(2025 ᠣᠨ᠎ᠤ 1 ᠰᠠᠷ᠎ᠠ᠎ᠶ᠋ᠢᠨ 17 ᠤ᠋ ᠡᠳᠦᠷ)
ᠰᠦᠨ ᠱᠣᠣ ᠴᠸᠩ
ᠲᠥᠯᠥᠭᠡᠯᠡᠭ᠌ᠴᠢᠳ ᠡ᠂ ᠨᠥᠬᠥᠳ ᠡ ᠄
ᠥᠪᠡᠷᠲᠡᠭᠡᠨ ᠵᠠᠰᠠᠬᠤ ᠣᠷᠣᠨ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠭᠤᠷᠪᠠᠳᠤᠭᠠᠷ ᠬᠤᠷᠠᠯ ᠡᠯ᠎ᠡ ᠵᠥᠪᠯᠡᠬᠦ᠌ ᠵᠦᠢᠯ᠎ᠢᠶᠡᠨ ᠠᠮᠵᠢᠯᠲᠠ᠎ᠲᠠᠶ ᠪᠡᠶᠡᠯᠡᠭᠦᠯᠪᠡ᠃ ᠬᠤᠷᠠᠯ ᠤ᠋ᠨ ᠬᠤᠭᠤᠴᠠᠭᠠᠨ᠎ᠳᠤ᠂ ᠲᠥᠯᠥᠭᠡᠯᠡᠭ᠌ᠴᠢᠳ ᠪᠦᠬᠦ᠌ ᠣᠷᠣᠨ᠎ᠤ ᠠᠷᠠᠳ ᠲᠦᠮᠡᠨ᠎ᠦ ᠬᠦᠨᠳᠦ ᠨᠠᠢᠳᠠᠯᠭ᠎ᠠ᠎ᠶ᠋ᠢ ᠡᠭᠦᠷᠭᠡᠯᠡᠨ᠂ ᠬᠠᠤᠯᠢ ᠶᠣᠰᠣᠭᠠᠷ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠭᠡᠵᠦ᠍᠂ ᠢᠳᠡᠪᠬᠢᠲᠡᠢ᠎ᠪᠡᠷ ᠠᠷᠭ᠎ᠠ ᠤᠬᠠᠭᠠᠨ ᠳᠡᠪᠰᠢᠭᠦᠯᠵᠤ᠂ ᠡᠷᠡᠰ ᠴᠢᠩᠭ᠎ᠠ ᠡᠵᠡᠨ ᠬᠥᠮᠦᠨ᠎ᠦ ᠵᠣᠷᠢᠭ ᠰᠠᠨᠠᠭ᠎ᠠ ᠪᠠ ᠳᠡᠭᠡᠳᠦ ᠬᠡᠮᠵᠢᠶᠡᠨ᠎ᠦ ᠤᠯᠤᠰ ᠲᠦᠷᠦ᠍᠎ᠶ᠋ᠢᠨ ᠬᠠᠷᠢᠭᠤᠴᠠᠯᠭᠠᠲᠤ ᠰᠡᠳᠭᠢᠯᠭᠡ ᠵᠢ ᠢᠯᠡᠷᠡᠭᠦᠯᠪᠡ᠃ ᠤᠯᠠᠨ᠎ᠢᠶᠠᠷ᠎ᠢᠶᠠᠨ ᠥᠩᠭᠡᠷᠡᠭ᠌ᠰᠡᠨ ᠨᠢᠭᠡ ᠵᠢᠯ᠎ᠦᠨ ᠠᠵᠢᠯ᠎ᠤᠨ ᠠᠮᠵᠢᠯᠲᠠ ᠪᠦᠲᠦᠮᠵᠢ ᠵᠢ ᠡᠷᠭᠢᠴᠡᠭᠦᠯᠵᠦ᠍᠂ ᠱᠢᠨ᠎ᠡ ᠨᠢᠭᠡ ᠵᠢᠯ᠎ᠦᠨ ᠬᠥᠭ᠌ᠵᠢᠯᠲᠡ᠎ᠶ᠋ᠢᠨ ᠶᠡᠬᠡ ᠪᠤᠳᠤᠯᠭ᠎ᠠ᠎ᠶ᠋ᠢ ᠬᠠᠮᠲᠤ ᠪᠠᠷ ᠵᠥᠪᠯᠡᠵᠦ᠍᠂ ᠡᠯ᠎ᠡ ᠵᠦᠢᠯ᠎ᠦᠨ ᠰᠣᠩᠭᠣᠭᠤᠯᠢ᠎ᠶ᠋ᠢᠨ ᠡᠭᠦᠷᠭᠡ ᠵᠢ ᠲᠡᠭᠦᠰ ᠠᠮᠵᠢᠯᠲᠠ᠎ᠲᠠᠶ ᠪᠡᠶᠡᠯᠡᠭᠦᠯᠵᠦ᠍᠂ ᠵᠠᠰᠠᠭ᠎ᠤᠨ ᠣᠷᠳᠣᠨ ᠤ᠋ ᠠᠵᠢᠯ ᠤ᠋ᠨ ᠢᠯᠡᠳᠭᠡᠯ ᠰᠢᠭᠦᠬᠦ ᠬᠤᠷᠢᠶ᠎ᠠ ᠪᠠᠢᠴᠠᠭᠠᠬᠤ ᠬᠤᠷᠢᠶ᠎ᠠ ᠵᠢᠨ ᠠᠵᠢᠯ᠎ᠤᠨ ᠮᠡᠳᠡᠭᠦᠯᠦᠯᠲᠡ ᠪᠣᠯᠤᠨ ᠪᠤᠰᠤᠳ ᠡᠯ᠎ᠡ ᠵᠦᠢᠯ᠎ᠦᠨ ᠮᠡᠳᠡᠭᠦᠯᠦᠯᠲᠡ᠂ ᠱᠢᠢᠳᠪᠦᠷᠢ᠎ᠶ᠋ᠢ ᠬᠢᠨᠠᠨ ᠵᠥᠪᠯᠡᠵᠦ᠍ ᠪᠠᠲᠤᠯᠠᠪᠠ᠃ ᠬᠤᠷᠠᠯ᠎ᠡᠴᠡ ᠨᠠᠮ᠎ᠤᠨ ᠲᠥᠪ ᠬᠣᠷᠢᠶ᠎ᠠ ᠵᠢᠨ ᠱᠢᠶ᠋ᠳᠪᠦᠷᠢᠲᠦ ᠪᠣᠳᠣᠯᠭ᠎ᠠ ᠪᠠᠢᠷᠢᠯᠠᠭᠤᠯᠤᠯᠲᠠ ᠪᠣᠯᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠠᠷᠪᠠᠨ ᠨᠢᠭᠡᠳᠦᠭᠡᠷ ᠬᠤᠭᠤᠴᠠᠭᠠᠨ᠎ᠤ ᠶᠢᠰᠦᠳᠦᠭᠡᠷ ᠪᠥᠬᠥᠳᠡ ᠬᠤᠷᠠᠯ᠎ᠤᠨ ᠠᠵᠢᠯ᠎ᠤᠨ ᠲᠣᠬᠢᠷᠠᠭᠤᠯᠤᠯᠲᠠ᠎ᠶ᠋ᠢ ᠲᠤᠭᠤᠱᠢᠯᠠᠭᠤᠯᠵᠤ᠂ ᠪᠥᠬᠥ᠌ ᠣᠷᠣᠨ᠎ᠤ ᠠᠷᠠᠳ ᠲᠦᠮᠡᠨ᠎ᠦ ᠬᠠᠮᠲᠤ᠎ᠶ᠋ᠢᠨ ᠬᠦᠰᠡᠯ ᠡᠷᠡᠮᠡᠯᠵᠡᠯ᠎ᠢ ᠢᠯᠡᠷᠡᠭᠦᠯᠪᠡ᠃
ᠲᠥᠯᠥᠭᠡᠯᠡᠭ᠌ᠴᠢᠳ ᠡ᠂ ᠨᠥᠬᠥᠳ ᠡ !
ᠥᠩᠭᠡᠷᠡᠭ᠌ᠰᠡᠨ ᠨᠢᠭᠡ ᠵᠢᠯ᠎ᠳᠦ᠂ ᠪᠢᠳᠡ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠠᠵᠢᠯ᠎ᠤᠨ ᠭᠣᠣᠯ ᠱᠢᠵᠢᠮ᠎ᠢ ᠪᠦᠬᠦ᠌ ᠲᠠᠯ᠎ᠠ᠎ᠪᠠᠷ ᠲᠤᠭᠤᠱᠢᠯᠠᠭᠤᠯᠵᠤ᠂ ᠯᠠᠪᠳᠠᠭᠤᠨ ᠪᠠᠲᠤᠲᠠᠢ᠎ᠪᠠᠷ ᠠᠵᠢᠯ ᠬᠢᠵᠦ᠍ ᠦᠢᠯᠡᠰ ᠪᠤᠰᠭᠠᠵᠤ᠂ 《ᠲᠠᠪᠤᠨ ᠶᠡᠬᠡ ᠡᠭᠦᠷᠭᠡ》 ᠵᠢᠨ ᠣᠨ᠎ᠤ ᠠᠵᠢᠯ᠎ᠢ ᠪᠦᠬᠦᠨ᠎ᠢ ᠪᠡᠶᠡᠯᠡᠭᠦᠯᠵᠦ᠍᠂ 《ᠵᠢᠷᠭᠤᠭᠠᠨ ᠢᠨᠵᠧᠨᠧᠷᠢᠩ》 ᠪᠠᠶᠠᠷᠯᠠᠭᠤᠰᠢᠳᠠᠢ ᠦᠷ᠎ᠡ ᠪᠦᠲᠦᠭᠡᠯ ᠤᠯᠵᠤ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠦᠬᠦ᠌ ᠲᠠᠯ᠎ᠠ᠎ᠪᠠᠷ ᠪᠦᠲᠦᠭᠡᠨ ᠪᠠᠢᠭᠤᠯᠬᠤ ᠠᠵᠢᠯ ᠭᠦᠨᠵᠡᠭᠡᠢᠷᠡᠨ ᠪᠣᠳᠠᠲᠠᠢᠵᠢᠪᠠ᠃ ᠮᠠᠰᠢ ᠣᠯᠠᠨ ᠠᠵᠢᠯ᠎ᠢ ᠯᠠᠪᠳᠠᠭᠤᠨ ᠪᠠᠲᠤᠲᠠᠶ ᠦᠷᠨᠢᠬᠦᠯᠵᠤ᠂ ᠬᠢᠯᠠᠯᠵᠠᠳᠠᠯ᠎ᠠ ᠰᠠᠢᠬᠠᠨ ᠬᠢᠪᠡ᠃ ᠪᠢᠳᠡ ᠡᠳᠦᠷ ᠳᠤᠮᠳᠠᠴᠢ᠎ᠪᠠᠷ 6 ᠲᠦᠮᠡᠨ ᠮᠤ᠌᠎ᠶ᠋ᠢᠨ ᠬᠤᠷᠳᠤᠴᠠ᠎ᠪᠠᠷ ᠡᠯᠡᠰᠦᠷᠬᠡᠭ᠌ᠵᠢᠯ᠎ᠢ ᠰᠡᠷᠭᠡᠢᠯᠡᠨ ᠡᠯᠡᠰᠦ ᠵᠢ ᠵᠠᠰᠠᠬᠤ᠎ᠶ᠋ᠢ ᠠᠬᠢᠭᠤᠯᠵᠤ᠂ 《ᠬᠡᠷᠡᠯᠴᠢ ᠴᠡᠨᠡᠭ᠎ᠦᠨ ᠣᠷᠳᠣ ᠴᠠᠭᠠᠨ ᠬᠡᠷᠡᠮ》 ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠥᠷᠭᠡᠨ ᠲᠡᠯᠬᠡᠷ ᠠᠩᠬᠠᠷᠤᠯ ᠪᠠ ᠮᠠᠭ᠍ᠲᠠᠭᠠᠯ ᠰᠠᠢᠱᠢᠶᠠᠯ ᠢ᠋ ᠤᠯᠪᠠ; ᠱᠢᠨ᠎ᠡ ᠡᠨᠧᠷᠭᠢ᠎ᠶ᠋ᠢᠨ ᠮᠠᠱᠢᠨ ᠴᠣᠭ᠍ᠴᠠᠯᠠᠪᠤᠷᠢ 1.35 ᠳ᠋ᠦᠩᠱᠢᠭᠤᠷ ᠺᠢᠯᠦᠸᠠᠲ᠎ᠲᠤ ᠬᠦᠷᠴᠦ᠍᠂ ᠲᠤᠬᠳᠠᠭᠤᠨ᠎ᠢᠶᠡᠷ ᠪᠥᠬᠥ᠌ ᠤᠯᠤᠰ᠎ᠲᠤ ᠲᠦᠷᠦᠭᠦᠯᠡᠪᠡ; ᠠᠮᠤ ᠪᠤᠳᠠᠭ᠎ᠠ 《ᠬᠣᠷᠢᠨ ᠨᠢᠭᠡᠨ ᠵᠢᠯ ᠳᠠᠷᠠᠭᠠᠯᠠᠨ ᠡᠯᠪᠡᠭ ᠬᠤᠷᠢᠶᠠᠯᠲᠠ ᠤᠯᠵᠦ》᠂ ᠠᠮᠤ ᠪᠤᠳᠠᠭ᠎ᠠ ᠵᠢᠨ ᠤᠨᠠᠯᠲᠠ 800 ᠳ᠋ᠦᠩᠱᠢᠭᠤᠷ ᠵᠢᠩ᠎ᠢ ᠳᠠᠪᠠᠵᠠᠶ; ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ 《ᠪᠦᠰᠡᠯᠡᠯᠳᠡ ᠱᠢᠪᠲᠤᠯᠬᠤ》 ᠠᠵᠢᠯ ᠡᠬᠢᠯᠡᠮᠡᠭᠴᠡ ᠰᠦᠷ ᠬᠦᠴᠦᠨ᠎ᠢ ᠪᠦᠷᠢᠯᠳᠦᠬᠦᠯᠵᠤ᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠷ᠎ᠡ ᠪᠦᠲᠦᠭᠡᠯ᠎ᠢ ᠤᠨᠳᠤᠤᠰᠢᠭᠤᠯᠤᠨ ᠬᠡᠷᠡᠭ᠌ᠯᠡᠬᠦ᠌ ᠲᠠᠯ᠎ᠠ᠎ᠪᠠᠷ ᠲᠠᠰᠤᠷᠠᠯᠲᠠ ᠥᠬᠡᠶ ᠲᠠᠪᠠᠯᠳᠠ ᠵᠢ ᠪᠡᠶᠡᠯᠡᠬᠦᠯᠪᠡ; ᠳᠤᠯᠠᠭᠠᠯᠠᠭ᠎ᠠ ᠵᠢᠨ ᠢᠨᠵᠧᠨᠧᠷᠢᠩ ᠵᠢᠡᠷ 《ᠠᠷᠠᠳ ᠣᠯᠠᠨ᠎ᠢ ᠬᠠᠯᠠᠭᠤᠨ ᠲᠤᠯᠠᠭᠠᠨ ᠡᠪᠦᠯᠵᠢᠬᠦᠯᠬᠦ》 ᠠᠮᠠᠯᠠᠯᠲᠠ ᠵᠢ ᠪᠡᠶᠡᠯᠡᠭᠦᠯᠪᠡ; 《ᠤᠮᠠᠷᠠᠲᠤ ᠬᠢᠯᠢ᠎ᠶ᠋ᠢᠨ ᠰᠣᠶᠣᠯ᠎ᠤᠨ ᠡᠬᠡ ᠤᠯᠤᠰ ᠲᠡᠬᠢ ᠠᠶᠠᠯᠠᠯ》 ᠪᠦᠬᠦ᠌ ᠤᠯᠤᠰ᠎ᠲᠤ ᠴᠤᠤᠷᠢᠶᠠᠳᠤᠵᠤ᠂ ᠥᠪᠥᠷ ᠮᠣᠩᠭᠣᠯ᠎ᠤᠨ ᠰᠣᠶᠣᠯ᠎ᠤᠨ ᠲᠤᠮᠤ ᠣᠷᠣᠨ᠎ᠤ ᠳᠦᠷᠢ ᠲᠥᠷᠬᠦ᠌ ᠬᠤᠯᠠ ᠤᠢᠷ᠎ᠠ᠎ᠳᠤ ᠠᠯᠳᠠᠷᠰᠢᠪᠠ᠃
ᠢᠯᠠᠩᠭᠤᠶ᠎ᠠ ᠬᠡᠳᠦᠨ ᠵᠢᠯ᠎ᠦᠨ ᠴᠢᠷᠮᠠᠢᠯᠭ᠎ᠠ᠎ᠪᠠᠷ ᠳᠠᠮᠵᠢᠨ᠂ ᠱᠢᠨ᠎ᠡ ᠵᠠᠮ ᠨᠡᠬᠡᠬᠡᠵᠤ᠂ ᠳᠤᠮᠳᠠ ᠲᠦᠪᠰᠢᠨ᠎ᠳᠤ ᠣᠷᠣᠬᠤ ᠠᠤᠭ᠎ᠠ ᠪᠤᠳᠤᠯ ᠡᠷᠡᠯᠭᠡᠭ ᠵᠤᠷᠢᠯᠳᠠ ᠶᠠᠬ ᠪᠣᠳᠠᠲᠤ ᠠᠬᠤᠢ ᠪᠤᠯᠵᠤ ᠬᠤᠪᠢᠷᠠᠵᠤ ᠪᠠᠢᠬᠤ ᠨᠢ ᠤᠷᠮ᠎ᠠ ᠵᠤᠷᠢᠭ᠎ᠢ ᠬᠦᠭᠵᠢᠬᠡᠨ᠎ᠠ᠃ ᠬᠠᠮᠤᠭ᠎ᠤᠨ ᠱᠢᠨ᠎ᠡ ᠮᠡᠳᠡᠭᠡ ᠵᠠᠩᠭᠢ᠎ᠶ᠋ᠢ ᠦᠨᠳᠦᠰᠦᠯᠡᠪᠡᠯ᠂ 2024 ᠣᠨ᠎ᠳᠤ ᠮᠠᠨ᠎ᠤ ᠣᠷᠣᠨ᠎ᠤ ᠠᠵᠤ ᠠᠬᠤᠶ᠎ᠶ᠋ᠢᠨ ᠶᠡᠷᠦᠩᠬᠡᠶ ᠬᠡᠮᠵᠢᠶ᠎ᠡ 20 ᠳ᠋ᠤᠭᠠᠷ᠎ᠲᠤ ᠤᠷᠤᠵᠤ᠂ ᠪᠥᠬᠥ᠌ ᠤᠯᠤᠰ᠎ᠤᠨ ᠳᠤᠮᠳᠠ ᠲᠦᠪᠰᠢᠨ᠎ᠳᠤ ᠣᠷᠣᠪᠠ᠃ ᠶᠡᠷᠦᠩᠬᠡᠢ ᠱᠦᠵᠢ ᠰᠢ ᠵᠢᠨ ᠫᠢᠩ᠎ᠦᠨ ᠵᠢᠭᠠᠭ᠍ᠰᠠᠨ ᠴᠢᠭ᠌ᠯᠡᠯ᠎ᠢᠶᠡᠷ ᠤᠷᠤᠭ᠍ᠰᠢᠯᠠᠵᠤ᠂ 《ᠪᠢ ᠬᠥᠮᠦᠨ᠎ᠢ ᠬᠦᠷᠬᠦ᠌ ᠦᠭᠡᠢ》 ᠭᠡᠬᠦ᠌ ᠦᠵᠡᠯᠳᠡ ᠵᠢ ᠲᠠᠶᠠᠭ᠍ᠳᠠᠵᠤ᠂ ᠲᠡᠰᠪᠦᠷᠢ ᠬᠠᠳᠠᠭᠤᠵᠢᠯᠳᠠᠢ ᠴᠤᠴᠠᠯᠲᠠ ᠦᠭᠡᠢ ᠤᠷᠤᠭ᠍ᠰᠢᠯᠠᠳᠠᠭ ᠯᠠ ᠶᠤᠮ ᠪᠣᠯ ᠥᠪᠥᠷ ᠮᠣᠩᠭᠣᠯ ᠯᠠᠪᠲᠠᠢ ᠨᠡᠩ ᠲᠦᠷᠭᠡᠨ ᠨᠡᠩ ᠰᠠᠢ᠌ᠨ ᠬᠥᠭ᠌ᠵᠢᠵᠦ᠍ ᠴᠢᠳᠠᠨ᠎ᠠ ᠭᠡᠳᠡᠭ᠎ᠢ ᠪᠣᠳᠠᠲᠤ ᠶᠠᠪᠤᠳᠠᠯ ᠭᠡᠷᠡᠴᠢᠯᠡᠪᠡ᠃
ᠲᠥᠯᠥᠭᠡᠯᠡᠭᠴᠢᠳ ᠠ᠋᠂ ᠨᠥᠬᠥᠳ ᠠ᠋!
ᠰᠢᠨ᠎ᠡ ᠨᠢᠭᠡ ᠵᠢᠯ᠎ᠳᠦ᠂ ᠪᠢᠳᠡ ᠡᠷᠴᠢ ᠵᠣᠷᠢᠭ᠋᠎ᠢᠶᠠᠨ ᠬᠥᠪᠴᠢᠯᠡᠨ ᠲᠠᠬᠢᠨ ᠰᠢᠨ᠎ᠠ ᠠᠶᠠᠨᠳ᠋ᠤ ᠮᠣᠷᠳᠠᠵᠤ᠂ ᠨᠢᠭᠡ ᠰᠡᠳᠬᠢᠯ ᠨᠢᠭᠡ ᠵᠣᠷᠢᠭ᠋᠎ᠢᠶᠠᠷ ᠬᠦᠴᠦ᠎ᠪᠡᠨ ᠬᠠᠮᠲᠤᠳᠬᠠᠨ ᠡᠷᠡᠮᠡᠬᠡᠢᠯᠡᠨ ᠤᠷᠤᠭᠰᠢᠯᠠᠵᠤ᠂ ᠰᠢᠨ᠎ᠡ ᠵᠠᠮᠨᠡᠭᠡᠭᠡᠵᠤ ᠲᠤᠮᠳᠠ ᠲᠦᠪᠰᠢᠨ ᠳ᠋ᠤ ᠤᠷᠤᠬᠤ ᠳᠤᠮᠳᠠ ᠨᠡᠩ ᠰᠠᠢᠨ ᠬᠢᠷᠢ ᠪᠦᠲᠦᠮᠵᠢ ᠣᠯᠵᠤ᠂ ᠳᠤᠮᠳᠠᠳᠤ ᠤᠯᠤᠰ᠎ᠤᠨ ᠮᠠᠶᠢᠭ ᠤ᠋ᠨ ᠣᠳᠣᠬᠢᠴᠢᠯᠠᠯᠳᠠ ᠵᠢᠨ ᠥᠪᠥᠷ ᠮᠣᠩᠭᠣᠯ᠎ᠤᠨ ᠰᠢᠨ᠎ᠡ ᠬᠠᠭᠤᠳᠠᠰᠤ᠎ᠶᠢ ᠭᠤᠢᠳᠠ ᠰᠠᠢᠬᠠᠨ ᠪᠢᠴᠢᠭᠯᠡᠬᠦ ᠬᠡᠷᠡᠭᠲᠡᠢ᠃
ᠨᠢᠭᠡ᠎ᠳᠦ᠂ ᠡᠷᠡᠰ ᠭᠤᠢᠪᠢᠰᠢ ᠦᠭᠡᠢ ᠪᠡᠷ ᠶᠡᠷᠦᠩᠬᠡᠢ ᠱᠦᠵᠢ᠎ᠶᠢᠨ ᠵᠢᠭᠠᠭᠰᠠᠨ ᠴᠢᠭᠯᠡᠯ᠎ᠢᠶᠡᠷ ᠤᠷᠤᠭᠰᠢᠯᠠᠬᠤ ᠬᠡᠷᠡᠭᠲᠡᠢ᠃ ᠡᠨᠡ ᠬᠡᠳᠦᠨ ᠵᠢᠯ᠎ᠳᠦ᠂ ᠪᠢᠳᠡ 《ᠨᠢᠭᠡ ᠭᠤᠤᠯ ᠰᠢᠵᠢᠮ》 ᠢ᠋ ᠲᠤᠭᠤᠰᠢᠯᠠᠭᠤᠯᠬᠤ᠎ᠪᠠᠷ ᠬᠥᠲᠥᠯᠥᠮᠵᠢ ᠪᠣᠯᠭᠠᠵᠤ᠂ 《ᠲᠠᠪᠤᠨ ᠶᠡᠬᠡ ᠡᠭᠦᠷᠭᠡ》 ᠵᠢ ᠭᠦᠨᠵᠡᠭᠡᠢ ᠨᠠᠢᠳᠠᠪᠤᠷᠢᠵᠢᠭᠤᠯᠤᠨ᠂ 《ᠵᠢᠷᠭᠤᠭᠠᠨ ᠢᠨᠵᠧᠨᠧᠷᠢᠩ》 ᠢ᠋ ᠶᠡᠬᠡ ᠪᠡᠷ ᠬᠡᠷᠡᠭᠵᠢᠭᠦᠯᠵᠦ᠂ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ ᠲᠠᠯ᠎ᠠ᠎ᠪᠠᠷ ᠪᠦᠲᠦᠭᠡᠨ ᠪᠠᠢᠭᠤᠯᠵᠤ᠂ ᠨᠢᠭᠡ ᠨᠢᠭᠡ ᠵᠢᠯ ᠵᠢᠡᠷ᠂ ᠨᠢᠭᠡ ᠨᠢᠭᠡ ᠠᠯᠬᠤᠮ᠎ᠢᠶᠠᠷ ᠠᠵᠢᠯᠯᠠᠭᠠᠳ᠂ ᠪᠥᠬᠥ ᠣᠷᠣᠨ᠎ᠤ ᠬᠥᠭᠵᠢᠯᠲᠡ᠎ᠳᠦ ᠰᠢᠨ᠎ᠡ ᠳᠦᠷᠰᠦ ᠪᠠᠢᠳᠠᠯ᠎ᠲᠠᠢ ᠪᠣᠯᠪᠠ᠃ ᠡᠳᠡᠭᠡᠷ ᠠᠵᠢᠯ᠎ᠤᠨ ᠠᠮᠵᠢᠯᠲᠠ ᠪᠦᠳᠦᠮᠵᠢ᠎ᠶᠢ ᠴᠥᠮ ᠶᠡᠷᠦᠩᠬᠡᠢ ᠱᠦᠵᠢ᠎ᠶᠢᠨ ᠬᠠᠯᠠᠮᠵᠢᠯᠠᠯ ᠪᠠ ᠵᠢᠯᠣᠭᠣᠳᠤᠯᠭ᠎ᠠ ᠳᠣᠣᠷ᠎ᠠ ᠣᠯᠣᠭᠰᠠᠨ ᠶᠤᠮ᠂ ᠰᠢ ᠵᠢᠨ ᠫᠢᠩ᠎ᠦᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠣᠨᠴᠠᠯᠢᠭ᠋᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭᠠᠨ᠎ᠤ 《ᠥᠪᠥᠷ ᠮᠣᠩᠭᠣᠯ᠎ᠤᠨ ᠬᠠᠭᠤᠳᠠᠰᠤ》᠂ 《ᠦᠨᠳᠦᠰᠦᠲᠡᠨ᠎ᠦ ᠬᠠᠭᠤᠳᠠᠰᠤ》 ᠵᠢᠨ ᠠᠮᠵᠢᠯᠳᠠ ᠪᠦᠳᠦᠮᠵᠢ ᠪᠣᠯᠣᠨ᠎ᠠ᠃ ᠪᠢᠳᠡ 《ᠬᠣᠶᠠᠷ᠎ᠢ ᠲᠣᠭᠲᠠᠭᠠᠬᠰᠡᠨ》 ᠢ᠋ ᠦᠨᠡᠨᠴᠢ ᠰᠢᠳᠤᠷᠭᠤ᠎ᠪᠠᠷ ᠬᠠᠮᠠᠭᠠᠯᠠᠵᠤ᠂ 《ᠬᠣᠶᠠᠷ᠎ᠢ ᠬᠠᠮᠠᠭᠠᠯᠠᠬᠤ》 ᠵᠢ ᠦᠨᠡᠨᠴᠢ ᠰᠢᠳᠤᠷᠭᠤ᠎ᠪᠠᠷ ᠦᠢᠯᠡᠳᠦᠯᠭᠡᠵᠢᠭᠦᠯᠵᠦ᠂ ᠡᠷᠡᠰ ᠭᠤᠢᠪᠢᠰᠢ ᠦᠭᠡᠢ ᠪᠡᠷ ᠶᠡᠷᠦᠩᠬᠡᠢ ᠱᠦᠵᠢ᠎ᠶᠢᠨ ᠵᠢᠭᠠᠭᠰᠠᠨ ᠴᠢᠭᠯᠡᠯ᠎ᠢᠶᠡᠷ ᠡᠷᠡᠮᠡᠭᠡᠢᠯᠡᠨ ᠤᠷᠤᠭᠰᠢᠯᠠᠵᠤ᠂《ᠨᠢᠭᠡ ᠭᠤᠤᠯ ᠰᠢᠵᠢᠮ᠎ᠢ ᠲᠤᠭᠤᠰᠢᠯᠠᠭᠤᠯᠬᠤ᠂ ᠬᠣᠶᠠᠷ ᠶᠡᠬᠡ ᠶᠠᠪᠤᠳᠠᠯ᠎ᠢ ᠰᠠᠢᠲᠤᠷ ᠬᠢᠬᠦ᠂ ᠮᠣᠩᠭᠣᠯ ᠮᠣᠷᠢᠨ᠎ᠤ ᠵᠣᠷᠢᠭ᠋ ᠰᠠᠨᠠᠭ᠎ᠠ᠎ᠶᠢ ᠪᠠᠳᠠᠷᠠᠭᠤᠯᠬᠤ᠂ ᠰᠢᠨ᠎ᠡ ᠵᠠᠮ ᠨᠡᠭᠡᠭᠡᠵᠦ ᠳᠤᠮᠳᠠ ᠲᠦᠪᠰᠢᠨ ᠳ᠋ᠤ ᠣᠷᠣᠬᠤ》 ᠲᠠᠯ᠎ᠠ ᠪᠡᠷ ᠨᠠᠩ ᠶᠡᠬᠡ ᠵᠢᠳᠬᠦᠯ ᠴᠢᠷᠮᠠᠢᠯᠭ᠎ᠠ ᠭᠠᠷᠭᠠᠵᠤ᠂ ᠶᠡᠷᠦᠩᠬᠡᠢ ᠱᠦᠵᠢ᠎ᠶᠢᠨ ᠥᠪᠥᠷ ᠮᠣᠩᠭᠣᠯ᠎ᠳᠤ ᠲᠠᠯᠪᠢᠭ᠍ᠰᠠᠨ ᠴᠢᠩ ᠰᠡᠳᠬᠢᠯ ᠤ᠋ᠨ ᠬᠦᠰᠡᠯ ᠨᠠᠢᠳᠠᠯᠭ᠎ᠠ ᠵᠢ ᠠᠯᠬᠤᠮ ᠠᠯᠬᠤᠮ᠎ᠢᠶᠠᠷ ᠰᠠᠢᠨ ᠰᠠᠢᠬᠠᠨ ᠪᠣᠳᠠᠲᠤ ᠠᠬᠤᠢ ᠪᠣᠯᠭᠠᠨ ᠬᠤᠪᠢᠷᠠᠭᠤᠯᠪᠡᠯ᠂ ᠡᠬᠡ ᠤᠯᠤᠰ᠎ᠤᠨ ᠤᠮᠠᠷᠠᠲᠤ᠎ᠶᠢᠨ ᠡᠨᠡ ᠬᠦ᠌ ᠦᠵᠡᠮᠵᠢ᠎ᠶᠢᠨ ᠣᠷᠣᠨ ᠯᠠᠪᠲᠠᠢ ᠨᠠᠩ ᠦᠵᠡᠰᠬᠦᠯᠡᠩᠲᠦ ᠰᠠᠢᠬᠠᠨ ᠪᠣᠯᠬᠤ ᠶᠤᠮ᠃
ᠬᠣᠶᠠᠷ᠎ᠲᠤ᠂ ᠴᠤᠴᠠᠯᠲᠠ ᠦᠭᠡᠢ ᠤᠷᠤᠭᠰᠢᠯᠠᠨ ᠴᠢᠨᠠᠷ ᠰᠠᠢᠲᠠᠢ ᠬᠥᠭᠵᠢᠯᠲᠡ ᠲᠡᠢᠰᠢ ᠡᠷᠡᠮᠡᠬᠡᠢᠯᠡᠨ ᠤᠷᠤᠬᠰᠢᠯᠠᠬᠤ ᠬᠡᠷᠡᠭᠲᠡᠢ᠃ ᠡᠨᠡ ᠵᠢᠯ ᠪᠢᠳᠡ 《ᠲᠠᠪᠤᠨ ᠶᠡᠬᠡ ᠡᠭᠦᠷᠭᠡ》 ᠵᠢ ᠦᠷᠭᠦᠯᠵᠢᠯᠡᠨ ᠪᠡᠶᠡᠯᠡᠭᠦᠯᠵᠦ᠂ 《ᠵᠢᠷᠭᠤᠭᠠᠨ ᠢᠨᠵᠧᠨᠧᠷᠢᠩ》 ᠢ᠋ ᠦᠷᠭᠦᠯᠵᠢᠯᠡᠨ ᠬᠡᠷᠡᠭᠵᠢᠭᠦᠯᠵᠦ᠂《ᠵᠢᠷᠭᠤᠭᠠᠨ ᠠᠵᠢᠯᠯᠠᠭ᠎ᠠ》ᠵᠢ ᠰᠦᠪᠡᠭᠴᠢᠯᠡᠨ ᠥᠷᠨᠢᠭᠦᠯᠵᠦ᠂ ᠬᠣᠶᠠᠷ ᠶᠡᠬᠡ ᠶᠠᠪᠤᠳᠠᠯ᠎ᠢ ᠲᠤᠭᠤᠰᠢᠳᠠᠢ ᠰᠠᠢᠲᠤᠷ ᠬᠢᠬᠦ ᠬᠡᠷᠡᠭᠲᠡᠢ᠃ 《ᠵᠢᠷᠭᠤᠭᠠᠨ ᠠᠵᠢᠯᠯᠠᠭ᠎ᠠ》 ᠨᠢ ᠪᠥᠬᠥ ᠲᠠᠯ᠎ᠠ᠎ᠶᠢ ᠨᠥᠯᠥᠭᠡᠯᠡᠵᠦ᠂ ᠨᠢᠭ᠍ᠲᠠ ᠬᠣᠯᠪᠣᠭ᠎ᠠ᠎ᠲᠠᠢ ᠣᠷᠭᠠᠨᠢᠭ᠋ ᠪᠦᠬᠦᠯᠢ ᠴᠣᠭᠴᠠ ᠪᠣᠯᠬᠤ ᠤᠴᠢᠷ᠎ᠡᠴᠡ ᠰᠢᠰᠲᠧᠮᠲᠦ ᠴᠢᠨᠠᠷᠲᠠᠢ᠎ᠪᠠᠷ ᠤᠬᠠᠭᠠᠯᠠᠨ ᠲᠥᠯᠥᠪᠯᠡᠵᠦ᠂ ᠨᠢᠭᠡ ᠴᠣᠭᠴᠠᠵᠢᠭᠤᠯᠤᠨ ᠠᠬᠢᠭᠤᠯᠬᠤ ᠬᠡᠷᠡᠭᠲᠡᠢ᠃ ᠴᠢᠬᠤᠯᠠ ᠶᠡᠬᠡ ᠲᠦᠷᠦᠯ ᠵᠦᠢᠯ᠎ᠢ ᠤᠬᠠᠭᠠᠯᠠᠨ ᠲᠥᠯᠥᠪᠯᠡᠬᠦ ᠠᠵᠢᠯᠯᠠᠭ᠎ᠠ ᠳᠡᠭᠡᠷ᠎ᠡ᠂《ᠠᠷᠪᠠᠨ ᠲᠠᠪᠤᠳᠤᠭᠠᠷ ᠲᠠᠪᠤᠨ ᠵᠢᠯ》 ᠤ᠋ᠨ ᠬᠡᠷᠡᠭᠴᠡᠭᠡ᠎ᠳᠦ ᠬᠠᠨᠳᠤᠭᠤᠯᠤᠨ ᠨᠥᠭᠡᠴᠡᠯᠡᠯᠳᠡ᠎ᠶᠢ ᠠᠳᠬᠤᠵᠤ ᠪᠦᠲᠦᠭᠡᠨ ᠪᠠᠢᠭᠤᠯᠤᠯᠲᠠ᠎ᠶᠢ ᠠᠳᠬᠤᠵᠤ᠂ ᠵᠠᠬ᠎ᠠ ᠳᠡᠯᠭᠡᠭᠦᠷ᠎ᠡᠴᠡ ᠲᠦᠷᠦᠯ ᠵᠦᠢᠯ ᠣᠯᠵᠤ᠂ ᠲᠦᠷᠦ᠎ᠶᠢᠨ ᠪᠣᠳᠣᠯᠭ᠎ᠠ᠎ᠡᠴᠡ ᠲᠦᠷᠦᠯ ᠵᠦᠢᠯ ᠣᠯᠵᠤ᠂ ᠠᠷᠭ᠎ᠠ ᠪᠦᠬᠦᠨ᠎ᠢ ᠰᠦᠪᠡᠭᠴᠢᠯᠡᠵᠦ ᠲᠣᠭ᠎ᠠ ᠬᠡᠮᠵᠢᠶ᠎ᠡ ᠭᠦᠢᠴᠡᠳ᠂ ᠶᠠᠰᠤ ᠴᠢᠨᠠᠷ ᠰᠠᠢᠨ᠂ ᠬᠡᠷᠡᠭᠵᠢᠭᠦᠯᠵᠦ ᠪᠣᠯᠬᠤᠢᠴᠠ ᠪᠦᠲᠦᠭᠡᠨ ᠪᠠᠢᠭᠤᠯᠤᠯᠲᠠ᠎ᠶᠢᠨ ᠲᠦᠷᠦᠯ ᠵᠦᠢᠯ᠎ᠢ ᠨᠥᠭᠡᠴᠡᠯᠡᠵᠦ᠂ ᠪᠡᠯᠡ ᠣᠷᠣᠭᠤᠯᠬᠤ ᠡᠨᠡ ᠬᠦ᠌ 《ᠮᠣᠷᠢᠨ ᠲᠡᠷᠭᠡ》 ᠵᠢᠨ ᠬᠥᠳᠡᠯᠭᠡᠬᠦ ᠬᠦᠴᠦᠨ᠎ᠢ ᠨᠡᠩ ᠬᠦᠴᠦᠳᠠᠢ ᠪᠣᠯᠭᠠᠬᠤ ᠬᠡᠷᠡᠭᠲᠡᠢ᠃ ᠠᠵᠤ ᠠᠬᠤᠢᠯᠠᠯ᠎ᠢ ᠲᠤᠰᠠᠯᠠᠬᠤ ᠠᠵᠢᠯᠯᠠᠭ᠎ᠠ᠎ᠶᠢᠨ ᠲᠠᠯ᠎ᠠ᠎ᠪᠠᠷ᠂ ᠲᠤᠰᠬᠠᠢ ᠦᠢᠯᠡᠴᠢᠯᠡᠭᠡᠨ᠎ᠦ ᠪᠠᠢᠭᠤᠯᠤᠮᠵᠢ᠎ᠶᠢ ᠪᠦᠷᠢᠨᠰᠢᠭᠦᠯᠵᠦ᠂ ᠲᠣᠰ ᠲᠣᠰ᠎ᠤᠨ ᠡᠬᠦᠷᠭᠡ ᠬᠠᠷᠢᠭᠤᠴᠠᠯᠭ᠎ᠠ᠎ᠪᠠᠨ ᠭᠦᠢᠴᠡᠳᠬᠡᠵᠦ ᠠᠵᠤ ᠠᠬᠤᠢᠯᠠᠯ᠎ᠢ ᠬᠠᠪᠰᠤᠷᠤᠨ ᠬᠦᠴᠢᠷᠳᠡᠯ᠎ᠢ ᠨᠢ ᠰᠢᠢᠳᠪᠦᠷᠢᠯᠡᠨ ᠥᠭᠴᠦ᠂ ᠤᠯᠤᠰ᠎ᠤᠨ ᠥᠮᠴᠢᠯᠡᠯ᠎ᠦᠨ ᠠᠵᠤ ᠠᠬᠤᠢᠯᠠᠯ ᠪᠠ ᠠᠷᠠᠳ᠎ᠤᠨ ᠡᠵᠡᠩᠨᠡᠯᠲᠡ᠎ᠶᠢᠨ ᠠᠵᠤ ᠠᠬᠤᠢᠯᠠᠯ᠎ᠳᠤ ᠨᠢᠭᠡ ᠯᠡ ᠠᠳᠠᠯᠢ᠎ᠪᠠᠷ ᠬᠠᠨᠳᠤᠵᠤ᠂ ᠨᠢᠭᠡ ᠰᠡᠳᠬᠢᠯ ᠨᠢᠭᠡ ᠵᠣᠷᠢᠭ᠋᠎ᠢᠶᠠᠷ ᠠᠵᠤ ᠠᠬᠤᠢᠯᠠᠯ᠎ᠢ ᠬᠠᠪᠰᠤᠷᠤᠨ ᠤᠴᠢᠷ ᠶᠠᠪᠤᠳᠠᠯ᠎ᠢ ᠣᠷᠣᠯᠠᠨ ᠭᠦᠢᠴᠡᠳᠬᠡᠵᠦ ᠥᠭᠬᠦ ᠬᠡᠷᠡᠭᠲᠡᠢ᠃ ᠠᠵᠢᠯ ᠣᠯᠭᠣᠯᠲᠠ᠎ᠶᠢ ᠠᠬᠢᠭᠤᠯᠬᠤ ᠠᠵᠢᠯᠯᠠᠭ᠎ᠠ᠎ᠶᠢᠨ ᠲᠠᠯ᠎ᠠ᠎ᠪᠠᠷ᠂ ᠠᠷᠭ᠎ᠠ ᠪᠦᠬᠦᠨ᠎ᠢ ᠰᠦᠪᠡᠭᠴᠢᠯᠡᠨ ᠠᠵᠤ ᠠᠬᠤᠢᠯᠠᠯ᠎ᠢ ᠢᠯᠡᠭᠦᠬᠡᠨ ᠡᠷᠬᠢᠯᠡᠵᠤ ᠬᠡᠷᠡᠭᠴᠡᠭᠡ᠎ᠶᠢ ᠥᠷᠭᠡᠳᠬᠡᠨ᠂ ᠬᠡᠷᠡᠭᠴᠡᠭᠡ᠎ᠶᠢ ᠤᠨᠢᠯᠠᠨ ᠪᠣᠯᠪᠠᠰᠤᠷᠠᠯ᠎ᠢ ᠴᠢᠩᠭᠠᠳᠬᠠᠵᠤ᠂ ᠬᠠᠩᠭᠠᠯᠭ᠎ᠠ ᠬᠡᠷᠡᠭᠴᠡᠭᠡ᠎ᠶᠢ ᠵᠤᠯᠭᠠᠭᠤᠯᠤᠨ ᠣᠢᠷ᠎ᠠ ᠬᠠᠪᠢ᠎ᠡᠴᠡ ᠪᠠᠨ ᠠᠵᠢᠯᠴᠢᠨ ᠬᠡᠷᠡᠭᠯᠡᠬᠦ᠎ᠶᠢ ᠠᠬᠢᠭᠤᠯᠵᠤ᠂ 《ᠠᠵᠢᠯᠴᠢᠨ ᠪᠠᠢᠭᠠᠳ ᠬᠢᠬᠦ ᠠᠵᠢᠯ ᠦᠭᠡᠢ》 ᠪᠠ 《ᠠᠵᠢᠯ ᠪᠠᠢᠭᠠᠳ ᠬᠢᠬᠦ ᠬᠥᠮᠥᠨ ᠦᠭᠡᠢ》 ᠠᠰᠠᠭᠤᠳᠠᠯ᠎ᠢ ᠰᠠᠢᠲᠤᠷ ᠰᠢᠢᠳᠪᠦᠷᠢᠯᠡᠬᠦ ᠬᠡᠷᠡᠭᠲᠡᠢ᠃ ᠤᠰᠤ ᠠᠷᠪᠢᠯᠠᠬᠤ ᠠᠵᠢᠯᠯᠠᠭ᠎ᠠ᠎ᠵᠢᠨ ᠲᠠᠯ᠎ᠠ ᠪᠡᠷ᠂ ᠵᠠᠬ᠎ᠠ ᠳᠡᠯᠭᠡᠭᠦᠷ᠎ᠦᠨ ᠠᠷᠭ᠎ᠠ ᠪᠠᠷᠢᠯ᠎ᠢ ᠣᠷᠣᠭᠤᠯᠤᠨ ᠠᠪᠴᠢᠷᠠᠵᠤ᠂ ᠦᠨ᠎ᠡ ᠬᠠᠩᠰᠢ᠎ᠶᠢᠨ ᠬᠥᠰᠢᠭᠦᠷᠭᠡ᠎ᠶᠢ ᠬᠡᠷᠡᠭᠯᠡᠵᠦ᠂ ᠬᠤᠳᠠ ᠬᠥᠳᠡᠭᠡ ᠲᠣᠰᠬᠣᠨ᠂ ᠠᠵᠤ ᠦᠢᠯᠡᠳᠪᠦᠷᠢ ᠲᠠᠷᠢᠶᠠᠯᠠᠩ᠂ ᠦᠢᠯᠡᠳᠪᠦᠷᠢᠯᠡᠯ ᠠᠮᠢᠳᠤᠷᠠᠯ᠎ᠤᠨ ᠪᠦᠬᠦ ᠲᠠᠯ᠎ᠠ᠎ᠪᠠᠷ ᠤᠰᠤ ᠠᠷᠪᠢᠯᠠᠬᠤ᠎ᠶᠢ ᠠᠬᠢᠭᠤᠯᠵᠤ᠂ ᠥᠪᠥᠷ ᠮᠣᠩᠭᠣᠯ᠎ᠤᠨ ᠣᠷᠣᠰᠢᠯ ᠲᠣᠭᠲᠠᠨᠢᠯ ᠪᠠ ᠬᠥᠭᠵᠢᠯᠲᠡ᠎ᠶᠢᠨ《ᠠᠮᠢᠨ ᠭᠤᠤᠯ》᠎ᠢ᠋ ᠪᠠᠲᠤᠯᠠᠬᠤ ᠬᠡᠷᠡᠭᠲᠡᠢ᠃ ᠣᠷᠣᠨ ᠪᠦᠰᠡ᠎ᠶᠢᠨ ᠬᠠᠮᠲᠤᠷᠠᠯᠴᠠᠭ᠎ᠠ᠎ᠶᠢ ᠭᠦᠨᠵᠡᠭᠡᠢᠷᠡᠭᠦᠯᠬᠦ ᠠᠵᠢᠯᠯᠠᠭ᠎ᠠ᠎ᠵᠢᠨ ᠲᠠᠯ᠎ᠠ ᠪᠡᠷ᠂ ᠳᠣᠲᠣᠭᠠᠳᠤ ᠭᠠᠳᠠᠭᠠᠳᠤ ᠨᠡᠭᠡᠭᠡᠯᠲᠡ᠎ᠶᠢ ᠥᠷᠭᠡᠳᠬᠡᠵᠦ᠂ ᠪᠡᠭᠡᠵᠢᠩ ᠥᠪᠥᠷ ᠮᠣᠩᠭᠣᠯ᠎ᠤᠨ ᠪᠦᠬᠦ ᠲᠠᠯ᠎ᠠ᠎ᠶᠢᠨ ᠬᠠᠮᠲᠤᠷᠠᠯᠴᠠᠭ᠎ᠠ᠎ᠶᠢ ᠥᠷᠭᠡᠳᠬᠡᠵᠦ᠂ ᠪᠠᠢᠬᠤ ᠪᠠ ᠦᠭᠡᠢ᠎ᠪᠡᠨ ᠰᠣᠯᠢᠯᠴᠠᠵᠤ᠂ ᠳᠠᠪᠠᠭᠤᠯᠢᠭ᠋᠎ᠢᠶᠠᠨ ᠪᠠᠳᠠᠷᠠᠭᠤᠯᠵᠤ ᠳᠤᠲᠠᠭᠤᠳᠠᠯ᠎ᠢᠶᠠᠨ ᠨᠥᠬᠥᠪᠦᠷᠢᠯᠡᠵᠦ᠂ 《ᠨᠠᠢᠵᠠ᠎ᠶᠢᠨ ᠲᠣᠭᠣᠷᠢᠭ᠋》᠎ᠢ᠋ ᠦᠢᠯᠡᠳᠪᠦᠷᠢᠯᠡᠯ᠎ᠦᠨ ᠬᠦᠴᠦᠨ ᠪᠤᠢ ᠪᠤᠯᠭᠠᠬᠤ ᠬᠡᠷᠡᠭᠲᠡᠢ᠃ ᠤᠮᠠᠷᠠᠲᠤ ᠬᠢᠯᠢ᠎ᠶᠢᠨ ᠰᠣᠶᠣᠯ᠎ᠤᠨ ᠪᠠᠢᠭᠤᠯᠤᠯᠲᠠ᠎ᠶᠢᠨ ᠳᠡᠭᠡᠭᠰᠢᠯᠡᠭᠦᠯᠬᠦ ᠠᠵᠢᠯᠯᠠᠭ᠎ᠠ᠎ᠵᠢᠨ ᠲᠠᠯ᠎ᠠ ᠪᠡᠷ᠂ ᠴᠢᠷᠮᠠᠢᠭᠰᠠᠨ ᠳᠡᠭᠡᠷ᠎ᠡ᠎ᠪᠡᠨ ᠴᠢᠷᠮᠠᠢᠵᠤ᠂ ᠬᠠᠯᠠᠭᠤᠨ ᠳᠡᠭᠡᠷ᠎ᠡ ᠨᠢ ᠬᠦᠨᠵᠡᠬᠡᠢᠷᠡᠬᠦᠯᠦᠨ ᠠᠬᠢᠭᠤᠯᠵᠤ᠂ ᠤᠮᠠᠷᠠᠲᠤ ᠬᠢᠯᠢ᠎ᠶᠢᠨ ᠰᠣᠶᠣᠯ ᠭᠡᠬᠦ ᠡᠨᠡ ᠬᠦ᠌ 《ᠪᠠᠶᠠᠨ ᠠᠭᠤᠷᠬᠠᠢ》 ᠵᠢ ᠭᠦᠨ ᠮᠠᠯᠲᠠᠵᠤ ᠨᠠᠷᠢᠯᠢᠭ᠋ ᠡᠵᠡᠩᠨᠡᠵᠤ᠂ ᠥᠪᠥᠷ ᠮᠣᠩᠭᠣᠯ᠎ᠢ ᠨᠡᠷ᠎ᠡ ᠢᠳᠡᠷ ᠲᠠᠬᠡᠨ ᠨᠡᠢᠴᠡᠭᠰᠡᠨ ᠰᠣᠶᠣᠯ᠎ᠤᠨ ᠲᠤᠮᠤ ᠣᠷᠣᠨᠪᠤᠯᠭᠠᠨ ᠪᠦᠳᠦᠭᠡᠨ ᠪᠠᠢᠭᠤᠯᠬᠤ ᠬᠡᠷᠡᠭᠲᠡᠢ᠃
ᠭᠤᠷᠪᠠ᠎ᠳᠤ᠂ ᠡᠷᠡᠰ ᠭᠤᠢᠪᠢᠰᠢ ᠦᠭᠡᠢ᠎ᠪᠡᠷ ᠡᠯ᠎ᠡ ᠬᠦᠷᠢᠶᠡᠨ ᠳ᠋ᠡᠬᠢ ᠥᠭᠡᠷᠡᠴᠢᠯᠡᠯᠲᠡ᠎ᠶᠢ ᠠᠬᠢᠭᠤᠯᠬᠤ ᠬᠡᠷᠡᠭᠲᠡᠢ᠃ ᠥᠭᠡᠷᠡᠴᠢᠯᠡᠯᠲᠡ ᠪᠣᠯ ᠤᠯᠤᠰ ᠲᠦᠷᠦ᠎ᠶᠢᠨ ᠡᠭᠦᠷᠭᠡ ᠮᠥᠨ᠂ ᠪᠠᠰᠠ ᠴᠤ᠌ ᠬᠥᠭᠵᠢᠯᠲᠡ᠎ᠶᠢᠨ ᠬᠦᠴᠢᠷ ᠠᠰᠠᠭᠤᠳᠠᠯ᠎ᠢ ᠰᠢᠢᠳᠪᠦᠷᠢᠯᠡᠬᠦ ᠲᠦᠯᠬᠢᠭᠦᠷ ᠮᠥᠨ᠃ ᠪᠢᠳᠡ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠤᠷᠢᠶ᠎ᠠ᠎ᠵᠢᠨ ᠭᠤᠷᠪᠠᠳᠤᠭᠠᠷ ᠪᠦᠬᠦᠳᠡ ᠬᠤᠷᠠᠯ᠎ᠤᠨ ᠵᠣᠷᠢᠭ᠋ ᠰᠠᠨᠠᠭ᠎ᠠ᠎ᠶᠢ ᠭᠦᠨᠵᠡᠭᠡᠢ ᠲᠤᠭᠤᠰᠢᠯᠠᠭᠤᠯᠵᠤ᠂ ᠬᠣᠷᠸ᠎ᠠ ᠲᠠᠯ᠎ᠠ᠎ᠡᠴᠡ ᠪᠣᠳᠣᠯᠬᠢᠯᠠᠨ᠂ ᠨᠢᠭᠡ ᠪᠦᠯᠦᠭ ᠴᠢᠬᠤᠯᠠ ᠶᠡᠬᠡ ᠲᠦᠷᠦ᠎ᠶᠢᠨ ᠪᠣᠳᠣᠯᠭ᠎ᠠ ᠠᠷᠭ᠎ᠠ ᠬᠡᠮᠵᠢᠶ᠎ᠡ᠎ᠶᠢ ᠨᠡᠢᠲᠡᠯᠡᠨ ᠬᠡᠷᠡᠭᠵᠢᠭᠦᠯᠬᠦ᠎ᠶᠢ ᠠᠬᠢᠭᠤᠯᠬᠤ ᠬᠡᠷᠡᠭᠲᠡᠢ; ᠬᠤᠮᠠᠬᠢ ᠲᠠᠯ᠎ᠠ᠎ᠡᠴᠡ ᠭᠠᠷᠳᠠᠵᠤ᠂ ᠠᠯᠳᠠᠭ᠎ᠠ ᠪᠤᠷᠤᠭᠤ᠎ᠪᠠᠨ ᠵᠠᠯᠠᠷᠠᠭᠤᠯᠬᠤ᠂ ᠲᠣᠭᠲᠡᠴᠡ᠎ᠶᠢ ᠥᠭᠡᠷᠡᠴᠢᠯᠡᠬᠦ᠂ ᠪᠠᠢᠷᠢᠰᠢᠭᠤᠯᠤᠯᠲᠠ᠎ᠶᠢ ᠥᠭᠡᠷᠡᠴᠢᠯᠡᠬᠦ᠂ ᠰᠤᠷᠲᠠᠯ᠎ᠢ ᠰᠠᠢᠵᠢᠷᠠᠭᠤᠯᠬᠤ᠎ᠶᠢ ᠨᠢᠭᠡ ᠴᠣᠭᠴᠠᠵᠢᠭᠤᠯᠤᠨ ᠠᠬᠢᠭᠤᠯᠵᠤ᠂ ᠥᠭᠡᠷᠡᠴᠢᠯᠡᠯᠲᠡ᠎ᠶᠢ ᠪᠠᠢᠩᠭᠤ ᠦᠷ᠎ᠡ ᠪᠦᠲᠦᠮᠵᠢ᠎ᠲᠠᠢ ᠪᠣᠯᠭᠠᠵᠤ᠂ ᠬᠥᠭᠵᠢᠯᠲᠡ᠎ᠶᠢ ᠠᠮᠢᠵᠢᠷᠠᠯ᠎ᠤᠨ ᠬᠦᠴᠦᠨ᠎ᠢᠶᠡᠷ ᠪᠢᠯᠬᠠᠭᠤᠯᠬᠤ ᠬᠡᠷᠡᠭᠲᠡᠢ᠃ ᠥᠭᠡᠷᠡᠴᠢᠯᠡᠯᠲᠡ᠎ᠶᠢᠨ ᠰᠡᠳᠬᠢᠴᠡ ᠨᠢ ᠠᠰᠠᠭᠤᠳᠠᠯ᠎ᠤᠨ ᠲᠤᠳᠤᠷ᠎ᠠ ᠪᠤᠢ᠂ ᠥᠭᠡᠷᠡᠴᠢᠯᠡᠯᠲᠡ᠎ᠶᠢᠨ ᠠᠷᠭ᠎ᠠ ᠨᠢ ᠵᠠᠬ᠎ᠠ ᠳᠡᠯᠭᠡᠭᠦᠷ᠎ᠲᠦ ᠪᠠᠢᠨ᠎ᠠ᠃ ᠠᠷᠬᠠᠭ ᠬᠡᠮ᠎ᠳᠦ ᠮᠡᠰᠡ ᠵᠠᠰᠠᠯ ᠬᠢᠵᠦ᠂ ᠠᠷᠬᠠᠭ ᠬᠡᠮ᠎ᠢ ᠵᠠᠰᠠᠬᠤ ᠪᠡᠷ ᠬᠦᠴᠦᠯᠡᠬᠦ ᠬᠡᠷᠡᠭᠲᠡᠢ᠂ ᠠᠵᠤ ᠠᠬᠤᠢ᠎ᠶᠢᠨ ᠴᠢᠨᠠᠷ ᠰᠠᠢᠲᠠᠢ ᠬᠥᠭᠵᠢᠯᠲᠡ ᠪᠠ ᠨᠡᠢᠭᠡᠮ᠎ᠦᠨ ᠥᠨᠳᠥᠷ ᠪᠦᠲᠦᠮᠵᠢᠲᠡᠶ ᠵᠠᠰᠠᠯᠲᠠ᠎ᠶᠢ ᠨᠥᠯᠥᠭᠡᠯᠡᠵᠦ ᠪᠠᠢᠭ᠎ᠠ ᠲᠦᠭᠵᠢᠷᠡᠯ ᠠᠰᠠᠭᠤᠳᠠᠯ ᠪᠠ ᠬᠣᠷᠢᠭ᠎ᠠ ᠴᠡᠭ᠎ᠢ ᠡᠷᠡᠰ ᠠᠷᠢᠯᠭᠠᠵᠤ᠂ ᠦᠨᠳᠦᠰᠦᠨ᠎ᠡᠴᠡ ᠨᠢ ᠰᠢᠢᠳᠪᠦᠷᠢᠯᠡᠵᠦ ᠪᠠᠢᠭᠤᠯᠤᠯ ᠲᠣᠭᠲᠡᠴᠡ᠎ᠶᠢᠨ ᠬᠠᠷᠰᠢ ᠰᠠᠭᠠᠳ᠎ᠢ ᠠᠷᠢᠯᠭᠠᠵᠤ᠂ ᠥᠭᠡᠷᠡᠴᠢᠯᠡᠯᠲᠡ᠎ᠪᠡᠷ ᠬᠦᠴᠢᠷ ᠠᠰᠠᠭᠤᠳᠠᠯ᠎ᠢ ᠰᠢᠢᠳᠪᠦᠷᠢᠯᠡᠵᠦ ᠰᠢᠨ᠎ᠡ ᠪᠠᠢᠳᠠᠯ᠎ᠢ ᠨᠡᠬᠡᠬᠡᠬᠦ ᠬᠡᠷᠡᠭᠲᠡᠢ᠃ ᠮᠠᠨ᠎ᠤ ᠣᠷᠣᠨ᠎ᠤ 《ᠨᠢᠳᠤᠨ ᠳ᠋ᠤ ᠦᠵᠡᠭᠳᠡᠬᠦ ᠭᠠᠷ》 ᠬᠦᠴᠦᠷᠭᠡᠭ᠂ 《ᠦᠯᠦ ᠦᠵᠡᠭᠳᠡᠬᠦ ᠭᠠᠷ》 ᠪᠠᠭᠤᠷᠠᠢ ᠪᠠᠢᠵᠤ᠂ ᠦᠷ᠎ᠡ ᠪᠦᠲᠦᠮᠵᠢᠲᠡᠶ ᠵᠠᠬ᠎ᠠ ᠳᠡᠯᠭᠡᠭᠦᠷ ᠪᠣᠯᠣᠨ ᠵᠢᠳᠬᠦᠯ ᠴᠢᠷᠮᠠᠢᠯᠭ᠎ᠠ ᠲᠠᠢ ᠵᠠᠰᠠᠭ᠎ᠤᠨ ᠣᠷᠳᠣᠨ᠎ᠤ ᠬᠠᠷᠢᠴᠠᠭ᠎ᠠ᠎ᠶᠢ ᠰᠠᠢᠲᠤᠷ ᠨᠢᠭᠡᠳᠦᠯᠲᠡᠢ ᠲᠥᠯᠥᠪᠵᠢᠭᠦᠯᠵᠦ᠂ ᠬᠠᠮᠢᠶᠠᠷᠬᠤ ᠶᠣᠰᠣᠲᠠᠢ᠎ᠶᠢ ᠨᠢ ᠰᠠᠢᠲᠤᠷ ᠬᠠᠮᠢᠶᠠᠷᠴᠤ᠂ ᠬᠠᠮᠢᠶᠠᠷᠬᠤ᠎ᠳᠤ ᠵᠤᠬᠢᠬᠤ ᠦᠭᠡᠢ᠎ᠶᠢ ᠨᠢ ᠵᠠᠬ᠎ᠠ ᠳᠡᠯᠭᠡᠭᠦᠷ᠎ᠲᠦ ᠴᠢᠯᠦᠭᠡᠲᠡᠢ ᠲᠤᠰᠢᠶᠠᠨ ᠥᠭᠴᠦ᠂ ᠵᠠᠬ᠎ᠠ ᠳᠡᠯᠭᠡᠭᠦᠷᠴᠢᠯᠡᠭᠰᠡᠨ ᠠᠷᠭ᠎ᠠ ᠪᠠᠷᠢᠯ ᠳᠤ ᠲᠦᠰᠢᠭᠯᠡᠨ ᠠᠵᠤ ᠠᠬᠤᠢ᠎ᠶᠢᠨ ᠬᠥᠭᠵᠢᠯᠲᠡ᠎ᠶᠢᠨ ᠲᠦᠪᠰᠢᠨ᠂ ᠨᠡᠢᠭᠡᠮ᠎ᠦᠨ ᠵᠠᠰᠠᠯᠲᠠ᠎ᠶᠢᠨ ᠲᠦᠪᠰᠢᠨ ᠪᠣᠯᠣᠨ ᠣᠯᠠᠨ ᠲᠦᠮᠡᠨ᠎ᠳᠦ ᠦᠢᠯᠡᠴᠢᠯᠡᠬᠦ ᠲᠦᠪᠰᠢᠨ᠎ᠢ ᠳᠡᠭᠡᠭᠰᠢᠯᠡᠭᠦᠯᠬᠦ ᠬᠡᠷᠡᠭᠲᠡᠢ᠃
ᠳᠥᠷᠪᠡ᠎ᠳᠦ᠂ ᠠᠷᠭ᠎ᠠ ᠪᠦᠬᠦᠨ᠎ᠢ ᠰᠦᠪᠡᠭᠴᠢᠯᠡᠵᠦ ᠤᠯᠠᠨ ᠲᠦᠮᠡᠨ᠎ᠦ ᠪᠠᠴᠢᠮᠳᠠᠵᠤ ᠲᠦᠪᠡᠭᠳᠠᠵᠤ ᠵᠣᠪᠠᠨᠢᠵᠤ ᠬᠦᠰᠡᠵᠦ ᠪᠠᠢᠭ᠎ᠠ ᠠᠰᠠᠭᠤᠳᠠᠯ᠎ᠢ ᠰᠢᠢᠳᠪᠦᠷᠢᠯᠡᠵᠦ ᠥᠭᠬᠦ ᠬᠡᠷᠡᠭᠲᠡᠢ᠃ ᠨᠢᠳᠤᠨᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠪᠠ ᠵᠠᠰᠠᠭ᠎ᠤᠨ ᠣᠷᠳᠣᠨ᠎ᠡᠴᠡ ᠪᠥᠬᠥ ᠣᠷᠣᠨ᠎ᠤ ᠠᠷᠠᠳ ᠲᠦᠮᠡᠨ᠎ᠳᠦ᠄ ᠦᠨᠳᠦᠰᠦᠨ ᠠᠷᠠᠳ ᠤᠨ ᠠᠮᠢᠳᠤᠷᠠᠯ᠎ᠤᠨ ᠪᠠᠲᠤᠯᠠᠭ᠎ᠠ᠎ᠶᠢᠨ ᠪᠠᠷᠢᠮᠵᠢᠶ᠎ᠠ᠎ᠶᠢ ᠪᠥᠬᠥ ᠤᠯᠤᠰ ᠤᠨ ᠳᠤᠮᠳᠠᠴᠢ ᠲᠦᠪᠰᠢᠨ᠎ᠳᠦ ᠬᠦᠷᠭᠡᠬᠦ ᠪᠤᠶᠤ ᠲᠡᠭᠦᠨ᠎ᠡᠴᠡ ᠳᠠᠪᠠᠭᠤᠯᠵᠤ᠂ ᠠᠷᠠᠳ ᠣᠯᠠᠨ᠎ᠤ ᠳᠠᠭᠠᠷᠠᠵᠤ ᠪᠡᠭᠡᠷᠡᠬᠦ ᠠᠰᠠᠭᠤᠳᠠᠯ᠎ᠢ ᠲᠤᠢᠯᠪᠤᠷᠢᠲᠠᠢ ᠰᠢᠢᠳᠪᠦᠷᠢᠯᠡᠨ᠎ᠡ ᠭᠡᠵᠦ ᠠᠮᠠᠯᠳᠠᠪᠠ᠃ ᠠᠷᠠᠳ᠎ᠤᠨ ᠠᠮᠢᠳᠤᠷᠠᠯ᠎ᠤᠨ ᠡᠨᠡ ᠬᠣᠶᠠᠷ ᠶᠡᠬᠡ ᠶᠠᠪᠤᠳᠠᠯ᠎ᠢ ᠤᠳᠤ ᠴᠥᠮ ᠪᠡᠶᠡᠯᠡᠭᠦᠯᠪᠡ᠃ ᠡᠯ᠎ᠡ ᠭᠠᠵᠠᠷ᠎ᠤᠨ ᠬᠢᠨ ᠴᠦ᠍ ᠴᠥᠭᠡᠨ ᠪᠤᠰᠤ ᠪᠣᠳᠠᠲᠤ ᠶᠠᠪᠤᠳᠠᠯ ᠬᠢᠵᠦ᠂ ᠵᠠᠷᠢᠮ ᠨᠢ ᠬᠣᠲᠠ᠎ᠶᠢᠨ 《ᠬᠠᠭᠤᠴᠢᠨ ᠪᠠᠢᠰᠢᠨᠭ᠌ ᠬᠡᠷ》 ᠢ᠋ ᠠᠷᠠᠳ ᠣᠯᠠᠨ᠎ᠤ 《ᠰᠡᠳᠬᠢᠯ᠎ᠢ ᠲᠤᠯᠠᠭᠠᠴᠠᠭᠤᠯᠤᠬᠰᠠᠨ ᠪᠠᠭᠤᠴᠠ》 ᠪᠣᠯᠭᠠᠨ ᠬᠤᠪᠢᠷᠠᠭᠤᠯᠵᠤ᠂ ᠵᠠᠷᠢᠮ ᠨᠢ ᠲᠤᠬᠠᠢ᠎ᠶᠢᠨ ᠭᠠᠵᠠᠷ᠎ᠤᠨ ᠬᠠᠮᠤᠭ᠎ᠤᠨ ᠰᠡᠭᠦᠯᠴᠢ᠎ᠶᠢᠨ 《ᠲᠡᠭᠷᠢ᠎ᠵᠢᠨ ᠴᠢᠷᠠᠢ ᠬᠠᠷᠠᠵᠤ ᠴᠠᠬᠢᠯᠭᠠᠨ ᠬᠡᠷᠡᠭᠯᠡᠵᠦ ᠪᠠᠢᠬᠰᠠᠨ》 ᠭᠠᠴᠠᠭᠠᠨ᠎ᠳᠤ ᠴᠠᠬᠢᠯᠭᠠᠨ ᠨᠠᠪᠲᠠᠷᠡᠭᠦᠯᠵᠦ᠂ ᠣᠯᠠᠨ ᠲᠦᠮᠡᠨ᠎ᠦ ᠮᠠᠭᠲᠠᠭᠠᠯ ᠰᠠᠢᠰᠢᠶᠠᠯ᠎ᠢ ᠣᠯᠣᠭᠰᠠᠨ ᠪᠠᠢᠨ᠎ᠠ᠃ ᠠᠷᠠᠳ ᠲᠦᠮᠡᠨ᠎ᠳᠦ ᠦᠢᠯᠡᠴᠢᠯᠡᠬᠦ ᠪᠠᠨ ᠬᠡᠵᠢᠶᠡᠳᠡ ᠵᠤᠬᠰᠤᠵᠤ ᠪᠣᠯᠬᠤ ᠦᠭᠡᠢ᠂ ᠪᠢᠳᠡ ᠤᠯᠠᠨ ᠲᠦᠮᠡᠨ᠎ᠦ ᠠᠮᠤᠷ ᠲᠦᠪᠰᠢᠨ ᠬᠠᠯᠠᠭᠤᠨ ᠬᠦᠢᠳᠡᠨ᠂ ᠢᠳᠡᠵᠦ ᠡᠮᠦᠰᠬᠦ ᠶᠠᠪᠤᠵᠤ ᠰᠠᠭᠤᠬᠤ᠎ᠶᠢ ᠴᠠᠭ ᠢᠮᠠᠭᠲᠠ ᠰᠡᠳᠬᠢᠯ᠎ᠳᠡᠭᠡᠨ ᠪᠤᠳᠤᠵᠤ ᠶᠠᠪᠤᠬᠤ ᠬᠡᠷᠡᠭᠲᠡᠢ᠃ ᠦᠨᠳᠦᠰᠦᠨ ᠱᠠᠲᠤᠨ᠎ᠤ ᠨᠠᠮ᠎ᠤᠨ ᠬᠤᠷᠢᠶ᠎ᠠ ᠪᠠ ᠵᠠᠰᠠᠭ᠎ᠤᠨ ᠣᠷᠳᠣᠨ᠎ᠳᠤ ᠴᠥᠮ ᠤᠯᠠᠨ ᠲᠦᠮᠡᠨ᠎ᠦ ᠪᠠᠴᠢᠮᠳᠠᠵᠤ ᠲᠦᠪᠡᠭᠳᠡᠵᠦ ᠵᠤᠪᠠᠨᠢᠵᠤ ᠬᠦᠰᠡᠵᠦ᠍ ᠪᠠᠢᠭ᠎ᠠ 《ᠠᠰᠠᠭᠤᠳᠠᠯ᠎ᠤᠨ ᠨᠠᠷᠢᠨ ᠲᠠᠩᠰᠠ》 ᠪᠠᠢᠬᠤ ᠬᠡᠷᠡᠭ᠌ᠲᠡᠢ᠂ ᠠᠯᠢ ᠠᠢᠯ ᠠᠯᠢ ᠡᠷᠦᠬᠡ ᠨᠢ ᠶᠠᠮᠠᠷ ᠬᠦᠴᠢᠷᠳᠡᠯ ᠪᠠᠢᠬᠤ ᠳᠤᠬᠠᠢ ᠳᠣᠲᠣᠷ᠎ᠠ᠎ᠪᠠᠨ ᠴᠦᠮ ᠲᠣᠭ᠎ᠠ᠎ᠲᠠᠶ ᠪᠠᠢᠵᠤ᠂ ᠴᠠᠭ ᠲᠤᠬᠠᠢᠳᠤᠨᠢ ᠱᠢᠢᠳᠪᠦᠷᠢᠯᠡᠬᠦ᠌ ᠬᠡᠷᠡᠭ᠌ᠲᠡᠢ᠃ ᠠᠷᠠᠳ᠎ᠤᠨ ᠠᠮᠢᠳᠤᠷᠠᠯ᠎ᠤᠨ ᠨᠢᠭᠡᠨ ᠠᠰᠠᠭᠤᠳᠠᠯ᠎ᠢ ᠦᠨᠡᠨ ᠪᠣᠳᠠᠲᠠᠶ ᠱᠢᠶ᠋ᠳᠪᠦᠷᠢᠯᠡᠬᠦ᠌ ᠨᠢ ᠲᠦᠮᠡ ᠬᠡᠯᠡᠵᠤ ᠮᠢᠩᠭ᠎ᠠ ᠶᠠᠷᠢᠬᠰᠠᠨ ᠤᠬᠠᠭᠤᠯᠭ᠎ᠠ ᠡᠴᠡ ᠬᠤᠯᠠ ᠲᠡᠬᠡᠷ᠎ᠡ ᠶᠤᠮ᠃ ᠡᠨᠡ ᠤᠳᠠᠭᠠᠨ᠎ᠤ ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠳᠦ ᠵᠢᠭ᠍ᠰᠠᠭᠠᠭ᠍ᠰᠠᠨ ᠠᠷᠠᠳ᠎ᠤᠨ ᠠᠮᠢᠳᠤᠷᠠᠯ᠎ᠤᠨ ᠪᠣᠳᠠᠲᠤ ᠶᠠᠪᠤᠳᠠᠯ᠎ᠢ ᠡᠷᠬᠡᠪᠰᠢ ᠪᠦᠬᠦᠨ᠎ᠢ ᠪᠡᠶᠡᠯᠡᠭᠦᠯᠬᠦ᠌ ᠬᠡᠷᠡᠭ᠌ᠲᠡᠢ᠃ ᠠᠷᠠᠳ ᠤᠯᠠᠨ᠎ᠢ ᠬᠢᠬᠦ᠌ ᠠᠵᠢᠯ᠎ᠲᠠᠶ᠂ ᠤᠯᠬᠤ ᠵᠣᠭᠣᠰ᠎ᠲᠠᠶ᠂ ᠵᠣᠪᠠᠬᠤ ᠤᠴᠢᠷ ᠦᠭᠡᠢ᠂ ᠰᠡᠳᠬᠢᠯ᠎ᠳᠡᠭᠡᠨ ᠬᠦᠰᠡᠯ ᠡᠷᠡᠮᠡᠯᠵᠡᠯ᠎ᠲᠡᠶ᠂ ᠠᠮᠢᠳᠤᠷᠠᠯ᠎ᠳᠠᠭᠠᠨ ᠵᠢᠳᠬᠦᠨ ᠳᠡᠮᠡᠦᠯᠬᠦᠬᠠᠷᠠᠯᠳᠠ ᠲᠡᠶ ᠪᠣᠯᠭᠠᠬᠤ ᠬᠡᠷᠡᠭ᠌ᠲᠡᠢ᠃
ᠲᠠᠪᠤ᠎ᠳᠤ᠂ ᠦᠨᠡᠨᠬᠦ᠌ ᠠᠳᠭᠤᠨ ᠪᠣᠳᠠᠲᠠᠢ ᠠᠵᠢᠯᠯᠠᠵᠤ ᠪᠣᠳᠠᠲᠦ ᠦᠷ᠎ᠡ ᠪᠦᠲᠦᠮᠵᠢ ᠵᠢ ᠡᠷᠬᠢᠮᠯᠡᠨ ᠪᠤᠳᠠᠳᠤ ᠠᠮᠵᠢᠯᠳᠠ ᠡᠬᠦᠳᠬᠦ ᠬᠡᠷᠡᠭ᠌ᠲᠡᠢ᠃ ᠤᠳᠤ ᠪᠢᠳᠡ ᠨᠡᠬᠡᠵᠦ ᠭᠦᠢᠴᠡᠨ ᠳᠠᠪᠠᠵᠤ ᠭᠠᠷᠬᠤ ᠱᠢᠨ᠎ᠡ ᠠᠯᠬᠤᠮ᠎ᠢ ᠠᠯᠬᠤᠯ᠎ᠠ᠂ ᠡᠷᠬᠡᠪᠰᠢ ᠰᠢᠭᠤᠷᠬᠠᠢᠯᠠᠨ ᠤᠷᠤᠬᠤ ᠵᠣᠷᠢᠭ᠂ ᠡᠷᠡᠰ ᠬᠠᠳᠠᠨ ᠵᠣᠷᠢᠭ᠂ ᠡᠷᠡᠯᠬᠡᠭ ᠰᠦᠰᠦ ᠵᠣᠷᠢᠭ᠎ᠢᠶᠠᠨ ᠡᠭᠦᠷᠢᠳᠡ ᠪᠠᠲᠤᠯᠠᠵᠤ᠂ ᠮᠣᠩᠭᠣᠯ ᠮᠣᠷᠢ ᠱᠢᠭ᠋ ᠴᠤᠴᠠᠯᠳᠠ ᠦᠬᠡᠢ ᠤᠷᠤᠭ᠍ᠰᠢᠯᠠᠬᠤ ᠬᠡᠷᠡᠭ᠌ᠲᠡᠢ᠃ ᠬᠦᠴᠢᠷ ᠪᠡᠷᠬᠡᠱᠢᠶᠡᠯ ᠪᠠ ᠥᠷᠢᠰᠥᠯᠳᠦᠭᠡᠨ᠎ᠳᠦ ᠵᠣᠷᠢᠭ᠍ᠲᠠᠶ᠎ᠪᠠᠷ ᠱᠢᠭᠤᠳ ᠬᠠᠨᠳᠤᠵᠤ᠂ ᠠᠭᠤᠯᠠ ᠳᠠᠭᠠᠷᠠᠪᠠᠯ ᠵᠠᠮ ᠨᠡᠭᠡᠭᠡᠵᠦ᠍᠂ ᠤᠰᠤ ᠳᠠᠭᠠᠷᠠᠪᠠᠯ ᠬᠥᠭᠥᠷᠭᠡ ᠲᠠᠯᠪᠢᠵᠤ᠂ ᠲᠦᠮᠡᠨ ᠪᠡᠷᠬᠡᠱᠢᠶᠡᠯ᠎ᠢ ᠢᠯᠠᠨ ᠳᠠᠪᠠᠵᠤ ᠡᠭᠦᠷᠭᠡ᠎ᠪᠡᠨ ᠪᠡᠶᠡᠯᠡᠭᠦᠯᠬᠦ᠌ ᠬᠡᠷᠡᠭ᠌ᠲᠡᠶ᠃ 《ᠭᠤᠷᠪᠠᠨ ᠤᠯᠠᠨ ᠭᠤᠷᠪᠠᠨ ᠴᠥᠭᠡᠨ ᠭᠤᠷᠪᠠᠨ ᠤᠳᠠᠭᠠᠨ》 ᠢ᠋ ᠴᠡᠭ᠌ᠴᠡᠯᠡᠨ ᠵᠠᠰᠠᠬᠤ᠎ᠶ᠋ᠢ ᠭᠦᠨᠵᠡᠭᠡᠢᠷᠡᠭᠦᠯᠵᠦ᠍᠂ ᠵᠢᠷᠤᠮᠵᠢᠭᠤᠯᠬᠤ᠂ ᠴᠣᠮᠬᠠᠳᠭᠠᠬᠤ᠂ ᠬᠤᠷᠳᠤᠴᠠ᠎ᠶ᠋ᠢ ᠲᠦᠷᠭᠡᠳᠭᠡᠬᠦ᠌᠎ᠶ᠋ᠢ ᠦᠷᠭᠦᠯᠵᠢᠯᠡᠨ ᠠᠬᠢᠭᠤᠯᠵᠤ᠂ ᠺᠠᠳ᠋ᠷᠴᠤᠳ᠎ᠤᠨ ᠴᠠᠭ ᠪᠣᠯᠤᠨ ᠤᠶᠤᠨ ᠴᠢᠳᠠᠯ᠎ᠢᠶᠠᠨ ᠵᠢᠩᠬᠢᠨᠢ ᠶᠠᠪᠤᠳᠠᠯ ᠬᠢᠬᠦ᠌ ᠳᠡᠭᠡᠷ᠎ᠡ ᠵᠠᠷᠤᠴᠠᠭᠤᠯᠬᠤ ᠪᠣᠯᠭᠠᠬᠤ ᠬᠡᠷᠡᠭ᠌ᠲᠡᠢ᠃ ᠳᠡᠭᠡᠷ᠎ᠡ ᠱᠠᠳᠤᠨ᠎ᠳᠠᠭᠠᠨ ᠬᠢᠵᠦ ᠦᠵᠡᠬᠦᠯᠬᠦ ᠵᠢ ᠯᠡ ᠪᠤᠳᠤᠬᠤ᠂ ᠳᠤᠤᠷ᠎ᠠ ᠱᠠᠳᠤᠨ᠎ᠳᠠᠭᠠᠨ ᠬᠠᠷᠢᠭᠤᠴᠠᠬᠤ ᠦᠭᠡᠢ᠂ ᠬᠣᠭᠣᠰᠣᠨ ᠨᠡᠷ᠎ᠡ᠎ᠶ᠋ᠢ ᠯᠡ ᠬᠦᠬᠡᠬᠡᠴᠡᠯᠳᠦᠬᠡᠳ ᠪᠣᠳᠠᠲᠤ ᠦᠷ᠎ᠡ ᠪᠦᠲᠦᠮᠵᠢ᠎ᠶ᠋ᠢ ᠪᠣᠳᠣᠯᠬᠢᠯᠠᠬᠤ ᠦᠭᠡᠢ ᠬᠡᠯᠪᠡᠷᠢᠴᠢ ᠦᠵᠡᠯ᠂ ᠨᠣᠶᠠᠨᠴᠢ ᠰᠤᠷᠲᠠᠯ᠎ᠢ ᠡᠷᠡᠰ ᠡᠰᠡᠷᠭᠦᠴᠡᠵᠦ᠍᠂ ᠬᠡᠷᠡᠭ ᠶᠠᠪᠤᠳᠠᠯ᠎ᠳᠤ ᠵᠠᠪᠠᠯ ᠤᠷᠤᠮ ᠦᠯᠡᠳᠡᠭᠡᠬᠦ᠌ ᠡᠨᠡ ᠬᠦ᠌ ᠮᠠᠭᠤ ᠳᠠᠳᠭᠠᠯ᠎ᠢ ᠠᠷᠢᠯᠭᠠᠬᠤ ᠬᠡᠷᠡᠭ᠌ᠲᠡᠢ᠃ 《ᠳᠠᠷᠤᠭᠠᠰᠤ᠎ᠶ᠋ᠢ ᠬᠥᠩᠭᠡᠷᠡᠭᠦᠯᠬᠦ᠌᠂ ᠬᠦᠴᠦᠨ ᠴᠢᠳᠠᠯ ᠣᠯᠭᠣᠬᠤ᠂ ᠬᠦᠴᠢᠷᠳᠡᠯ᠎ᠢ ᠱᠢᠢᠳᠪᠦᠷᠢᠯᠡᠬᠦ᠌᠂ ᠴᠡᠭ᠌ᠴᠡᠯᠡᠨ ᠰᠠᠢᠵᠢᠷᠠᠭᠤᠯᠬᠤ᠂ ᠱᠠᠯᠠᠪᠳᠠᠭᠤᠯᠬᠤ》 ᠵᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ᠂ ᠦᠨᠳᠦᠰᠦᠨ ᠱᠠᠲᠤᠨ᠎ᠤ ᠠᠮᠢᠵᠢᠷᠠᠯ᠎ᠤᠨ ᠬᠦᠴᠦᠨ᠎ᠢ ᠭᠦᠢᠴᠡᠳ ᠪᠠᠳᠠᠷᠠᠭᠤᠯᠵᠤ᠂ ᠤᠯᠠᠨ᠎ᠢ ᠬᠢᠬᠦ᠌ ᠶᠣᠰᠣᠲᠠᠢ ᠠᠵᠢᠯ᠎ᠢᠶᠠᠨ ᠬᠢᠵᠦ᠍ ᠳᠡᠢᠯᠬᠦ᠌᠂ ᠬᠢᠬᠦ᠌ ᠶᠣᠰᠣᠲᠠᠢ ᠠᠵᠢᠯ᠎ᠢᠶᠠᠨ ᠰᠠᠢᠲᠤᠷ ᠬᠢᠬᠦ᠌ ᠪᠣᠯᠭᠠᠬᠤ ᠬᠡᠷᠡᠭ᠌ᠲᠡᠢ᠃ ᠤᠷᠮᠠᠱᠢᠭᠤᠯᠬᠤ ᠲᠦᠷᠦ᠍᠎ᠶ᠋ᠢᠨ ᠪᠤᠳᠤᠯᠭ᠎ᠠ ᠪᠠ ᠠᠯᠳᠠᠭ᠎ᠠ ᠪᠤᠷᠤᠭᠤ᠎ᠶ᠋ᠢ ᠠᠭᠤᠴᠢᠯᠠᠨ ᠪᠠᠭᠳᠠᠭᠠᠬᠤ ᠲᠣᠭ᠍ᠲᠠᠴᠠ᠎ᠶ᠋ᠢ ᠰᠠᠢᠲᠤᠷ ᠨᠠᠢᠳᠠᠪᠤᠷᠢᠵᠢᠭᠤᠯᠵᠤ᠂ ᠬᠠᠷᠢᠭᠤᠴᠠᠯᠭ᠎ᠠ ᠡᠭᠦᠷᠭᠡᠯᠡᠭ᠌ᠴᠢᠶᠢᠨ ᠲᠥᠯᠥᠭᠡ ᠬᠠᠷᠢᠭᠤᠴᠠᠯᠭ᠎ᠠ ᠡᠭᠦᠷᠭᠡᠯᠡᠵᠦ᠍᠂ ᠵᠢᠳᠬᠦᠯ ᠴᠢᠷᠮᠠᠢᠯᠭ᠎ᠠ᠎ᠲᠠᠶ ᠬᠥᠮᠦᠰ᠎ᠢ ᠣᠷᠣᠨ ᠪᠠᠢᠷᠢ᠎ᠲᠠᠶ ᠪᠣᠯᠭᠠᠬᠤ ᠬᠡᠷᠡᠭ᠌ᠲᠡᠢ᠃
ᠲᠥᠯᠥᠭᠡᠯᠡᠭ᠌ᠴᠢᠳ ᠡ ᠂ ᠨᠥᠬᠥᠳ ᠡ!
ᠱᠢᠨ᠎ᠡ ᠵᠠᠮ ᠨᠡᠭᠡᠭᠡᠵᠦ᠍᠂ ᠳᠤᠮᠳᠠ ᠲᠦᠪᠰᠢᠨ᠎ᠳᠦ ᠤᠷᠤᠵᠤ᠂ ᠥᠪᠥᠷ ᠮᠣᠩᠭᠣᠯ᠎ᠢᠶᠠᠨ ᠰᠠᠢᠲᠤᠷ ᠪᠦᠳᠦᠭᠡᠨ ᠪᠠᠢᠭᠤᠯᠵᠤ᠂ ᠰᠠᠢᠲᠤᠷ ᠬᠥᠭ᠌ᠵᠢᠭᠦᠯᠬᠦ᠌ ᠨᠢ ᠶᠡᠷᠦᠩᠬᠡᠢ ᠱᠦᠵᠢ ᠪᠣᠯᠤᠨ ᠨᠠᠮ᠎ᠤᠨ ᠲᠥᠪ ᠬᠤᠷᠢᠶ᠎ᠠ᠎ᠶᠢᠨ ᠬᠦᠨᠳᠦ ᠴᠢᠬᠤᠯᠠ ᠬᠦᠰᠡᠯ ᠨᠠᠢᠳᠠᠯᠭ᠎ᠠ ᠪᠤᠯᠤᠨ᠎ᠠ᠂ ᠥᠪᠥᠷ ᠮᠣᠩᠭᠣᠯ᠎ᠤᠨ ᠡᠭᠡ ᠭᠠᠵᠠᠷ ᠳᠡᠭᠡᠷᠡᠬᠢ 2400 ᠲᠦᠮᠡᠨ ᠳᠤᠮᠳᠠᠳᠤ᠎ᠶ᠋ᠢᠨ ᠬᠥᠪᠡᠭᠦᠳ ᠥᠬᠢᠳ᠎ᠦᠨ ᠬᠦᠰᠡᠯ ᠡᠷᠡᠮᠡᠯᠵᠡᠯ᠎ᠢ ᠠᠴᠢᠶᠠᠯᠠᠵᠤ ᠪᠠᠢᠨ᠎ᠠ᠃ ᠬᠦᠨᠳᠦ ᠡᠭᠦᠷᠭᠡ ᠮᠥᠷᠥᠨ᠎ᠳᠦ ᠲᠠᠯᠪᠢᠬᠳᠠᠵᠦ᠂ ᠴᠢᠷᠮᠠᠢᠨ ᠲᠡᠮᠡᠴᠡᠬᠦ ᠯᠡ ᠬᠡᠷᠡᠭᠳᠡᠢ ᠪᠢᠯᠡ᠃ ᠪᠢᠳᠡ ᠰᠢ ᠵᠢᠨ ᠫᠢᠩ ᠨᠥᠬᠥᠷ᠎ᠢᠶᠡᠷ ᠭᠤᠤᠯ ᠪᠣᠯᠭᠠᠭ᠍ᠰᠠᠨ ᠨᠠᠮ᠎ᠤᠨ ᠲᠥᠪ ᠬᠤᠷᠢᠶ᠎ᠠ᠎ᠶᠢᠨ ᠲᠣᠭᠣᠷᠢᠨ᠎ᠳᠤ ᠨᠠᠩ ᠨᠢᠭ᠍ᠲᠠᠷᠠᠨ ᠪᠦᠯᠬᠦᠮᠳᠡᠵᠦ᠍᠂ ᠴᠢᠷᠮᠠᠢᠨ ᠲᠡᠮᠡᠴᠡᠵᠦ᠍᠂ ᠦᠷᠬᠦᠯᠵᠢᠯᠡᠨ ᠴᠢᠷᠮᠠᠢᠨ ᠲᠡᠮᠡᠴᠡᠵᠦ᠍᠂ ᠡᠬᠡ ᠤᠯᠤᠰ᠎ᠤᠨ ᠤᠮᠠᠷᠠᠲᠤ ᠬᠢᠯᠢ᠎ᠶᠢᠨ ᠡᠨᠡ ᠬᠦ᠌ ᠦᠵᠡᠮᠵᠢ᠎ᠶ᠋ᠢᠨ ᠣᠷᠣᠨ᠎ᠢᠶᠠᠨ ᠨᠠᠩ ᠦᠵᠡᠰᠭᠦᠯᠡᠩᠲᠦ ᠰᠠᠢᠬᠠᠨ ᠪᠣᠯᠭᠠᠨ ᠪᠥᠲᠥᠭᠡᠨ ᠪᠠᠢᠭᠤᠯᠤᠶ᠎ᠠ!
ᠴᠠᠭᠠᠨ ᠰᠠᠷ᠎ᠠ ᠤᠳᠠᠯ ᠦᠭᠡᠢ ᠬᠦᠷᠴᠦ᠍ ᠢᠷᠡᠬᠦ᠌ ᠪᠣᠯᠤᠯ᠎ᠠ᠂ ᠡᠨᠳᠡ ᠪᠢ ᠤᠯᠠᠨ᠎ᠳᠤ ᠴᠠᠭᠠᠨ ᠰᠠᠷ᠎ᠠ ᠵᠢᠨ ᠮᠡᠨᠲᠦ ᠬᠦᠷᠬᠡᠶ᠎ᠡ᠂ ᠲᠥᠯᠥᠭᠡᠯᠡᠭ᠌ᠴᠢᠳ᠂ ᠨᠥᠬᠥᠳ ᠪᠣᠯᠤᠨ ᠪᠦᠬᠦ᠌ ᠣᠷᠣᠨ᠎ᠤ ᠠᠷᠠᠳ ᠲᠦᠮᠡᠨ᠎ᠦ ᠴᠠᠭᠠᠨ ᠰᠠᠷ᠎ᠠ᠎ᠳᠠᠭᠠᠨ ᠪᠠᠶᠠᠷ ᠬᠦᠷ᠎ᠲᠡᠶ᠂ ᠭᠡᠷ ᠬᠣᠲᠠᠯᠠᠭᠠᠷ᠎ᠢᠶᠠᠨ ᠵᠣᠯ ᠵᠢᠷᠭᠠᠯ᠎ᠲᠠᠶ ᠪᠠᠢᠬᠤ᠎ᠶ᠋ᠢ ᠵᠥᠩᠨᠡᠶ᠎ᠡ!