ᠲᠦᠩᠯᠢᠶᠣᠤ ᠬᠣᠲᠠ᠄ ᠪᠠᠷᠠᠭᠤᠨ ᠯᠢᠶᠣᠤᠾᠧ ᠭᠤᠤᠯ᠎ᠤᠨ ᠬᠥᠪᠡᠭᠡ ᠣᠯᠠᠨ ᠡᠱᠢᠲᠦ ᠡᠵᠡᠩᠨᠡᠯᠲᠡ᠎ᠶ᠋ᠢᠨ ᠪᠠᠢᠳᠠᠯ᠎ᠢᠶᠠᠷ ᠴᠢᠮᠡᠭᠯᠡᠭᠳᠡᠪᠡ
2025-10-14 09:37:29
ᠵᠣᠬᠢᠶᠠᠭ᠍ᠴᠢ᠄
ᠱᠢᠤᠸᠠᠢ ᠢ ᠴᠢᠶᠦᠢ᠍ᠨ
ᠣᠩᠱᠢᠭ᠍ᠰᠠᠨ ᠣᠳᠠᠭ᠎ᠠ᠄
★★★☆☆

10 ᠰᠠᠷ᠎ᠠ᠎ᠶ᠋ᠢᠨ 1 ᠤ᠋ ᠣᠷᠣᠶ᠂ ᠲᠦᠩᠯᠢᠶᠣᠤ ᠬᠣᠲᠠ᠎ᠶ᠋ᠢᠨ ᠣᠯᠢᠮᠫᠢᠺ᠎ᠤᠨ ᠪᠡᠶ᠎ᠠ ᠵᠢᠨ ᠲᠠᠮᠢᠷ᠎ᠤᠨ ᠲᠥᠪ᠎ᠲᠦ ᠳ᠋ᠧᠩ ᠎ᠦᠨ ᠬᠡᠷᠡᠯ ᠳᠤᠸᠠᠯᠠᠵᠤ᠂ ᠬᠥᠯ ᠪᠥᠮᠪᠥᠭᠡ᠎ᠶ᠋ᠢᠨ ᠤᠷᠤᠯᠳᠤᠭᠠᠨ ᠬᠥᠷ ᠬᠥᠭ᠌ᠵᠢᠶᠡᠨᠲᠡᠶ ᠶᠠᠪᠤᠭ᠍ᠳᠠᠵᠤ ᠪᠠᠢᠯ᠎ᠠ᠃ ᠦᠵᠡᠭ᠌ᠴᠢᠳ ᠎ᠦᠨ ᠲᠠᠢᠰᠠᠨ ᠳᠡᠭᠡᠷ᠎ᠡ᠂ ᠲᠤᠬᠠᠢ ᠵᠢᠨ ᠭᠠᠵᠠᠷ᠎ᠤᠨ ᠬᠦᠯ ᠪᠦᠮᠪᠦᠭᠡ ᠰᠤᠨᠢᠷᠬᠠᠭᠴᠢᠳ ᠡᠵᠡᠨ ᠲᠠᠯᠠᠪᠤᠷ᠎ᠤᠨ ᠠᠩᠭᠢ᠎ᠶ᠋ᠢᠨ ᠬᠤᠪᠴᠠᠰᠤ ᠵᠢ ᠡᠮᠦᠰᠴᠦ᠍᠂ ᠲᠤᠭ ᠲᠠᠯᠪᠠᠭ᠎ᠠ ᠬᠤᠷᠤᠢᠯᠠᠵᠤ᠂ ᠨᠢᠵᠢᠭᠢᠨᠡᠭᠰᠡᠨ ᠲᠠᠭᠤᠨ ᠵᠢᠡᠷ ᠨᠤᠲᠤᠭ᠎ᠤᠨ ᠵᠢᠡᠨ ᠬᠦᠯ ᠪᠥᠮᠪᠥᠭᠡ ᠵᠢᠨ ᠠᠩᠭᠢ᠎ᠳᠠᠭᠠᠨ ᠰᠦᠷ ᠬᠦᠴᠦᠨ ᠨᠡᠮᠡᠷᠢᠯᠡᠨ᠎ᠡ᠃ ᠡᠨᠳᠡ ᠪᠣᠯ ᠬᠤᠳᠠ᠎ᠶ᠋ᠢᠨ ᠣᠷᠭᠢᠯᠤᠮ᠎ᠠ ᠰᠡᠳᠭᠢᠯᠭᠡ ᠪᠠᠨ ᠢᠯᠡᠷᠡᠭᠦᠯᠬᠦ᠌ ᠭᠠᠵᠠᠷ᠂ ᠪᠦᠬᠦ᠌ ᠠᠷᠠᠳ ᠎ᠤᠨ ᠬᠠᠮᠲᠤ᠎ᠪᠠᠷ ᠡᠳ᠋ᠯᠡᠬᠦ᠌ ᠪᠡᠶ᠎ᠡ᠎ᠶ᠋ᠢᠨ ᠲᠠᠮᠢᠷ ᠎ᠤᠨ ᠪᠠᠶᠠᠷ᠎ᠤᠨ ᠡᠳᠦᠷ ᠪᠣᠯᠤᠨ᠎ᠠ᠃

ᠣᠯᠢᠮᠫᠢᠺ ᠎ᠤᠨ ᠪᠡᠶ᠎ᠡ᠎ᠶ᠋ᠢᠨ ᠲᠠᠮᠢᠷ᠎ᠤᠨ ᠲᠥᠪ᠎ᠦᠨ ᠬᠦᠯ ᠪᠦᠮᠪᠦᠭᠡ ᠵᠢᠨ ᠤᠷᠤᠯᠳᠤᠭᠠᠨ ᠤ᠋ ᠬᠠᠰᠭᠢᠷᠤᠯᠳᠠ ᠡᠴᠡ᠂ ᠶᠤᠸᠠᠢ ᠯᠠᠶ ᠭᠤᠤᠯ᠎ᠤᠨ ᠬᠥᠪᠡᠭᠡᠨ᠎ᠳᠡᠬᠢ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠷ᠎ᠠ ᠮᠡᠷᠭᠡᠵᠢᠯ ᠤ᠋ᠨ ᠦᠵᠡᠭᠦᠯᠭᠡ ᠬᠦᠷᠳᠡᠯ᠎ᠡ᠂ ᠳᠠᠬᠢᠭᠠᠳ ᠣᠲᠣ ᠦᠶ᠎ᠡ᠎ᠶ᠋ᠢᠨ ᠲᠠᠷᠢᠶᠠᠯᠠᠩ ᠪᠣᠯᠤᠨ ᠪᠠᠢᠭᠠᠯᠢ᠎ᠶ᠋ᠢᠨ ᠥᠩᠭᠡ ᠦᠵᠡᠮᠵᠢ ᠰᠣᠯᠪᠢᠴᠠᠭ᠍ᠰᠠᠨ ᠷᠣᠮᠠᠨᠲ᠋ᠢᠭ ᠭᠠᠵᠠᠷ ᠬᠦᠷᠲᠡᠯ᠎ᠡ᠂ ᠲᠦᠩᠯᠢᠶᠣᠤ ᠬᠣᠲᠠ ᠬᠤᠳᠠ ᠵᠢᠨ ᠠᠷᠠᠳ ᠪᠣᠯᠤᠨ ᠵᠢᠭᠤᠯᠴᠢᠯᠠᠭᠰᠠᠳ᠎ᠲᠤ ᠪᠡᠶ᠎ᠡ᠎ᠶ᠋ᠢᠨ ᠲᠠᠮᠢᠷ᠎ᠤᠨ ᠣᠷᠭᠢᠯᠤᠮ᠎ᠠ ᠰᠡᠳᠭᠢᠯᠭᠡ᠂ ᠰᠣᠶᠣᠯ ᠎ᠤᠨ ᠢᠷᠠᠭᠤ ᠰᠠᠢᠬᠠᠨ ᠪᠠ ᠠᠮᠢ ᠠᠬᠤᠶ᠎ᠶ᠋ᠢᠨ ᠭᠤᠤ᠎ᠠ ᠰᠠᠢᠬᠠᠨ ᠎ᠢ ᠨᠢᠭᠡ ᠴᠣᠭ᠍ᠴᠠᠵᠢᠭᠤᠯᠤᠭ᠍ᠰᠠᠨ《ᠰᠣᠶᠣᠯ ᠵᠢᠭᠤᠯᠴᠢᠯᠠᠯ᠎ᠤᠨ ᠦᠪᠡᠳᠡᠭ᠌ᠰᠢ ᠳᠠᠢᠯᠠᠯᠭ᠎ᠠ》 ᠵᠢ ᠰᠡᠳᠭᠢᠯ ᠲᠠᠯᠪᠢᠨ ᠪᠠᠯᠡᠳᠭᠡᠨ ᠬᠠᠩᠭᠠᠵᠦ᠂ ᠡᠨᠡ ᠬᠦ᠌ ᠬᠣᠲᠠ᠎ᠶ᠋ᠢᠨ ᠨᠡᠭᠡᠭᠡᠯᠲᠡᠲᠡᠶ᠂ ᠠᠮᠢᠵᠢᠷᠠᠯ᠎ᠤᠨ ᠬᠦᠴᠦᠨ᠎ᠲᠡᠶ᠂ ᠭᠦᠨ ᠵᠤᠵᠠᠭᠠᠨ ᠣᠯᠠᠨ ᠡᠱᠢᠲᠦ ᠷᠢᠳᠢ ᠱᠢᠳᠢ᠎ᠶ᠋ᠢ ᠳᠡᠯᠭᠡᠨ ᠦᠵᠡᠭᠦᠯᠵᠡᠶ᠃

ᠨᠠᠮᠤᠷ᠎ᠤᠨ ᠬᠤᠨᠭᠭᠤᠷ ᠰᠠᠯᠬᠢ ᠪᠠᠷᠠᠭᠤᠨ ᠯᠢᠶᠣᠤᠾᠧ ᠭᠣᠣᠯ᠎ᠤᠨ ᠴᠢᠷᠠᠢ ᠵᠢ ᠢᠯᠪᠢᠵᠦ᠍᠂ ᠤᠳᠤ᠎ᠶ᠋ᠢᠨ ᠶᠤᠸᠠᠢ ᠯᠠᠢ ᠾᠧ ᠰᠤᠶᠤᠯ ᠵᠢᠭᠤᠯᠴᠢᠯᠠᠯ᠎ᠤᠨ ᠰᠡᠯᠡᠭᠦᠴᠡᠯ᠎ᠦᠨ ᠵᠡᠭᠡᠯᠢ᠎ᠨᠢ ᠨᠢᠭᠡᠨᠲᠡ《ᠪᠣᠳᠠᠰ᠎ᠤᠨ ᠪᠤᠰᠤ ᠰᠣᠶᠣᠯ ᠎ᠤᠨ ᠥᠪ ᠎ᠦᠨ ᠮᠦᠽᠧᠢ》 ᠪᠣᠯᠤᠨ ᠬᠤᠪᠢᠷᠠᠵᠤ᠂ ᠬᠥᠮᠦᠰ᠎ᠨᠠᠭᠠᠰᠢ ᠴᠠᠭᠠᠰᠢ ᠰᠦᠯᠵᠢᠯᠳᠦᠨ᠂ ᠬᠤᠳᠠᠯᠳᠤᠭ᠎ᠠ ᠮᠠᠢᠮᠠᠢ ᠵᠢᠨ ᠳᠠᠭᠤᠨ᠂ ᠪᠠᠶᠠᠷᠯᠠᠨ ᠢᠨᠢᠶᠡᠬᠦ᠌ ᠳᠠᠭᠤᠨ ᠪᠣᠯᠤᠨ ᠢᠷᠠᠭᠤ ᠤᠶᠠᠩᠭᠠᠲᠤ ᠳᠠᠭᠤᠨ ᠲᠠᠰᠤᠷᠠᠯᠲᠠ ᠦᠭᠡᠢ ᠦᠷᠭᠦᠯᠵᠢᠯᠡᠵᠦ᠍᠂ ᠵᠡᠭᠡᠯᠢ ᠭᠤᠳᠤᠮᠵᠢ ᠵᠢᠨ ᠠᠢᠵᠠᠮ ᠪᠣᠯᠤᠨ ᠪᠦᠷᠢᠯᠳᠦᠵᠡᠢ᠃

ᠤᠷᠠᠨ ᠳᠠᠷᠬᠠᠨ᠎ᠦ ᠬᠤᠷᠤᠭᠤᠨ ᠡᠷᠳᠡᠮ ᠵᠡᠭᠦᠦ ᠤᠲᠠᠰᠤᠨ᠎ᠳᠦ ᠰᠢᠨᠭᠭᠡᠵᠦ᠂ ᠤᠮᠠᠷᠠᠲᠤ ᠬᠢᠯᠢ᠎ᠶ᠋ᠢᠨ ᠦᠵᠡᠮᠵᠢ᠎ᠶ᠋ᠢ ᠵᠢᠷᠤᠭ᠎ᠤᠨ ᠶᠤᠮ ᠰᠢᠭ ᠪᠣᠯᠭᠠᠨ᠎ᠠ; ᠮᠣᠷᠢᠨ ᠬᠤᠭᠤᠷᠴᠢᠳ ᠢᠷᠠᠭᠤ ᠰᠠᠢᠬᠠᠨ ᠠᠶᠠᠯᠭᠤ ᠳᠠᠭᠤ ᠵᠢ ᠬᠥᠭ᠌ᠵᠢᠮᠳᠡᠵᠦ᠍᠂ ᠵᠢᠭᠤᠯᠴᠢᠳ ᠎ᠤᠨ ᠠᠩᠬᠠᠷᠤᠯ᠎ᠢ ᠲᠠᠲᠠᠨ᠎ᠠ;ᠦᠨᠭᠭᠡ ᠢᠯᠭᠠᠷᠠᠭᠰᠠᠨ ᠭᠤᠢᠳᠠ ᠰᠠᠢᠬᠠᠨ ᠦᠨᠳᠦᠰᠦᠲᠡᠨ ᠎ᠦ ᠬᠤᠪᠴᠠᠰᠤ ᠵᠠᠰᠠᠯ᠂ ᠴᠠᠭᠠᠨ ᠢᠳᠡᠭᠡᠨ ᠬᠢᠬᠦ᠌  ᠵᠡᠷᠭᠡ ᠨᠢ ᠡᠷᠲᠡᠨ᠎ᠦ ᠤᠷ᠎ᠠ ᠮᠡᠷᠭᠡᠵᠢᠯ ᠎ᠢ 《ᠠᠮᠢᠯᠠᠭᠤᠯᠤᠭᠰᠠᠨ》 ᠪᠠᠢᠨ᠎ᠠ᠃ ᠵᠢᠭᠤᠯᠴᠢᠯᠠᠭᠴᠢᠳ ᠦᠶ᠋ᠯᠡᠳᠬᠦ᠌ ᠶᠠᠪᠤᠴᠠ᠎ᠶ᠋ᠢ ᠪᠡᠶᠡᠴᠢᠯᠡᠨ ᠣᠢᠯᠠᠭᠠᠵᠤ᠂ ᠥᠪᠡᠷᠮᠢᠴᠡ ᠣᠨᠴᠠᠯᠢᠭ᠎ᠲᠠᠶ ᠠᠮᠲᠠᠲᠤ ᠢᠳᠡᠭᠡᠨ᠎ᠢ ᠠᠮᠲᠠᠯᠠᠵᠤ᠂ ᠭᠦᠨᠵᠡᠭᠡᠢ ᠪᠡᠶᠡᠴᠢᠯᠡᠨ ᠤᠢᠯᠠᠭᠠᠬᠤ ᠲᠤᠮᠳᠠ ᠲᠦᠩᠯᠢᠶᠣᠤ᠎ᠶ᠋ᠢᠨ ᠭᠦᠨ ᠵᠤᠵᠠᠭᠠᠨ ᠲᠡᠦᠬᠡ ᠰᠣᠶᠣᠯ᠎ᠤᠨ ᠠᠭᠤᠯᠤᠭ᠍ᠳᠠᠬᠤᠨ ᠪᠠ ᠥᠪᠡᠷᠮᠢᠴᠡ ᠣᠨᠴᠠᠯᠢᠭ᠎ᠲᠠᠶ ᠦᠨᠳᠦᠰᠦᠲᠡᠨ᠎ᠦ ᠵᠠᠩ ᠦᠶ᠋ᠯᠡ᠎ᠶ᠋ᠢ ᠣᠢᠯᠠᠭᠠᠳᠠᠭ ᠠᠵᠢ᠃

ᠬᠣᠷᠴᠢᠨ᠎ᠤ ᠬᠠᠳᠭᠤᠮᠠᠯ ᠎ᠤᠨ ᠵᠠᠬ᠎ᠠ ᠵᠢᠨ ᠡᠮᠦᠨ᠎ᠡ᠂ ᠵᠢᠶᠠᠩᠰᠦ᠎ᠡᠴᠡ ᠢᠷᠡᠭ᠌ᠰᠡᠨ ᠵᠢᠭᠤᠯᠴᠢᠯᠠᠭᠴᠢ ᠸᠠᠩ ᠠᠪᠠᠬᠠᠶ ᠨᠢᠭᠡ ᠬᠤᠤᠰ ᠤᠷᠠᠨ ᠬᠠᠳᠭᠤᠮᠠᠯ᠎ᠤᠨ ᠪᠢᠴᠢᠭ᠎ᠤᠨ ᠱᠤᠰᠢᠭ᠎ᠠ᠎ᠳᠤ ᠭᠦᠨ ᠲᠠᠲᠠᠭ᠍ᠳᠠᠪᠠ᠃ 《ᠡᠨᠡ ᠬᠦ᠌ ᠵᠠᠬ᠎ᠠ ᠳ᠋ᠦ ᠢᠷᠡᠭᠰᠡᠨ ᠨᠢ ᠶᠠᠭ ᠭᠱᠠᠨ ᠵᠠᠭᠤᠷ᠎ᠠ ᠤᠨᠳᠤᠤ ᠶᠢᠷᠳᠢᠨᠴᠦ᠎ᠳᠦ ᠤᠷᠤᠭᠰᠠᠨ ᠮᠡᠲᠦ᠍᠃ ᠮᠣᠷᠢᠨ ᠬᠤᠭᠤᠷ᠎ᠤᠨ ᠳᠠᠭᠤ᠎ᠴᠢᠬᠢᠨ᠎ᠠ ᠰᠤᠨᠤᠷᠳᠠᠵᠤ᠂ ᠭᠤᠢᠳᠠ ᠰᠠᠢᠬᠠᠨ ᠭᠠᠷ ᠤᠷᠠᠯᠠᠯ᠎ᠤᠨ ᠪᠦᠳᠦᠭᠡᠭᠳᠡᠬᠦᠨ ᠬᠠᠷᠠᠭᠠᠨ᠎ᠳᠦ ᠲᠤᠳᠤᠷᠠᠵᠤ᠂ ᠪᠠᠰᠠ ᠪᠡᠶ᠎ᠡ᠎ᠪᠡᠷ᠎ᠢᠶᠡᠨ ᠲᠤᠷᠱᠢᠵᠤ ᠦᠵᠡᠵᠦ᠍ ᠪᠣᠯᠤᠨ᠎ᠠ᠂ ᠡᠨᠡ ᠨᠢ ᠲᠤᠩ ᠰᠠᠢᠨ ᠰᠠᠨᠠᠭ᠍ᠳᠠᠯ᠎ᠠ!》᠃  ᠸᠠᠩ ᠠᠪᠠᠬᠠᠢ ᠥᠪᠡᠷ ᠎ᠦᠨ ᠲᠤᠭᠤᠵᠤ ᠠᠪᠤᠭᠰᠠᠨ ᠪᠦᠳᠦᠭᠡᠭᠳᠡᠬᠦᠨ ᠵᠢᠡᠷ ᠵᠢᠡᠨ ᠪᠠᠬᠠᠷᠬᠠᠵᠤ᠂《ᠡᠨᠡ ᠪᠣᠯ ᠵᠢᠭᠤᠯᠴᠢᠯᠠᠯ ᠎ᠤᠨ ᠳᠤᠷᠠᠰᠭᠠᠯ᠎ᠤᠨ ᠡᠳ᠋ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠡᠪᠦᠷᠳᠦᠯᠡᠭᠡᠳ ᠪᠤᠴᠠᠬᠤ 〈ᠲᠦᠩᠯᠢᠶᠣᠤ᠎ᠶ᠋ᠢᠨ ᠳᠤᠷᠠᠰᠤᠮᠵᠢ〉 ᠪᠣᠯᠤᠨ᠎ᠠ》 ᠭᠡᠵᠦ ᠲᠤᠭᠳᠤᠯᠤᠨ ᠶᠠᠷᠢᠨ᠎ᠠ᠃

ᠲᠦᠩᠯᠢᠶᠣᠤ ᠵᠢᠨ ᠾᠧ ᠶᠢᠦ᠍ ᠲᠠᠷᠢᠶᠠᠯᠠᠩ᠎ᠤᠨ ᠬᠢᠵᠠᠭᠠᠷᠳᠤ ᠺᠤᠮᠫᠠᠨᠢ ᠵᠢᠨ ᠴᠡᠨᠭᠭᠡᠭᠦᠨ ᠨᠠᠢᠷ ᠲᠦ᠍᠂ ᠡᠷᠪᠡᠬᠡᠶ ᠴᠡᠴᠡᠭ᠎ᠦᠨ ᠳᠤᠮᠳᠠᠭᠤᠷ ᠲᠡᠪᠬᠡᠷᠦᠨ ᠪᠦᠵᠢᠭᠯᠡᠵᠦ᠂ ᠨᠢᠭᠡᠨ ᠨᠡᠭᠦᠳᠡᠯ ᠠᠮᠢ ᠠᠬᠤᠶ᠎ᠶ᠋ᠢᠨ ᠵᠢᠷᠤᠭ᠎ᠢ ᠪᠦᠲᠦᠭᠡᠵᠡᠶ᠃ ᠡᠮᠦᠨᠡᠲᠦ ᠣᠷᠣᠨ᠎ᠤ ᠵᠠᠩ ᠦᠢᠯᠡ᠎ᠶ᠋ᠢᠨ ᠣᠷᠳᠣᠨ᠂ ᠭᠤᠸᠠ ᠵᠢᠮᠢᠰ ᠢᠳᠡᠱᠢᠨ ᠨᠣᠭᠣᠭ᠎ᠠ᠎ᠶ᠋ᠢᠨ ᠱᠢᠨ᠎ᠡ ᠤᠷᠠᠯᠢᠭ᠎ᠤᠨ ᠣᠷᠳᠣᠨ᠂ ᠢᠳᠡᠱᠢᠨ ᠨᠣᠭᠣᠭ᠎ᠠ᠎ᠶ᠋ᠢᠨ ᠥᠨᠳᠥᠷ ᠪᠦᠲᠦᠮᠵᠢᠲᠡᠢ ᠭᠠᠷᠤᠯᠲᠠ ᠵᠢᠨ ᠲᠣᠭᠣᠷᠢᠭ᠂ ᠬᠤᠸᠠᠷ ᠴᠡᠴᠡᠭ᠎ᠦᠨ ᠰᠣᠶᠣᠯ᠎ᠤᠨ ᠪᠦᠲᠦᠭᠡᠯᠴᠢ ᠬᠦᠷᠢᠶᠡᠯᠡᠩ ᠬᠠᠮᠲᠤ᠎ᠪᠠᠷ ᠤᠯᠠᠨ ᠡᠱᠢᠴᠢᠯᠡᠭ᠌ᠰᠡᠨ ᠠᠭᠤᠰᠤᠯᠴᠠᠭ᠍ᠰᠠᠨ ᠤᠳᠤ ᠦᠶ᠎ᠡ᠎ᠶ᠋ᠢᠨ ᠲᠠᠷᠢᠶᠠᠯᠠᠩ ᠎ᠤᠨ ᠦᠵᠡᠭᠦᠯᠭᠡ ᠎ᠶ᠋ᠢᠨ ᠲᠠᠪᠴᠠᠩ᠎ᠢ ᠪᠠᠢᠭᠤᠯᠪᠠ᠃ ᠪᠦᠬᠦᠢᠯᠡ ᠴᠡᠨᠭᠭᠡᠭᠦᠨ ᠨᠠᠢᠷ ᠨᠢ ᠲᠠᠷᠢᠶᠠᠯᠠᠩ᠎ᠤᠨ ᠦᠵᠡᠮᠵᠢ ᠎ᠪᠡᠷ ᠪᠦᠳᠦᠴᠡ ᠵᠦᠢ ᠪᠣᠯᠭᠠᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠳᠡᠮᠵᠢᠯᠭᠡ᠎ᠪᠡᠷ ᠴᠥᠮ᠎ᠡ᠎ᠪᠡᠨ ᠪᠣᠯᠭᠠᠵᠤ᠂ ᠤᠯᠤᠰ᠎ᠤᠨ ᠪᠠᠶᠠᠷ᠎ᠤᠨ ᠭᠤᠤᠯ ᠰᠡᠳᠦᠪᠲᠦ ᠡᠯᠧᠮᠧᠨ᠋ᠲ ᠎ᠢ ᠤᠷᠠᠨ᠎ᠢᠶᠠᠷ ᠠᠭᠤᠰᠤᠯᠴᠠᠭᠤᠯᠵᠤ᠂ ᠱᠢᠨ᠎ᠡ᠎ᠶ᠋ᠢ ᠡᠭᠦᠳᠬᠦ᠌ ᠦᠵᠡᠭᠦᠯᠭᠡ᠎ᠶ᠋ᠢᠨ ᠬᠡᠯᠪᠡᠷᠢ᠎ᠪᠡᠷ ᠳᠠᠮᠵᠢᠭᠤᠯᠤᠨ ᠬᠣᠷᠴᠢᠨ᠎ᠤ ᠲᠠᠷᠢᠶᠠᠯᠠᠩ᠎ᠤᠨ ᠲᠥᠷᠥᠯ ᠲᠡᠮᠳᠡᠭ᠎ᠦᠨ ᠣᠬᠢ ᠰᠣᠳᠣ᠎ᠶ᠋ᠢ ᠠᠮᠢᠳᠤᠯᠢᠭ᠎ᠢᠶᠠᠷ ᠢᠯᠡᠷᠡᠭᠦᠯᠪᠡ᠃ ᠡᠨᠳᠡ᠂ ᠬᠡᠷᠡᠯ ᠵᠢᠷᠤᠭ ᠲᠠᠳᠠᠬᠤ ᠬᠠᠯᠠᠮᠰᠢᠯ ᠭᠠᠵᠠᠷ ᠪᠣᠯᠬᠤ᠎ᠪᠠᠷ ᠪᠠᠷᠠᠬᠤ ᠥᠬᠡᠶ᠂ ᠨᠠᠩ ᠴᠤ᠌ ᠪᠣᠰᠣᠭ᠎ᠠ ᠴᠣᠭ᠍ᠴᠠᠲᠤ ᠣᠲᠣ ᠦᠶ᠎ᠡ᠎ᠶ᠋ᠢᠨ ᠲᠠᠷᠢᠶᠠᠯᠠᠩ᠎ᠤᠨ ᠰᠤᠷᠬᠤ ᠪᠢᠴᠢᠭ ᠪᠣᠯᠤᠨ᠎ᠠ᠂ ᠵᠢᠭᠤᠯᠴᠢᠯᠠᠭᠰᠠᠳ ᠥᠪᠡᠷ ᠥᠪᠡᠷ᠎ᠦᠨ ᠣᠨᠴᠠᠯᠢᠭ᠎ᠲᠠᠶ ᠲᠠᠯᠠᠪᠠᠶ ᠣᠷᠳᠣᠨ᠎ᠤ ᠬᠣᠭᠣᠷᠣᠨᠳᠣ ᠰᠦᠯᠵᠢᠯᠳᠦᠵᠦ᠍᠂ ᠲᠣᠭᠣᠷᠢᠨ ᠵᠢᠭᠤᠯᠴᠢᠯᠠᠬᠤ ᠳᠤᠮᠳᠠ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠎ᠦᠨ ᠤᠯᠠᠮᠵᠢᠯᠠᠯᠲᠤ ᠲᠠᠷᠢᠶᠠᠯᠠᠩ᠎ᠳᠤ ᠨᠡᠮᠡᠷᠢᠯᠡᠭ᠌ᠰᠡᠨ ᠱᠢᠨ᠎ᠡ ᠠᠮᠢᠵᠢᠷᠠᠯ ᠎ᠤᠨ ᠬᠦᠴᠦᠨ ᠪᠠ ᠥᠩᠭᠡ ᠪᠤᠳᠤᠭ᠎ᠢ ᠮᠡᠳᠡᠷᠡᠵᠦ᠍᠂ ᠲᠦᠩᠯᠢᠶᠣᠤ᠎ᠶ᠋ᠢᠨ ᠰᠣᠶᠣᠯ ᠵᠢᠭᠤᠯᠴᠢᠯᠠᠯ ᠎ᠤᠨ ᠣᠯᠠᠨ ᠡᠱᠢᠲᠦ ᠳᠦᠷᠰᠦ ᠪᠠᠢᠳᠠᠯ ᠶᠠᠪᠤᠬᠤ ᠲᠤᠲᠤᠮ ᠲᠣᠳᠣᠷᠬᠠᠶ ᠪᠣᠯᠵᠣ ᠪᠠᠢᠨ᠎ᠠ᠃

ᠬᠥᠯ ᠪᠥᠮᠪᠥᠭᠡ ᠎ᠶ᠋ᠢᠨ ᠤᠷᠤᠯᠳᠤᠭᠠᠨ᠎ᠤ ᠤᠤᠬᠠᠢ ᠬᠠᠰᠭᠢᠷᠤᠯᠲᠠ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠴᠤᠭ᠍ᠯᠠᠭ᠎ᠠ ᠮᠠᠢᠮᠠᠶ᠎ᠶ᠋ᠢᠨ ᠬᠦᠭᠵᠢᠶᠡᠨᠳᠦ ᠪᠠᠢᠳᠠᠯ᠂ ᠲᠠᠷᠢᠶᠠᠯᠠᠩ᠎ᠤᠨ ᠴᠡᠩᠬᠡᠭᠦᠨ ᠨᠠᠢᠷ᠎ᠤᠨ ᠠᠮᠢᠵᠢᠷᠠᠯ᠎ᠤᠨ ᠬᠦᠴᠦᠨ ᠁ ᠡᠨᠡ ᠬᠦ᠌ 《ᠬᠤᠤᠰ ᠪᠠᠶᠠᠷ》ᠲᠦ᠍᠂ ᠲᠦᠩᠯᠢᠶᠣᠤ ᠬᠣᠲᠠ ᠠᠯᠢ ᠣᠯᠠᠨ ᠠᠮᠢᠳᠤ ᠰᠣᠷᠭᠣᠭ ᠠᠬᠤᠶ ᠪᠠᠢᠳᠠᠯ᠎ᠢᠶᠠᠷ ᠰᠣᠶᠣᠯ ᠵᠢᠭᠤᠯᠴᠢᠯᠠᠯ᠎ᠤᠨ ᠠᠵᠤ ᠦᠶ᠋ᠯᠡᠰ᠎ᠦᠨ 《ᠣᠯᠠᠨ ᠬᠤᠤᠰᠯᠠᠯ ᠬᠥᠭ᠌ᠵᠢᠮ》  ᠢ᠋ ᠬᠦᠭᠵᠢᠮᠳᠡᠪᠡ᠃ ᠤᠯᠠᠨ ᠡᠱᠢᠲᠦ ᠡᠵᠡᠩᠨᠡᠯᠲᠡ᠎ᠶ᠋ᠢᠨ ᠬᠡᠯᠪᠡᠷᠢ ᠎ᠶ᠋ᠢᠨ ᠥᠷᠨᠢᠩᠭᠦᠢ ᠬᠥᠭ᠌ᠵᠢᠯᠲᠡ ᠨᠢ ᠬᠤᠳᠠ᠎ᠶ᠋ᠢᠨ ᠠᠷᠠᠳ᠎ᠤᠨ ᠠᠮᠠᠷᠠᠯᠲᠠ᠎ᠶ᠋ᠢᠨ ᠬᠤᠭᠤᠴᠠᠭᠠᠨ ᠎ᠤ ᠠᠮᠢᠳᠤᠷᠠᠯ᠎ᠢ ᠪᠠᠶᠠᠯᠢᠭ᠍ᠵᠢᠭᠤᠯᠤᠭ᠍ᠰᠠᠨ᠎ᠢᠶᠠᠷ ᠪᠠᠷᠠᠬᠤ ᠦᠭᠡᠢ ᠨᠡᠩ ᠴᠤ᠌ ᠲᠦᠷᠪᠡᠨ ᠵᠦᠭ ᠨᠠᠢ᠍ᠮᠠᠨ ᠵᠣᠪᠬᠢᠰ᠎ᠤᠨ ᠵᠣᠴᠢᠳ᠎ᠢ ᠲᠠᠲᠠᠵᠤ᠂ ᠡᠨᠡ ᠬᠦ᠌ ᠪᠠᠷᠠᠭᠤᠨ ᠯᠢᠶᠣᠤᠾᠧ ᠭᠣᠣᠯ᠎ᠳᠦ ᠤᠮᠳᠠᠯᠠᠭᠳᠠᠭᠰᠠᠨ ᠬᠤᠳᠠ ᠵᠢ ᠠᠮᠢᠳᠤᠯᠢᠭ ᠵᠢᠡᠷ ᠢᠯᠡᠷᠡᠭᠦᠯᠵᠦ᠂ ᠬᠠᠭᠤᠯᠪᠤᠷᠢᠯᠠᠵᠤ ᠪᠣᠯᠤᠰᠢ ᠦᠭᠡᠢ ᠰᠣᠶᠣᠯ ᠵᠢᠭᠤᠯᠴᠢᠯᠠᠯ᠎ᠤᠨ ᠷᠢᠳᠢ ᠱᠢᠳᠢ᠎ᠶ᠋ᠢ ᠠᠮᠢᠳᠤᠯᠢᠭ᠎ᠢᠶᠠᠷ ᠢᠯᠡᠷᠡᠭᠦᠯᠪᠡ᠃ ᠢᠷᠡᠭᠡᠳᠦᠶ᠎ᠳᠦ᠂ ᠲᠦᠩᠯᠢᠶᠣᠤ ᠬᠣᠲᠠ ᠦᠪᠡᠷᠮᠢᠴᠡ ᠣᠨᠴᠠᠯᠢᠭ ᠪᠥᠬᠥᠶ ᠡᠬᠢ ᠪᠠᠶᠠᠯᠢᠭ᠎ᠢ ᠦᠷᠭᠦᠯᠵᠢᠯᠡᠨ ᠭᠦᠨ ᠠᠭᠤᠳᠠᠯᠵᠤ᠂ ᠰᠣᠶᠣᠯ ᠵᠢᠭᠤᠯᠴᠢᠯᠠᠯ᠎ᠤᠨ ᠠᠭᠤᠰᠤᠯᠴᠠᠯ᠎ᠢ ᠨᠠᠩ ᠭᠦᠨ ᠲᠠᠰ ᠳᠠᠪᠬᠤᠷᠭ᠎ᠠ᠂ ᠨᠠᠩ ᠥᠷᠭᠡᠨ ᠬᠦᠷᠢᠶ᠎ᠡ ᠴᠠᠷᠠᠭ᠎ᠠ ᠳᠠᠢᠰᠢ ᠠᠬᠢᠭᠤᠯᠵᠤ᠂ ᠲᠦᠩᠯᠢᠶᠣᠤ ᠶ᠋ᠢᠨ ᠨᠡᠷ᠎ᠡ᠎ᠶ᠋ᠢᠨ ᠬᠠᠭᠤᠳᠠᠰᠤ᠎ᠶ᠋ᠢ ᠤᠯᠠᠮ ᠠᠯᠳᠠᠷᠰᠢᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号