠎ᠠ ᠪᠠᠢᠪᠠ᠂ ᠵᠢᠱ᠌ᠢᠶᠡᠯᠡᠪᠡᠯ᠂ ᠵᠢᠭᠤᠯᠴᠢᠯᠠᠯ᠎ᠤᠨ ᠤᠯᠠᠷᠢᠯ ᠣᠬᠣᠷ᠂ ᠰᠣᠶᠣᠯ᠎ᠤᠨ ᠠᠭᠤᠯᠤᠭ᠍ᠳᠠᠬᠤᠨ ᠪᠠᠭ᠎ᠠ ᠪᠠᠢᠵᠤ᠂ ᠵᠢᠭᠤᠯᠴᠢᠯᠠᠭ᠍ᠰᠠᠳ ᠲᠠᠯ᠎ᠠ ᠨᠤᠲᠤᠭ᠎ᠲᠤ᠌ ᠢᠷᠡᠪᠡᠯ ᠵᠦᠪᠬᠡᠨ ᠮᠢᠬ᠎ᠠ ᠢᠳᠡᠵᠦ᠍ ᠠᠷᠢᠬᠢ ᠤᠤᠭᠤᠬᠤ ᠡᠴᠡ ᠦᠭᠡᠷ᠎ᠡ ᠲᠦᠷᠦᠭᠳᠡᠯ ᠦᠯᠡᠳᠡᠭᠡᠵᠦ᠍ ᠳᠡᠢᠯᠬᠦ᠌ ᠥᠬᠡᠶ ᠪᠠᠢᠳᠠᠯ ᠢᠯᠡᠷᠡᠪᠡ᠃ ᠡᠳᠡᠭᠡᠷ ᠠᠰᠠᠭᠤᠳᠠᠯ᠎ᠢ ᠬᠡᠷᠬᠢᠨ ᠱᠢᠢᠳᠪᠦᠷᠢᠯᠡᠬᠦ᠌ ᠪᠤᠢ? ᠲᠣᠰ ᠺᠣᠮᠫᠠᠨᠢ ᠡᠩ ᠲᠡᠷᠢᠭᠦᠨ᠎ᠳᠦ ᠦᠵᠡᠮᠵᠢ᠎ᠶ᠋ᠢᠨ ᠣᠷᠣᠨ᠎ᠤ ᠵᠢᠭᠤᠯᠴᠢᠯᠠᠯ᠎ᠤᠨ ᠱᠤᠭᠤᠮ᠎ᠢ ᠱᠢᠯᠢᠳᠡᠭ᠌ᠵᠢᠭᠦᠯᠬᠦ᠌᠎ᠪᠡᠷ ᠳᠠᠮᠵᠢᠭᠤᠯᠤᠨ᠂ ᠪᠠᠷᠤᠭ 2.2 ᠳ᠋ᠦᠩᠱᠢᠭᠤᠷ ᠲᠥᠭᠥᠷᠢᠭ᠎ᠦᠨ ᠪᠠᠯᠠ ᠣᠷᠣᠭᠤᠯᠵᠤ ᠰᠠᠭᠤᠷᠢ ᠲᠥᠬᠥᠭᠡᠷᠦᠮᠵᠢ᠎ᠶ᠋ᠢᠨ ᠪᠥᠲᠥᠭᠡᠨ ᠪᠠᠢᠭᠤᠯᠤᠯᠲᠠ ᠪᠠ ᠦᠵᠡᠮᠵᠢ᠎ᠶ᠋ᠢᠨ ᠣᠷᠣᠨ᠎ᠤ ᠦᠵᠡᠮᠵᠢ᠎ᠶ᠋ᠢ ᠳᠡᠭᠡᠭ᠌ᠰᠢᠯᠡᠭᠦᠯᠵᠦ᠍᠂ ᠬᠤᠩᠬᠤᠷ ᠤ᠋ᠨ ᠲᠠᠯ᠎ᠠ ᠨᠤᠲᠤᠭ᠎ᠤᠨ ᠵᠢᠭᠤᠯᠴᠢᠯᠠᠯ᠎ᠤᠨ ᠠᠮᠠᠷᠠᠯᠲᠠ᠎ᠶ᠋ᠢᠨ ᠣᠷᠣᠨ᠎ᠢ ᠤᠯᠤᠰ᠎ᠤᠨ 4A ᠲᠠᠰ᠎ᠤᠨ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ ᠪᠣᠯᠭᠠᠨ ᠠᠮᠵᠢᠯᠲᠠ᠎ᠲᠠᠶ ᠡᠭᠦᠳᠦᠨ ᠪᠠᠢᠭᠤᠯᠪᠠ᠃

ᠥᠪᠥᠷ ᠮᠣᠩᠭᠣᠯ᠎ᠤᠨ ᠬᠦᠢᠲᠡᠨᠱᠢᠯᠢ ᠵᠢᠭᠤᠯᠴᠢᠯᠠᠯ᠎ᠤᠨ ᠰᠣᠶᠣᠯ᠎ᠤᠨ ᠬᠤᠪᠢᠴᠠᠭᠠᠲᠤ ᠬᠢᠵᠠᠭᠠᠷᠲᠤ ᠺᠣᠮᠫᠠᠨᠢ᠎ᠶ᠋ᠢᠨ ᠳᠠᠭᠠᠭᠠᠮᠠᠯ ᠯᠢᠦ ᠰᠢ ᠄ 《 ᠮᠠᠨ᠎ᠤ ᠺᠣᠮᠫᠠᠨᠢ ᠦᠵᠡᠮᠵᠢ᠎ᠶ᠋ᠢᠨ ᠣᠷᠣᠨ᠎ᠤ ᠰᠠᠭᠤᠷᠢ ᠲᠥᠬᠥᠭᠡᠷᠦᠮᠵᠢ᠎ᠶ᠋ᠢᠨ ᠪᠦᠲᠦᠭᠡᠨ ᠪᠠᠢᠭᠤᠯᠤᠯᠲᠠ᠎ᠶ᠋ᠢ ᠴᠢᠬᠤᠯᠠᠴᠢᠯᠠᠭ᠍ᠰᠠᠨ᠎ᠢᠶᠠᠷ ᠪᠠᠷᠠᠬᠤ ᠦᠭᠡᠢ ᠨᠡᠩ ᠴᠤ᠌ ᠰᠣᠶᠣᠯ᠎ᠤᠨ ᠲᠠᠯ᠎ᠠ᠎ᠪᠠᠷ ᠬᠦᠴᠦᠯᠡᠵᠦ᠍᠂ ᠰᠣᠶᠣᠯ ᠎ᠤᠨ ᠡᠯᠧᠮᠧᠨ᠋ᠲ ᠎ᠢ ᠲᠠᠰᠤᠷᠠᠯᠲᠠ ᠦᠭᠡᠢ ᠠᠭᠤᠳᠠᠯᠵᠤ᠂ ᠱᠢᠷᠢᠰ ᠰᠣᠶᠣᠯ ᠎ᠤᠨ ᠠᠵᠢᠯᠯᠠᠭ᠎ᠠ ᠎ᠶ᠋ᠢ ᠥᠷᠨᠢᠭᠦᠯᠵᠦ᠍᠂ ᠵᠢᠭᠤᠯᠴᠢᠯᠠᠭ᠍ᠰᠠᠳ᠎ᠲᠤ ᠴᠢᠨᠠᠷ ᠰᠠᠢᠲᠠᠢ ᠪᠡᠶᠡᠴᠢᠯᠡᠨ ᠣᠢᠯᠠᠭᠠᠯᠲᠠ ᠵᠢᠨ ᠨᠦᠭᠦᠴᠡᠯ ᠤᠯᠭᠤᠪᠠ》 ᠭᠡᠵᠦ ᠬᠡᠯᠡᠪᠡ᠃

ᠲᠤᠰ ᠺᠣᠮᠫᠠᠨᠢ ᠰᠣᠶᠣᠯ᠎ᠤᠨ ᠥᠪ᠎ᠢᠶᠡᠨ ᠶᠡᠬᠡᠪᠡᠷ ᠤᠯᠠᠮᠵᠢᠯᠠᠨ ᠬᠠᠮᠠᠭᠠᠯᠠᠵᠤ᠂ ᠠᠳᠠᠯᠢ ᠪᠤᠰᠤ ᠦᠵᠡᠭ᠌ᠳᠡᠯᠳᠤ᠂ ᠠᠳᠠᠯᠢ ᠪᠤᠰᠤ ᠣᠷᠣᠨ ᠪᠦᠰᠡ᠎ᠶ᠋ᠢᠨ ᠰᠣᠶᠣᠯ᠎ᠤᠨ ᠦᠢᠯᠡᠳᠦᠯᠴᠡᠯ ᠤ᠋ᠨ ᠱᠢᠷᠢᠰ ᠠᠵᠢᠯᠯᠠᠭ᠎ᠠ ᠥᠷᠨᠢᠭᠦᠯᠪᠡ᠃ ᠬᠠᠪᠤᠷ ᠨᠠᠮᠤᠷ᠎ᠤᠨ ᠤᠯᠠᠷᠢᠯ᠎ᠤᠨ ᠤᠨᠴᠠᠯᠢᠭ᠍ᠲᠤ ᠲᠥᠷᠥᠯ ᠵᠦᠶ᠋ᠯ᠎ᠡᠴᠡ ᠭᠠᠳᠠᠨ᠎ᠠ᠂ ᠵᠣᠨ᠎ᠤ ᠤᠯᠠᠷᠢᠯ᠎ᠳᠤ ᠪᠠᠰᠠ ᠲᠠᠯ᠎ᠠ ᠨᠤᠲᠤᠭ᠎ᠤᠨ ᠵᠣᠴᠢᠨ ᠤᠭ᠍ᠲᠤᠬᠤ ᠶᠣᠰᠣᠯᠠᠯ᠂ ᠣᠪᠣᠭᠠᠨ ᠢᠷᠥᠭᠡᠯ᠎ᠤᠨ ᠦᠢᠯᠡᠳᠦᠯᠴᠡᠬᠦ ᠶᠣᠰᠣᠯᠠᠯ᠂ ᠨᠡᠭᠦᠳᠡᠯ ᠮᠠᠯᠵᠢᠯ᠎ᠤᠨ ᠦᠢᠯᠡᠳᠦᠯᠴᠡᠬᠦ ᠦᠵᠡᠭᠳᠡᠯ᠂ ᠮᠣᠷᠢᠨ ᠮᠡᠷᠭᠡᠵᠢᠯ᠎ᠦᠨ ᠲᠣᠭ᠍ᠯᠠᠯᠲᠠ᠂ ᠪᠣᠳᠠᠰ᠎ᠤᠨ ᠪᠤᠰᠤ ᠰᠣᠶᠣᠯ᠎ᠤᠨ ᠥᠪ᠎ᠢ ᠪᠡᠶᠡᠴᠢᠯᠡᠨ ᠣᠢᠯᠠᠭᠠᠬᠤ᠂ ᠲᠠᠯ᠎ᠠ ᠨᠤᠲᠤᠭ᠎ᠤᠨ ᠲᠦᠳᠡᠭ ᠭᠠᠯ᠎ᠤᠨ ᠦᠳᠡᠱᠢᠯᠡᠭᠡ ᠵᠡᠷᠭᠡ ᠪᠠᠢᠵᠤ᠂ ᠵᠢᠭᠤᠯᠴᠢᠯᠠᠭᠰᠡᠳ᠎ᠲᠤ ᠰᠣᠶᠣᠯ᠎ᠤᠨ ᠦᠪᠡᠳᠡᠭ᠌ᠰᠢ ᠳᠠᠢᠯᠠᠯᠭ᠎ᠠ ᠵᠢ ᠬᠦᠷᠲᠡᠭᠡᠭᠰᠡᠨ ᠪᠠᠢᠨ᠎ᠠ᠃

ᠴᠢᠷᠮᠠᠢᠯᠭ᠎ᠠ ᠵᠢᠨ ᠬᠠᠷᠢᠭᠤ᠎ᠳᠤ ᠦᠷ᠎ᠡ ᠪᠦᠲᠦᠮᠵᠢ! 2014 ᠣᠨ᠎ᠠᠴᠠ ᠡᠮᠦᠨ᠎ᠡ᠂ ᠬᠤᠩᠬᠤᠷ ᠦᠵᠡᠮᠵᠢ᠎ᠶ᠋ᠢᠨ ᠣᠷᠣᠨ᠎ᠤ ᠵᠢᠯ᠎ᠦᠨ ᠵᠢᠭᠤᠯᠴᠢᠯᠠᠭᠴᠢ ᠵᠢᠨ ᠲᠣᠭ᠎ᠠ 4 ᠲᠦᠮᠡᠨ ᠬᠥᠮᠦᠨ ᠤᠳᠠᠭ᠎ᠠ᠎ᠳᠤ ᠬᠥᠷᠬᠥ᠌ ᠥᠬᠡᠶ ᠪᠠᠢᠪᠠ᠂ ᠤᠳᠤᠬᠠᠨ᠎ᠤ ᠵᠢᠯ ᠳᠤᠮᠳᠠᠴᠢ᠎ᠵᠢᠨ ᠬᠦᠯᠢᠶᠡᠨ ᠠᠪᠤᠭᠰᠠᠨ ᠵᠢᠭᠤᠯᠴᠢᠯᠠᠭᠴᠢ ᠵᠢᠨ ᠲᠣᠭ᠎ᠠ ᠨᠢ 28 ᠲᠦᠮᠡᠨ ᠬᠥᠮᠦᠨ ᠤᠳᠠᠭ᠎ᠠ ᠳ᠋ᠦ ᠬᠦᠷᠴᠡᠢ᠃

ᠤᠯᠠᠮᠵᠢᠯᠠᠯᠲᠤ ᠪᠠ ᠣᠲᠣ ᠦᠶ᠎ᠡ᠎ᠶ᠋ᠢᠨ ᠬᠢᠨ᠎ᠰᠤᠯᠪᠢᠴᠠᠵᠤ ᠦᠵᠡᠮᠵᠢ᠎ᠶ᠋ᠢᠨ ᠣᠷᠣᠨ᠎ᠳᠤ ᠱᠢᠨ᠎ᠡ ᠬᠡᠷᠡᠯ ᠭᠢᠯᠪᠠᠭ᠎ᠠ ᠰᠠᠴᠤᠷᠠᠨ᠎ᠠ

ᠬᠤᠩᠬᠤᠷ ᠲᠠᠯ᠎ᠠ ᠨᠤᠲᠤᠭ᠎ᠤᠨ ᠵᠢᠭᠤᠯᠴᠢᠯᠠᠯ ᠠᠮᠠᠷᠠᠯᠲᠠ᠎ᠶ᠋ᠢᠨ ᠣᠷᠣᠨ ᠨᠢ ᠥᠪᠡᠷᠮᠢᠴᠡ ᠪᠠᠢᠭᠠᠯᠢ᠎ᠶ᠋ᠢᠨ ᠥᠩᠭᠡ ᠦᠵᠡᠮᠵᠢ᠎ᠲᠡᠶ᠎ᠪᠡᠷ ᠪᠠᠷᠠᠬᠤ ᠥᠬᠡᠶ ᠪᠠᠰᠠ ᠮᠣᠩᠭᠣᠯ ᠦᠨᠳᠦᠰᠦᠲᠡᠨ᠎ᠦ ᠥᠨᠢ ᠤᠳᠠᠭᠠᠨ ᠲᠡᠦᠬᠡ ᠪᠠ ᠭᠦᠨ ᠵᠤᠵᠠᠭᠠᠨ ᠰᠣᠶᠣᠯ᠎ᠤᠨ ᠤᠤᠷ ᠲᠤᠨᠳᠠᠰᠤ ᠵᠢ ᠠᠴᠢᠶᠠᠯᠠᠵᠤ ᠪᠠᠢᠳᠠᠭ᠃ ᠤᠯᠠᠮᠵᠢᠯᠠᠯᠲᠤ ᠰᠣᠶᠣᠯ᠎ᠢᠶᠡᠷ ᠵᠠᠯᠠᠭᠤ ᠵᠢᠭᠤᠯᠴᠢᠯᠠᠭᠰᠡᠳ᠎ᠢ ᠬᠡᠷᠬᠢᠨ ᠲᠠᠲᠠᠬᠤ ᠪᠤᠢ? ᠯᠢᠦ ᠰᠢ ᠪᠦᠬᠦ᠌ ᠤᠯᠤᠰ᠎ᠤᠨ ᠡᠯ᠎ᠡ ᠭᠠᠵᠠᠷ᠎ᠤᠨ ᠦᠵᠡᠮᠵᠢ᠎ᠶ᠋ᠢᠨ ᠣᠷᠣᠨ᠎ᠢᠶᠠᠷ ᠲᠣᠭᠣᠷᠢᠨ ᠶᠠᠪᠤᠵᠤ ᠲᠤᠷᠱᠢᠯᠭ᠎ᠠ ᠬᠤᠷᠠᠮᠳᠤᠭᠤᠯᠪᠠ᠂ ᠲᠡᠷᠡ᠂ ᠲᠠᠯ᠎ᠠ ᠨᠤᠲᠤᠭ᠎ᠤᠨ ᠤᠯᠠᠮᠵᠢᠯᠠᠯᠲᠤ ᠰᠣᠶᠣᠯ ᠪᠣᠯᠤᠨ ᠤᠳᠤ ᠦᠶ᠎ᠡ᠎ᠶ᠋ᠢᠨ ᠡᠯᠧᠮᠧᠨ᠋ᠲ᠎ᠢ ᠭᠦᠨᠵᠡᠭᠡᠢ ᠠᠭᠤᠰᠤᠯᠴᠠᠭᠤᠯᠵᠤ᠂ ᠥᠪᠡᠷᠮᠢᠴᠡ ᠣᠨᠴᠠᠯᠢᠭ᠎ᠲᠠᠶ ᠵᠢᠭᠤᠯᠴᠢᠯᠠᠯ᠎ᠤᠨ ᠬᠠᠷᠠᠯᠲᠠᠲᠤ ᠣᠷᠣᠨ᠎ᠢ ᠴᠣᠭ᠍ᠴᠠᠯᠠᠪᠠᠯ ᠰᠠᠶᠢ ᠵᠠᠬ᠎ᠠ ᠳᠡᠯᠭᠡᠭᠦᠷ᠎ᠲᠦ ᠠᠮᠵᠢᠯᠲᠠ ᠣᠯᠵᠤ ᠴᠢᠳᠠᠨ᠎ᠠ ᠭᠡᠳᠡᠭ᠎ᠢ ᠭᠦᠨᠵᠡᠭᠡᠢ ᠲᠠᠨᠢᠵᠤ ᠤᠯᠪᠠ᠃

ᠦᠳᠡ ᠣᠢᠷᠠᠲᠤᠬᠤᠶ᠎ᠠ᠂  ᠡᠮᠦᠨ᠎ᠡ ᠵᠢᠭᠤᠯᠴᠢᠯᠠᠭᠰᠡᠳ᠎ᠤᠨ ᠲᠥᠪ ᠲᠢᠶᠠᠲ᠋ᠷ᠎ᠲᠤ ᠬᠥᠷ ᠬᠥᠭ᠌ᠵᠢᠶᠡᠨ᠎ᠢᠶᠡᠷ ᠪᠢᠯᠬᠠᠵᠤ᠂ ᠲᠣᠮᠣ ᠬᠡᠯᠪᠡᠷᠢ᠎ᠶ᠋ᠢᠨ ᠰᠣᠶᠣᠯ ᠤᠷᠠᠯᠢᠭ᠎ᠤᠨ ᠰᠣᠳᠣᠨ ᠵᠦᠴᠦᠭᠡ 《᠎ᠣᠪᠣᠭᠠᠨ᠎ᠳᠡᠬᠢ ᠠᠭᠤᠯᠵᠠᠯᠲᠠ》 ᠨᠢ ᠮᠠᠰᠢ ᠣᠯᠠᠨ ᠵᠢᠭᠤᠯᠴᠢᠯᠠᠭᠴᠢ ᠵᠢᠨ ᠠᠩᠬᠠᠷᠤᠯ᠎ᠢ ᠲᠠᠲᠠᠪᠠ᠃

ᠲᠣᠭ᠍ᠯᠠᠯᠲᠠ᠎ᠳᠤ᠂ ᠤᠯᠠᠮᠵᠢᠯᠠᠯᠲᠤ ᠰᠣᠶᠣᠯ ᠪᠣᠯᠤᠨ ᠣᠳᠣ ᠦᠶ᠎ᠡ᠎ᠶ᠋ᠢᠨ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠢ ᠭᠤᠢᠳᠠ ᠰᠠᠢᠬᠠᠨ ᠠᠭᠤᠰᠤᠯᠴᠠᠭᠤᠯᠪᠠ᠃ ᠲᠠᠢᠰᠠᠨ ᠳᠡᠭᠡᠷ᠎ᠡ᠂ ᠳᠡᠭᠡᠳᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠪᠥᠵᠢᠭ᠎ᠦᠨ ᠮᠡᠷᠭᠡᠵᠢᠯ᠎ᠤᠨ ᠬᠡᠷᠡᠭ᠌ᠯᠡᠯᠲᠡ ᠨᠢ ᠪᠦᠵᠢᠭ᠎ᠤᠨ ᠦᠵᠡᠭ᠌ᠳᠡᠯ᠎ᠤᠨ ᠰᠤᠯᠢᠭᠳᠠᠯ᠎ᠢ ᠨᠠᠩ ᠤᠷᠤᠰᠤᠮ᠎ᠠ ᠪᠦᠭᠡᠳ ᠠᠶᠠᠨᠳᠠᠭᠠᠨ ᠪᠣᠯᠭᠠᠵᠤ᠂ ᠬᠥᠮᠦᠰ᠎ᠦᠨ ᠬᠠᠷᠠᠭ᠎ᠠ ᠵᠢ ᠪᠠᠶᠠᠰᠬᠠᠵᠤ ᠰᠡᠳᠭᠢᠯ᠎ᠢ ᠳᠣᠭ᠍ᠳᠣᠯᠤᠭᠤᠯᠤᠨ᠎ᠠ᠃ ᠦᠵᠡᠭ᠌ᠴᠢᠳ ᠶᠠᠭ ᠪᠡᠶ᠎ᠡ ᠪᠡᠷ᠎ᠢᠶᠡᠨ ᠲᠠᠯ᠎ᠠ ᠨᠤᠲᠤᠭ᠎ᠲᠦ ᠬᠦᠷᠦᠯᠴᠡᠨ ᠤᠴᠢᠭᠰᠠᠨ ᠮᠡᠲᠤ ᠪᠡᠷ ᠣᠪᠣᠭᠠᠨ ᠳᠠᠬᠢᠯᠭ᠎ᠠ᠎ᠶ᠋ᠢᠨ ᠠᠷᠢᠭᠤᠨ ᠳᠠᠷᠬᠠᠨ᠂ ᠲᠥᠪ ᠶᠡᠬᠡᠮᠰᠦᠭ ᠪᠤᠯᠤᠨ ᠨᠠᠢᠷ ᠨᠠᠭᠠᠳᠤᠮ᠎ᠤᠨ ᠪᠠᠶᠠᠷ ᠪᠠᠶᠠᠰᠭᠤᠯᠠᠩ᠎ᠢ ᠪᠡᠶᠡᠴᠢᠯᠡᠨ ᠤᠢᠯᠠᠭᠠᠭᠰᠠᠨ ᠪᠠᠢᠨ᠎ᠠ᠃

《ᠤᠪᠤᠭᠠᠨ᠎ᠳᠡᠬᠢ ᠠᠭᠤᠯᠵᠠᠯᠲᠠ》 ᠪᠣᠯ ᠥᠪᠥᠷ ᠮᠣᠩᠭᠣᠯ᠎ᠤᠨ ᠬᠦᠢᠲᠡᠨᠱᠢᠯᠢ ᠵᠢᠭᠤᠯᠴᠢᠯᠠᠯ ᠰᠣᠶᠣᠯ᠎ᠤᠨ ᠬᠤᠪᠢᠴᠠᠭᠠᠲᠤ ᠬᠢᠵᠠᠭᠠᠷᠲᠤ ᠺᠣᠮᠫᠠᠨᠢ᠎ᠶ᠋ᠢᠨ ᠤᠤᠭᠠᠯ ᠪᠦᠲᠦᠭᠡᠯ ᠪᠣᠯᠤᠨ᠎ᠠ᠂ 2017 ᠣᠨ᠎ᠳᠤ ᠠᠩᠬ᠎ᠠ ᠠᠯᠬᠤᠮ ᠪᠦᠷᠢᠯᠳᠦᠵᠦ᠂ 7 ᠵᠢᠯ᠎ᠤᠨ ᠨᠠᠷᠢᠯᠢᠭ ᠵᠠᠰᠠᠯᠲᠠ ᠪᠡᠷ ᠲᠠᠮᠵᠢᠨ ᠣᠳᠣ ᠨᠢᠭᠡᠨᠲᠡ ᠬᠦᠢᠲᠡᠨᠱᠢᠯᠢ ᠲᠠᠯ᠎ᠠ ᠨᠤᠲᠤᠭ᠎ᠤᠨ ᠨᠢᠭᠡᠨ ᠭᠢᠯᠠᠯᠵᠠᠮ᠎ᠠ ᠰᠣᠶᠣᠯ᠎ᠤᠨ ᠨᠡᠷ᠎ᠡ᠎ᠶ᠋ᠢᠨ ᠬᠠᠭᠤᠳᠠᠰᠤ ᠪᠣᠯᠵᠠᠶ᠃ ᠲᠣᠰ ᠵᠦᠴᠦᠭᠡ ᠨᠢ ᠣᠪᠣᠭᠠᠨ ᠲᠠᠬᠢᠯᠭ᠎ᠠ ᠪᠠ ᠨᠠᠭᠠᠳᠤᠮ᠎ᠤᠨ ᠠᠵᠢᠯᠯᠠᠭ᠎ᠠ᠎ᠪᠠᠷ ᠪᠦᠲᠦᠭᠡᠯᠴᠢ ᠰᠡᠳᠭᠢᠮᠵᠢ ᠪᠣᠯᠭᠠᠵᠤ᠂ ᠲᠠᠯ᠎ᠠ ᠨᠤᠲᠤᠭ᠎ᠤᠨ ᠨᠢᠭᠡ ᠬᠤᠤᠰ ᠵᠠᠯᠠᠭᠤ ᠡᠷᠡᠭ᠌ᠲᠡᠶ ᠡᠮᠡᠭ᠌ᠲᠡᠶ᠎ᠶ᠋ᠢᠨ ᠲᠠᠨᠢᠯᠴᠠᠵᠤ᠂ ᠢᠨᠠᠭ᠍ᠯᠠᠵᠤ ᠪᠠᠢᠭ᠍ᠰᠠᠨ᠎ᠡᠴᠡ᠎ᠪᠠᠨ ᠨᠠᠰᠤᠨ᠎ᠤ ᠠᠮᠠᠷᠠᠭ ᠪᠤᠯᠤᠭᠰᠠᠨ ᠥᠯᠢᠭᠡᠷ᠎ᠢ ᠪᠦᠬᠦᠢᠯᠡ ᠵᠦᠴᠦᠭᠡ᠎ᠶ᠋ᠢᠨ ᠦᠶ᠋ᠯᠡ ᠶᠠᠪᠤᠳᠠᠯ᠎ᠳᠤ ᠲᠤᠭᠤᠰᠢᠯᠠᠭᠤᠯᠵᠤ᠂ ᠤᠮᠠᠷᠠᠲᠤ ᠬᠢᠯᠢ᠎ᠶ᠋ᠢᠨ ᠰᠣᠶᠣᠯ᠎ᠤᠨ ᠭᠣᠢᠳᠠ ᠰᠠᠢᠬᠠᠨ ᠪᠥᠭᠡᠳ ᠥᠷᠭᠡᠨ ᠳᠡᠯᠭᠡᠷ ᠭᠦᠨ ᠭᠦᠨᠵᠡᠭᠡᠶ ᠠᠭᠤᠯᠭ᠎ᠠ᠎ᠶ᠋ᠢ ᠢᠯᠡᠷᠡᠭᠦᠯᠵᠡᠶ᠃

《ᠲᠤᠰ ᠵᠦᠴᠦᠭᠡ ᠦᠨᠡᠬᠡᠷ ᠭᠠᠢᠬᠠᠮᠱᠢᠭ᠍ᠲᠠᠶ᠂ ᠤᠮᠠᠷᠠᠲᠤ ᠬᠢᠯᠢ᠎ᠶ᠋ᠢᠨ ᠰᠣᠶᠣᠯ᠎ᠤᠨ ᠲᠤᠬᠠᠶ ᠪᠢᠳᠡᠨ᠎ᠤ ᠤᠢᠯᠠᠭᠠᠯᠲᠠ ᠵᠢ ᠨᠠᠩ ᠭᠦᠨᠵᠡᠭᠡᠶ ᠪᠤᠯᠭᠠᠵᠠᠢ》᠃ ᠴᠧᠩᠳᠦ᠋ ᠶ᠋ᠢᠨ ᠸᠠᠩ ᠯᠢ 《ᠤᠪᠤᠭᠠᠨ᠎ᠳᠡᠬᠢ ᠠᠭᠤᠯᠵᠠᠯᠲᠠ》᠎ᠶ᠋ᠢ ᠦᠵᠡᠭ᠌ᠰᠡᠨ᠎ᠦ ᠳᠠᠷᠠᠭ᠎ᠠ ᠳᠣᠭ᠍ᠳᠣᠯᠤᠭ᠍ᠰᠠᠨ ᠰᠡᠳᠭᠢᠯᠭᠡ᠎ᠪᠡᠨ ᠳᠠᠷᠤᠵᠤ ᠶᠠᠳᠠᠨ᠎ᠠ᠃

《ᠲᠠᠷᠠᠭᠠᠴᠢ᠎ᠶ᠋ᠢᠨ ᠠᠯᠬᠤᠮ᠎ᠳᠤ᠂ ᠪᠢᠳᠡ ᠪᠢᠴᠢᠯ ᠸᠢᠳᠢᠣ᠋ ᠵᠡᠷᠭᠡ ᠲᠠᠪᠴᠠᠩ᠎ᠢᠶᠠᠷ ᠳᠠᠮᠵᠢᠭᠤᠯᠤᠨ᠂ ᠰᠦ ᠲᠡᠶ ᠴᠠᠶ ᠴᠢᠨᠠᠬᠤ ᠵᠡᠷᠭᠡ ᠦᠶ᠋ᠯᠡᠳᠬᠦ᠌ ᠤᠷ᠎ᠠ ᠮᠡᠷᠭᠡᠵᠢᠯ᠎ᠢ ᠤᠬᠠᠭᠤᠯᠤᠨ᠎ᠠ᠂ ᠡᠭᠦᠨ᠎ᠦ ᠬᠠᠮᠲᠤ ᠦᠵᠡᠮᠵᠢ᠎ᠶ᠋ᠢᠨ ᠣᠷᠣᠨ᠎ᠳᠤ ᠨᠠᠩ ᠣᠯᠠᠨ ᠴᠠᠭ ᠤ᠋ᠨ ᠤᠷᠤᠰᠬᠠᠯ᠎ᠤᠨ ᠡᠯᠧᠮᠧᠨ᠋ᠲ᠎ᠲᠡᠶ ᠰᠦᠯᠵᠢᠶᠡᠨ ᠬᠠᠯᠠᠮᠰᠢᠯ ᠲᠥᠬᠥᠭᠡᠷᠦᠮᠵᠢ᠎ᠶ᠋ᠢ ᠲᠤᠬᠢᠷᠠᠭᠤᠯᠵᠤ ᠂ ᠦᠨᠳᠦᠰᠦᠲᠡᠨ᠎ᠦ ᠰᠣᠶᠣᠯ ᠪᠠ ᠣᠲᠣ ᠦᠶ᠎ᠡ᠎ᠶ᠋ᠢᠨ ᠵᠢᠭᠤᠯᠴᠢᠯᠠᠯ᠎ᠢ ᠲᠡᠭᠦᠯᠳᠡᠷ ᠰᠠᠢᠬᠠᠨ ᠤᠶᠠᠯᠳᠤᠭᠤᠯᠤᠨ᠎ᠠ》 ᠭᠡᠵᠦ᠍ ᠯᠢᠦ ᠰᠢ ᠬᠡᠯᠡᠪᠡ᠃

ᠮᠠᠯᠴᠢᠨ ᠲᠠᠷᠢᠶᠠᠴᠢᠨ ᠵᠢᠭᠤᠯᠴᠢᠯᠠᠯ᠎ᠤᠨ ᠦᠶ᠋ᠯᠡᠰ᠎ᠲᠦ ᠣᠷᠣᠯᠭ᠎ᠠ᠎ᠪᠠᠨ ᠨᠡᠮᠡᠭ᠌ᠳᠡᠭᠦᠯᠦᠨ ᠪᠡᠶᠡᠵᠢᠬᠤ ᠬᠦᠰᠡᠯ ᠡᠷᠡᠮᠡᠯᠵᠡᠯ᠎ᠲᠡᠶ ᠪᠣᠯᠤᠯ᠎ᠠ

ᠥᠪᠥᠷ ᠮᠣᠩᠭᠣᠯ᠎ᠤᠨ ᠬᠦᠢᠲᠡᠨᠱᠢᠯᠢ ᠵᠢᠭᠤᠯᠴᠢᠯᠠᠯ ᠰᠣᠶᠣᠯ᠎ᠤᠨ ᠬᠤᠪᠢᠴᠠᠭᠠᠳᠤ ᠬᠢᠵᠠᠭᠠᠷᠲᠤ ᠺᠣᠮᠫᠠᠨᠢ ᠨᠢ ᠰᠣᠶᠣᠯ ᠵᠢᠭᠤᠯᠴᠢᠯᠠᠯ᠎ᠤᠨ ᠠᠵᠤ ᠠᠬᠤᠢᠯᠠᠯ ᠪᠣᠯᠤᠭ᠍ᠰᠠᠨ᠎ᠤ ᠬᠤᠪᠢ᠎ᠳᠤ᠂ ᠴᠢᠨᠠᠷ ᠰᠠᠢᠲᠠᠶ ᠵᠢᠭᠤᠯᠴᠢᠯᠠᠯ ᠬᠠᠩᠭᠠᠬᠤ᠎ᠪᠠᠷ ᠬᠦᠴᠦᠯᠡᠨ ᠴᠢᠷᠮᠠᠢᠵᠤ ᠪᠠᠢᠬᠤ᠎ᠪᠠᠷ ᠪᠠᠷᠠᠬᠤ ᠥᠬᠡᠶ ᠨᠠᠩ ᠴᠤ᠌ ᠨᠡᠢᠭᠡᠮ᠎ᠦᠨ ᠬᠠᠷᠢᠭᠤᠴᠠᠯᠭ᠎ᠠ᠎ᠶ᠋ᠢ ᠠᠵᠤ ᠠᠬᠤᠢᠯᠠᠯ᠎ᠤᠨ ᠬᠥᠭ᠌ᠵᠢᠯᠲᠡ᠎ᠶ᠋ᠢᠨ ᠴᠢᠬᠤᠯᠠ ᠡᠭᠦᠷᠭᠡ ᠬᠠᠷᠢᠭᠤᠴᠠᠯᠭ᠎ᠠ ᠪᠠᠨ ᠪᠤᠯᠭᠠᠪᠠ᠃ ᠣᠢᠷ᠎ᠠ᠎ᠶ᠋ᠢᠨ ᠵᠢᠯ ᠳ᠋ᠤ᠂ ᠲᠣᠰ ᠺᠣᠮᠫᠠᠨᠢ ᠣᠷᠣᠨ ᠨᠤᠲᠤᠭ᠎ᠤᠨ ᠠᠵᠤ ᠠᠬᠤᠶ᠎ᠶ᠋ᠢᠨ ᠬᠥᠭ᠌ᠵᠢᠯᠲᠡ᠎ᠶ᠋ᠢ ᠠᠬᠢᠭᠤᠯᠬᠤ ᠵᠢᠴᠢ ᠨᠡᠢᠲᠡ᠎ᠶ᠋ᠢᠨ ᠠᠰᠠᠷᠠᠮᠵᠢ᠎ᠶ᠋ᠢᠨ ᠦᠶ᠋ᠯᠡᠰ᠎ᠢ ᠳᠡᠮᠵᠢᠬᠦ᠌ ᠵᠡᠷᠭᠡ ᠲᠠᠯ᠎ᠠ᠎ᠪᠠᠷ ᠢᠳᠡᠪᠬᠢᠲᠡᠶ ᠬᠤᠪᠢ ᠨᠡᠮᠡᠷᠢ ᠦᠵᠡᠭᠦᠯᠵᠤ ᠪᠠᠢᠨ᠎ᠠ᠃

2018 ᠣᠨ᠎ᠳᠤ᠂ ᠠᠵᠤ ᠠᠬᠤᠢᠯᠠᠯ 940 ᠭᠠᠷᠤᠶ ᠲᠦᠮᠡᠨ ᠲᠥᠭᠥᠷᠢᠭ ᠭᠠᠷᠭᠠᠵᠤ ᠴᠠᠬᠠᠷ ᠪᠠᠷᠠᠭᠤᠨ ᠭᠠᠷᠤᠨ ᠳᠤᠮᠳᠠᠳᠤ ᠬᠣᠱᠢᠭᠤᠨ᠎ᠤ ᠠᠷᠠᠳ᠎ᠤᠨ ᠵᠠᠰᠠᠭ᠎ᠤᠨ ᠣᠷᠳᠣᠨ ᠳ᠋ᠤ ᠬᠠᠮᠵᠢᠯᠴᠠᠨ ᠦᠵᠡᠮᠵᠢ᠎ᠶ᠋ᠢᠨ ᠣᠷᠣᠨ᠎ᠤ ᠪᠠᠢᠭᠰᠠᠨ ᠳᠥᠷᠪᠡᠳᠦᠭᠡᠷ ᠰᠤᠮᠤ᠂ ᠬᠤᠩᠬᠤᠷ ᠲᠣᠰᠭᠣᠨ᠎ᠤ ᠠᠷᠠᠳ᠎ᠢ ᠬᠥᠬᠡᠪᠦᠷ ᠪᠠᠯᠭᠠᠰᠤᠨ᠎ᠤ ᠨᠡᠭᠦᠳᠡᠯ ᠠᠷᠠᠳ᠎ᠤᠨ ᠲᠣᠭᠣᠷᠢᠭ᠎ᠲᠤ ᠨᠡᠭᠦᠯᠭᠡᠵᠦ᠍᠂ 39 ᠡᠷᠦᠬᠡ ᠵᠢᠨ 《ᠱᠢᠨ᠎ᠡ ᠣᠷᠣᠨ ᠰᠠᠭᠤᠴᠠ᠎ᠶ᠋ᠢᠨ ᠬᠦᠰᠡᠯ》 ᠢ᠋ ᠪᠡᠶᠡᠯᠡᠭᠦᠯᠪᠡ᠃

ᠲᠠᠯ᠎ᠠ ᠨᠤᠲᠤᠭ ᠵᠢᠡᠷ ᠵᠢᠭᠤᠯᠴᠢᠯᠠᠬᠤ᠎ᠳᠠᠭᠠᠨ ᠮᠣᠷᠢ ᠤᠨᠤᠵᠤ ᠳᠠᠪᠬᠢᠬᠤ᠎ᠶ᠋ᠢᠨ ᠪᠠᠶᠠᠷ ᠪᠠᠬᠠᠳᠤᠯ᠎ᠢ ᠬᠡᠷᠬᠢᠨ ᠡᠳ᠋ᠯᠡᠬᠦ ᠥᠬᠡᠶ ᠪᠠᠢᠵᠤ ᠪᠣᠯᠬᠤ ᠪᠣᠶ? ᠥᠷᠭᠡᠨ ᠣᠯᠠᠨ ᠵᠢᠭᠤᠯᠴᠢᠯᠠᠭᠴᠢ ᠵᠢᠨ ᠬᠡᠷᠡᠭ᠌ᠴᠡᠭᠡ᠎ᠶ᠋ᠢ ᠬᠠᠩᠭᠠᠬᠤ᠎ᠶ᠋ᠢᠨ ᠲᠥᠯᠥᠭᠡ᠂ ᠥᠪᠥᠷ ᠮᠣᠩᠭᠣᠯ᠎ᠤᠨ ᠬᠦᠢᠲᠡᠨᠱᠢᠯᠢ ᠵᠢᠭᠤᠯᠴᠢᠯᠠᠯ ᠰᠣᠶᠣᠯ᠎ᠤᠨ ᠬᠤᠪᠢᠴᠠᠭᠠᠳᠤ ᠬᠢᠵᠠᠭᠠᠷᠲᠤ ᠺᠣᠮᠫᠠᠨᠢ ᠮᠣᠷᠢ ᠤᠨᠤᠬᠤ ᠲᠥᠷᠥᠯ ᠵᠦᠶ᠋ᠯ ᠭᠠᠷᠭᠠᠵᠤ᠂ ᠵᠢᠭᠤᠯᠴᠢᠯᠠᠭᠰᠠᠳ᠎ᠲᠤ ᠲᠠᠯ᠎ᠠ ᠨᠤᠲᠤᠭ᠎ᠤᠨ ᠥᠷᠭᠡᠨ ᠠᠭᠤᠳᠠᠮ ᠪᠠ ᠮᠣᠷᠢᠨ ᠨᠢᠷᠤᠭᠤᠨ ᠎ᠳᠡᠬᠢ ᠡᠴᠢᠨ᠎ᠡ ᠣᠮᠣᠭ ᠵᠣᠷᠢᠭ᠎ᠢ ᠤᠢᠯᠠᠭᠠᠭᠤᠯᠤᠨ᠎ᠠ᠃ ᠮᠣᠷᠢ ᠤᠨᠤᠬᠤ ᠲᠥᠷᠥᠯ ᠵᠦᠶ᠋ᠯ᠎ᠢ ᠭᠠᠷᠭᠠᠭ᠍ᠰᠠᠨ ᠨᠢ ᠪᠠᠰᠠ ᠲᠤᠬᠠᠶ᠎ᠶ᠋ᠢᠨ ᠭᠠᠵᠠᠷ᠎ᠤᠨ ᠮᠠᠯᠴᠢᠨ ᠲᠠᠷᠢᠶᠠᠴᠢᠨ᠎ᠳᠤ ᠣᠷᠣᠯᠭ᠎ᠠ᠎ᠪᠠᠨ ᠨᠡᠮᠡᠭ᠌ᠳᠡᠭᠦᠯᠬᠦ᠌ ᠲᠣᠬᠢᠶᠠᠯ ᠣᠯᠭᠣᠭ᠍ᠰᠠᠨ ᠪᠠᠢᠨ᠎ᠠ᠃ ᠮᠠᠰᠢ ᠣᠯᠠᠨ ᠮᠠᠯᠴᠢᠨ ᠲᠠᠷᠢᠶᠠᠴᠢᠨ ᠵᠢᠭᠤᠯᠴᠢᠯᠠᠯ᠎ᠤᠨ ᠦᠶ᠋ᠯᠡᠴᠢᠯᠡᠭᠡ᠎ᠳᠦ ᠣᠷᠣᠯᠴᠠᠬᠤ᠎ᠪᠠᠷ ᠳᠡᠮᠵᠢᠨ᠂ 《ᠮᠣᠷᠢ ᠬᠦᠳᠦᠯᠬᠦ ᠠᠵᠤ ᠠᠬᠤᠢ》 ᠵᠡᠷᠭᠡ ᠪᠠᠶᠠᠵᠢᠯ ᠤ᠋ᠨ ᠱᠢᠨ᠎ᠡ ᠵᠠᠮ᠎ᠢ ᠨᠡᠭᠡᠭᠡᠵᠦ᠍᠂ ᠤᠯᠠᠮᠵᠢᠯᠠᠯᠲᠤ ᠮᠠᠯ ᠠᠵᠤ ᠠᠬᠤᠶ᠎ᠡᠴᠡ ᠵᠢᠭᠤᠯᠴᠢᠯᠠᠯ᠎ᠤᠨ ᠦᠶ᠋ᠯᠡᠰ ᠳᠠᠢᠰᠢ ᠬᠡᠯᠪᠡᠷᠢ ᠪᠠᠨ ᠬᠤᠪᠢᠷᠠᠭᠤᠯᠬᠤ ᠵᠢ ᠪᠡᠶᠡᠯᠡᠭᠦᠯᠪᠡ᠃

ᠬᠤᠩᠬᠤᠷ ᠲᠣᠰᠭᠣᠨ᠎ᠤ ᠠᠷᠠᠳ ᠵᠦ᠍᠎ᠶ᠋ᠢᠨ ᠺᠦᠶ ᠪᠣᠯ ᠳᠠᠷᠤᠶ 《ᠮᠣᠷᠢ ᠬᠦᠳᠦᠯᠬᠦ ᠠᠵᠤ ᠠᠬᠤᠶ 》 ᠎ᠶ᠋ᠢᠨ ᠠᠱᠢᠭ ᠬᠦᠷᠲᠡᠭ᠌ᠴᠢ ᠮᠥᠨ᠃ ᠡᠨᠡ ᠵᠢᠯ 69 ᠨᠠᠰᠤᠲᠠᠢ ᠵᠦ᠍᠎ᠶ᠋ᠢᠨ ᠺᠦᠢ᠂ ᠮᠠᠯ ᠬᠠᠷᠢᠭᠤᠯᠬᠤ ᠪᠣᠯ ᠨᠢᠭᠡ ᠨᠠᠰᠤᠨ᠎ᠤ 《ᠦᠢᠯᠡᠰ》 ᠭᠡᠵᠦ᠍ ᠦᠵᠡᠵᠦ᠍ ᠪᠠᠢᠵᠠᠢ᠃ ᠭᠡᠲᠡᠯ᠎ᠡ᠂ ᠥᠪᠥᠷ ᠮᠣᠩᠭᠣᠯ᠎ᠤᠨ ᠬᠦᠢᠲᠡᠨᠱᠢᠯᠢ ᠵᠢᠭᠤᠯᠴᠢᠯᠠᠯ ᠰᠣᠶᠣᠯ᠎ᠤᠨ ᠬᠤᠪᠢᠴᠠᠭᠠᠳᠤ ᠬᠢᠵᠠᠭᠠᠷᠲᠤ ᠺᠣᠮᠫᠠᠨᠢ᠎ᠶ᠋ᠢᠨ ᠮᠣᠷᠢ ᠤᠨᠤᠬᠤ ᠲᠥᠷᠥᠯ ᠵᠦᠶ᠋ᠯ᠎ᠦᠨ ᠥᠷᠨᠢᠯᠳᠡ ᠶ᠋ᠢ ᠳᠠᠭᠠᠯᠳᠤᠨ᠂ ᠲᠡᠭᠦᠨ᠎ᠦ ᠠᠮᠢᠳᠤᠷᠠᠯ᠎ᠳᠤ ᠲᠩᠷᠢ ᠭᠠᠵᠠᠷ᠎ᠢ ᠳᠣᠩᠰᠣᠯᠭᠠᠮ᠎ᠠ ᠬᠤᠪᠢᠷᠠᠯᠲᠠ ᠭᠠᠷᠴᠠᠶ᠃

《 ᠮᠠᠨ᠎ᠤ ᠡᠨᠡ ᠮᠤᠷᠢᠨ ᠤ᠋ ᠲᠠᠯᠠᠪᠠᠢ ᠳ᠋ᠤ 20 ᠭᠠᠷᠤᠢ ᠡᠷᠦᠭᠡ ᠲᠤᠰᠬᠤᠨ᠎ᠤ ᠠᠷᠠᠳ ᠮᠣᠷᠢ ᠬᠥᠲᠥᠯᠵᠦ᠍ ᠪᠠᠢᠨ᠎ᠠ᠂ ᠪᠢ 3 ᠮᠣᠷᠢ ᠲᠡᠵᠢᠭᠡᠵᠦ᠍ ᠪᠤᠢ᠂ ᠵᠢᠯ ᠪᠦᠷᠢ᠎ᠶ᠋ᠢᠨ ᠬᠦᠭᠵᠢᠶᠠᠨᠳᠤ ᠤᠯᠠᠷᠢᠯ᠎ᠳᠤ᠂ ᠡᠨᠳᠡ ᠮᠣᠷᠢ ᠤᠨᠤᠬᠤ᠎ᠪᠠᠷ ᠢᠷᠡᠬᠦ ᠵᠢᠭᠤᠯᠴᠢᠯᠠᠭᠴᠢ ᠮᠠᠰᠢ ᠤᠯᠠᠨ᠂ ᠪᠢ ᠡᠳᠦᠷ᠎ᠲᠦ 1000 ᠭᠠᠷᠤᠢ ᠲᠥᠭᠥᠷᠢᠭ ᠣᠯᠳᠠᠭ᠂ ᠡᠨᠡ ᠤᠷᠤᠯᠭ᠎ᠠ ᠵᠢᠨ ᠲᠡᠭᠡᠷ᠎ᠠ ᠮᠢᠨᠦ᠍ ᠡᠵᠡᠩᠨᠡᠵᠤ ᠪᠠᠢᠭ᠎ᠠ ᠮᠣᠩᠭᠣᠯ ᠭᠡᠷ᠎ᠢ ᠨᠡᠮᠡᠪᠡᠯ᠂ ᠵᠢᠯ᠎ᠳᠦ ᠠᠷᠪᠠᠭᠠᠳ ᠲᠦᠮᠡᠨ ᠲᠥᠭᠥᠷᠢᠭ ᠣᠯᠳᠠᠭ》 ᠭᠡᠵᠤ ᠬᠡᠯᠡᠬᠦ ᠵᠢᠨ ᠳᠠᠭᠠᠤ ᠵᠦ᠍ ᠵᠢᠨ ᠺᠦᠢ᠎ᠶ᠋ᠢᠨ ᠴᠢᠷᠠᠢ᠎ᠳᠤ ᠵᠣᠯ ᠵᠢᠷᠭᠠᠯ᠎ᠤᠨ ᠢᠨᠢᠶᠡᠮᠰᠦᠭ᠌ᠯᠡᠯ ᠲᠣᠳᠣᠷᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号