ᠵᠠᠩᠬᠢᠯᠠᠭ᠍᠎ᠡ ᠵᠢᠨ ᠦᠭᠡ — ᠠᠶᠠᠯᠭᠤᠲᠦ ᠵᠢᠭᠤᠯᠴᠢᠯᠠᠯ
2025-10-21 16:10:41
ᠵᠣᠬᠢᠶᠠᠭ᠍ᠴᠢ᠄
ᠬᠦᠭᠵᠢᠯᠳᠤ ᠴᠦ ᠵᠦᠸᠸ ᠭᠸᠩ ᠤᠯᠤᠰᠳᠤ
ᠣᠩᠱᠢᠭ᠍ᠰᠠᠨ ᠣᠳᠠᠭ᠎ᠠ᠄
★★★☆☆

— ᠤᠮᠠᠷᠠᠲᠦ ᠬᠢᠯᠢ ᠵᠢᠨ ᠬᠠᠷᠢᠭᠤᠯᠲᠠ ᠵᠢᠨ ᠬᠠᠭᠤᠳᠠᠰᠦ


ᠵᠢᠭᠤᠯᠴᠢᠯᠠᠯ ᠤ᠋ᠨ ᠦᠢᠯᠡᠰ ᠨᠢ ᠬᠦᠮᠦᠰ ᠤ᠋ᠨ ᠤᠶᠤᠨ ᠤ᠋ ᠪᠠ ᠪᠤᠳᠠᠰ ᠤ᠋ᠨ ᠬᠡᠷᠡᠭᠴᠡᠭᠡ ᠵᠢ ᠬᠠᠩᠭᠠᠬᠤ ᠪᠡᠷ ᠪᠠᠷᠠᠬᠤ ᠦᠬᠡᠢ ᠰᠤᠶᠤᠯ ᠤ᠋ᠨ ᠰᠤᠯᠢᠯᠴᠠᠭ᠎ᠠ᠂ ᠠᠮᠢ ᠠᠬᠤᠢ ᠵᠢᠨ ᠬᠠᠮᠠᠭᠠᠯᠠᠯᠳᠠ ᠳ᠋ᠤ ᠴᠦ᠍ ᠴᠢᠬᠤᠯᠠ ᠦᠢᠯᠡᠳᠦᠯ ᠦᠵᠡᠬᠦᠯᠳᠡᠭ ᠪᠤᠯᠬᠤᠷ ᠤᠯᠠᠮ ᠡᠴᠡ ᠤᠯᠠᠮ ᠠᠵᠦ ᠦᠢᠯᠡᠰ ᠤ᠋ᠨ ᠬᠡᠯᠪᠡᠷᠢ ᠵᠢ ᠬᠤᠪᠢᠷᠠᠭᠤᠯᠤᠨ ᠪᠦᠳᠦᠴᠡ ᠵᠢ ᠰᠢᠯᠢᠳᠡᠭᠵᠢᠬᠦᠯᠬᠦ ᠴᠢᠬᠤᠯᠠ ᠭᠠᠷᠳᠠᠴᠠ ᠪᠤᠯᠵᠦ᠂ ᠪᠤᠬᠢᠷᠳᠤᠯ ᠦᠬᠡᠢ ᠬᠦᠭᠵᠢᠯᠳᠡ ᠵᠢᠨ ᠨᠢᠬᠡᠨ ᠪᠦᠳᠦᠮᠵᠢᠳᠠᠢ ᠲᠤᠷᠰᠢᠯᠭ᠎ᠠ ᠪᠤᠯᠵᠠᠢ᠃《ᠠᠷᠪᠠᠨ ᠲᠦᠷᠪᠡᠳᠤᠬᠡᠷ ᠲᠠᠪᠤᠨ ᠵᠢᠯ》ᠳ᠋ᠤ᠂ ᠦᠪᠤᠷ ᠮᠤᠩᠭᠤᠯ ᠤ᠋ᠨ ᠵᠢᠭᠤᠯᠴᠢᠯᠠᠯ ᠤ᠋ᠨ ᠦᠢᠯᠡᠰ ᠪᠦᠬᠦ ᠤᠯᠤᠰ ᠤ᠋ᠨ ᠬᠢ ᠲᠠᠢ ᠠᠳᠠᠯᠢ ᠪᠡᠷ ᠰᠢᠨ᠎ᠠ ᠲᠢᠳᠢᠮᠯᠢᠭ ᠠᠭᠤᠰᠬᠢᠨ ᠦᠷᠪᠢᠰᠤᠯ ᠤ᠋ᠨ ᠬᠢᠵᠢᠭ ᠲᠦ᠍ ᠬᠤᠶᠠᠷ ᠵᠢᠯ ᠲᠠᠷᠠᠭᠠᠯᠠᠨ ᠬᠦᠨᠳᠤ ᠨᠤᠴᠢᠳᠠᠢ ᠨᠦᠯᠦᠬᠡᠯᠡᠭᠳᠡᠭᠰᠡᠨ ᠪᠤᠯᠪᠠᠴᠦ ᠬᠢᠵᠢᠭ ᠤ᠋ᠨ ᠪᠠᠢᠳᠠᠯ ᠨᠠᠮᠳᠠᠮᠠᠭᠴᠠ ᠦᠳᠳᠡᠷ ᠲᠦᠷᠬᠡᠨ ᠵᠢᠡᠷ ᠰᠡᠷᠬᠦᠨ ᠬᠦᠭᠵᠢᠵᠤ᠂ ᠪᠦᠬᠦ ᠤᠷᠤᠨ ᠤ᠋ ᠵᠢᠭᠤᠯᠴᠢᠯᠠᠯ ᠤ᠋ᠨ ᠶᠡᠷᠤᠩᠬᠡᠢ ᠤᠷᠤᠯᠭ᠎ᠠ 2020 ᠤᠨ ᠳ᠋ᠤ 2406.4 ᠳ᠋ᠦᠩᠱᠢᠭᠤᠷ ᠲᠥᠭᠥᠷᠢᠭ ᠪᠠᠢᠭᠰᠠᠨ ᠡᠴᠡ ᠪᠠᠨ 2024 ᠣᠨ ᠳ᠋ᠤ 4140 ᠳ᠋ᠦᠩᠱᠢᠭᠤᠷ ᠲᠥᠭᠥᠷᠢᠭ ᠲᠦ᠍ ᠬᠦᠷᠴᠦ᠂ ᠨᠢᠬᠡᠨᠳᠡ ᠤᠷᠤᠨ ᠨᠤᠳᠤᠭ ᠤ᠋ᠨ ᠠᠵᠤ ᠠᠬᠤᠢ ᠵᠢᠨ ᠨᠡᠮᠡᠭᠳᠡᠯ ᠢ᠋ ᠠᠬᠢᠭᠤᠯᠬᠤ ᠴᠢᠩᠭ᠎ᠠ ᠬᠦᠴᠦᠳᠠᠢ ᠬᠦᠳᠡᠯᠭᠡᠭᠦᠷ ᠪᠤᠯᠪᠠ᠃


QQ20251021-160949.png


ᠵᠢᠭᠤᠯᠴᠢᠯᠠᠯ ᠤ᠋ᠨ ᠦᠢᠯᠡᠰ ᠪᠤᠯ ᠶᠡᠷᠦᠩᠬᠡᠢᠯᠡᠭᠰᠡᠨ ᠰᠢᠨᠵᠢ ᠳᠡᠢ ᠂ ᠤᠯᠠᠨ ᠲᠠᠯ᠎ᠠ ᠵᠢ ᠬᠠᠮᠤᠷᠤᠭᠰᠠᠨ᠂ ᠦᠢᠯᠡᠳᠤᠯ ᠴᠢᠳᠠᠮᠵᠢ ᠪᠡᠷ ᠪᠦᠷᠢᠨ《ᠰᠢᠵᠢᠷ ᠠᠯᠳᠠᠨ》 ᠠᠵᠦ ᠦᠢᠯᠡᠰ ᠪᠤᠯᠤᠨ᠎ᠠ᠃ ᠦᠵᠡᠰᠬᠦᠯᠡᠩᠳᠦ ᠰᠠᠢᠬᠠᠨ ᠦᠪᠦᠷ ᠮᠤᠨᠭᠭᠤᠯ ᠤ᠋ᠨ ᠠᠭᠤᠯᠠ ᠳᠠᠯ᠎ᠠ᠂ ᠭᠤᠤᠯ ᠮᠦᠷᠡᠨ᠂ ᠤᠢ ᠬᠦᠪᠴᠢ᠂ ᠨᠠᠭᠤᠷ ᠪᠦᠷᠢᠲᠦ᠂ ᠡᠯᠡᠰᠦ ᠭᠤᠪᠢ ᠵᠡᠷᠭᠡ ᠡᠯᠪᠡᠭ ᠪᠠᠶᠠᠨ ᠪᠠᠢᠭᠠᠯᠢ ᠵᠢᠨ ᠦᠩᠭᠡ ᠦᠵᠡᠮᠵᠢ ᠪᠤᠯᠤᠨ ᠦᠪᠡᠷᠮᠢᠴᠡ ᠰᠠᠢᠬᠠᠨ ᠰᠤᠶᠤᠯ ᠢᠷᠭᠡᠨᠰᠢᠯ ᠵᠠᠩ ᠦᠢᠯᠡ᠂ ᠢᠯᠠᠩᠭᠤᠶ᠎ᠠ ᠦᠨᠳᠦᠰᠦᠳᠡᠨ ᠨᠤᠬᠦᠳ ᠤ᠋ᠨ ᠠᠷᠠᠳ ᠲᠦᠮᠡᠨ ᠤ᠋ ᠤᠷᠲᠦ ᠬᠤᠭᠤᠴᠠᠭ᠎ᠠ ᠪᠡᠷ ᠪᠦᠯᠬᠦᠮᠳᠡ ᠲᠠᠮᠡᠴᠡᠵᠤ ᠡᠷᠡᠮᠡᠬᠡᠢᠯᠡᠨ ᠤᠷᠤᠭᠰᠢᠯᠠᠭᠰᠠᠨ ᠢᠷᠠᠭᠤ ᠲᠠᠭᠤᠷᠢᠰᠬᠠᠯᠳᠦ ᠲᠡᠥᠬᠡ ᠨᠢ ᠤᠮᠠᠷᠠᠳᠤ ᠬᠢᠯᠢ ᠵᠢᠨ ᠵᠢᠭᠤᠯᠴᠢᠯᠠᠯ ᠤ᠋ᠨ ᠦᠢᠯᠡᠰ ᠤ᠋ᠨ ᠬᠦᠭᠵᠢᠯᠳᠡ ᠵᠢᠨ ᠰᠦᠭ ᠰᠦᠨᠡᠰᠦ ᠪᠤᠯᠵᠦ᠂ ᠦᠷᠭᠡᠨ ᠠᠭᠤᠳᠠᠮ ᠬᠦᠯᠦᠨ ᠪᠤᠢᠷ ᠡᠴᠡ ᠦᠩ ᠦᠷᠭᠡᠨ ᠠᠯᠠᠱᠠ ᠬᠦᠷᠳᠡᠯ᠎ᠠ ᠬᠦᠮᠦᠨ ᠠᠷᠠᠳ ᠤ᠋ᠨ ᠰᠡᠳᠬᠢᠯ ᠳ᠋ᠤ ᠰᠠᠭᠤᠭᠳᠠᠭᠰᠠᠨ ᠪᠦᠬᠦ ᠤᠷᠤᠨ ᠪᠦᠰᠡ᠂ ᠲᠦᠷᠪᠡᠨ ᠤᠯᠠᠷᠢᠯ᠂ ᠪᠦᠬᠦ ᠠᠵᠢᠯ ᠲᠦᠷᠦᠯ ᠤ᠋ᠨ ᠵᠢᠭᠤᠯᠴᠢᠯᠠᠯ ᠵᠢᠯ ᠡᠴᠡ ᠵᠢᠯ ᠬᠦᠭᠵᠢᠶᠡᠨᠳᠡᠢ ᠪᠤᠯᠵᠤ ᠪᠠᠢᠨ᠎ᠠ᠃

ᠵᠢᠭᠤᠯᠴᠢᠯᠠᠯ ᠤ᠋ᠨ ᠲᠦᠷᠦᠯ ᠳᠡᠮᠳᠡᠭ ᠪᠤᠯ ᠵᠢᠭᠤᠯᠴᠢᠯᠠᠯ ᠤ᠋ᠨ ᠦᠢᠯᠡᠰ ᠤ᠋ᠨ 《ᠠᠯᠳᠠᠨ ᠱᠤᠰᠢᠭ᠎ᠠ》᠂ ᠵᠢᠭᠤᠯᠴᠢᠯᠠᠯ ᠤ᠋ᠨ ᠦᠢᠯᠡᠰ ᠤ᠋ᠨ ᠦᠷᠨᠢᠬᠦᠨ ᠬᠦᠭᠵᠢᠯᠳᠡ ᠵᠢᠨ ᠬᠦᠴᠦᠳᠦ ᠵᠢᠬᠦᠷ ᠪᠤᠯᠤᠨ᠎ᠠ᠃ ᠲᠡᠷᠡ ᠨᠢ ᠡᠯ᠎ᠠ ᠭᠠᠵᠠᠷ ᠤ᠋ᠨ ᠵᠢᠭᠤᠯᠴᠢᠯᠠᠭᠰᠠᠳ ᠢ᠋ ᠳᠠᠳᠠᠨ ᠢᠷᠡᠬᠦᠯᠬᠦ᠂ ᠤᠷᠤᠨ ᠪᠦᠰᠡ ᠵᠢᠨ ᠵᠢᠭᠤᠯᠴᠢᠯᠠᠯ ᠤ᠋ᠨ ᠨᠡᠷ᠎ᠠ ᠨᠦᠯᠦᠬᠡ ᠵᠢ ᠦᠷᠭᠡᠳᠬᠡᠬᠦ᠂ ᠬᠡᠷᠡᠭᠯᠡᠬᠡ ᠵᠢ ᠳᠡᠰ ᠳᠡᠪᠰᠢᠬᠦᠯᠬᠦ᠂ ᠠᠵᠤ ᠦᠢᠯᠡᠰ ᠤ᠋ᠨ ᠦᠷᠳᠡᠭ ᠢ᠋ ᠨᠡᠮᠡᠭᠳᠡᠬᠦᠯᠬᠦ ᠷᠢᠳᠢ ᠰᠢᠳᠢ ᠲᠠᠢ ᠶᠤᠮ᠃ 《ᠠᠷᠪᠠᠨ ᠲᠦᠷᠪᠡᠳᠤᠬᠡᠷ ᠲᠠᠪᠤᠨ ᠵᠢᠯ》ᠳ᠋ᠤ ᠦᠪᠤᠷ ᠮᠤᠩᠭᠤᠯ ᠵᠢᠭᠤᠯᠴᠢᠯᠠᠯ ᠤ᠋ᠨ ᠲᠦᠷᠦᠯ ᠲᠡᠮᠳᠡᠭ ᠤ᠋ᠨ ᠪᠠᠢᠭᠤᠯᠤᠯᠳᠠ ᠵᠢ ᠬᠦᠴᠦᠯᠡᠨ ᠠᠬᠢᠭᠤᠯᠵᠤ᠂ 《ᠪᠢ ᠲᠠᠯ᠎ᠠ ᠨᠤᠲᠤᠭ ᠲᠠᠶ ᠪᠠᠨ ᠪᠣᠯᠵᠣᠭ᠎ᠠ ᠲᠠᠶ》᠂ 《ᠲᠠᠯᠬᠡᠷ ᠨᠠᠭᠠᠳᠤᠮ》 ᠵᠡᠷᠬᠡ ᠵᠢ ᠪᠠᠭᠳᠠᠭᠠᠭᠰᠠᠨ《ᠠᠶᠠᠯᠭᠤᠳᠤ ᠵᠢᠭᠤᠯᠴᠢᠯᠠᠯ ᠥᠪᠥᠷ ᠮᠣᠩᠭᠣᠯ》ᠣᠷᠣᠨ ᠪᠦᠰᠡ ᠶ᠋ᠢᠨ ᠰᠣᠶᠣᠯ ᠵᠢᠭᠤᠯᠴᠢᠯᠠᠯ ᠤ᠋ᠨ ᠲᠥᠷᠥᠯ ᠲᠡᠮᠳᠡᠭ ᠨᠢ ᠨᠢᠬᠡᠨᠳᠡ ᠦᠪᠤᠷ ᠮᠤᠩᠭᠤᠯ ᠤ᠋ᠨ ᠰᠢᠨ᠎ᠠ ᠨᠢᠬᠡᠨ ᠨᠠᠷ᠎ᠠ ᠵᠢᠨ ᠬᠠᠭᠤᠳᠠᠰᠤ ᠪᠤᠯᠵᠤ ᠤᠯᠤᠰ ᠲᠠᠶᠠᠭᠠᠷ ᠲᠦ᠍ ᠮᠡᠳᠡᠷᠡᠭᠳᠡᠨ᠂ ᠦᠪᠤᠷ ᠮᠤᠩᠭᠤᠯ ᠢ᠋ ᠵᠤᠷᠢᠵᠤ ᠢᠷᠡᠬᠦ ᠬᠦᠮᠦᠨ ᠤᠯᠠᠮ ᠡᠴᠡ ᠤᠯᠠᠮ ᠨᠡᠮᠡᠭᠳᠡᠪᠡ᠃

ᠠᠷᠠᠳ ᠤ᠋ᠨ ᠲᠦᠯᠦᠬᠡ ᠵᠢᠭᠤᠯᠴᠢᠯᠠᠯ ᠢ᠋ ᠬᠦᠭᠵᠢᠬᠦᠯᠬᠦ ᠡᠴᠡ ᠵᠢᠭᠤᠯᠴᠢᠯᠠᠯ ᠵᠢᠡᠷ ᠠᠵᠤ ᠠᠬᠤᠢ ᠵᠢᠨ ᠬᠦᠭᠵᠢᠯᠳᠡ ᠵᠢ ᠳᠠᠢᠴᠢᠯᠠᠬᠤ᠂ ᠰᠤᠶᠤᠯ ᠵᠢᠭᠤᠯᠴᠢᠯᠠᠯ ᠢ᠋ ᠠᠭᠤᠰᠤᠯᠴᠠᠭᠤᠯᠤᠨ ᠬᠦᠭᠵᠢᠬᠦᠯᠬᠦ ᠡᠴᠡ ᠰᠤᠯᠢᠯᠴᠠᠭ᠎ᠠ ᠲᠤᠯᠢᠳᠠᠯ ᠢ᠋ ᠠᠬᠢᠭᠤᠯᠬᠤ ᠬᠦᠷᠳᠡᠯ᠎ᠠ ᠵᠢᠭᠤᠯᠴᠢᠯᠠᠯ ᠤ᠋ᠨ ᠦᠢᠯᠡᠰ ᠨᠢ ᠠᠷᠠᠳ ᠢ᠋ ᠪᠠᠶᠠᠵᠢᠭᠤᠯᠬᠤ᠂ ᠪᠤᠬᠢᠷᠳᠤᠯ ᠦᠬᠡᠢ ᠬᠦᠭᠵᠢᠯᠳᠡ ᠵᠢ ᠠᠬᠢᠭᠤᠯᠬᠤ᠂ ᠠᠷᠠᠳ ᠲᠦᠮᠡᠨ ᠳ᠋ᠤ ᠵᠤᠯ ᠵᠢᠷᠭᠠᠯ ᠢ᠋ ᠡᠳ᠋ᠯᠡᠬᠦᠯᠬᠦ ᠮᠡᠳᠤ ᠵᠢᠨ ᠢᠯᠡ ᠲᠤᠳᠤ ᠤᠨᠴᠠᠯᠢᠭ ᠲᠠᠢ ᠵᠤᠯ ᠵᠢᠷᠭᠠᠯ ᠤ᠋ᠨ ᠠᠵᠤ ᠦᠢᠯᠡᠰ ᠪᠤᠯᠵᠠᠢ᠃ ᠦᠪᠤᠷ ᠮᠤᠩᠭᠤᠯ ᠨᠡᠩ ᠨᠡᠭᠡᠭᠡᠯᠳᠡᠳᠡᠢ᠂ ᠨᠡᠩ ᠪᠠᠭᠳᠠᠭᠠᠮᠵᠢᠳᠠᠢ᠂ ᠨᠡᠩ ᠢᠳᠡᠭᠡᠮᠵᠢᠳᠡᠢ᠂ ᠨᠡᠩ ᠳᠤᠳᠤᠨᠤ ᠦᠢᠯᠡᠴᠢᠯᠡᠬᠡ ᠪᠡᠷ ᠡᠨᠡ ᠬᠦ᠌ ᠵᠤᠯ ᠵᠢᠷᠭᠠᠯ ᠤ᠋ᠨ ᠠᠵᠤ ᠦᠢᠯᠡᠰ ᠢ᠋ ᠤᠯᠠᠮ ᠡᠷᠴᠢᠮᠳᠠᠢ ᠬᠦᠭᠵᠢᠬᠦᠯᠦᠭᠰᠡᠬᠡᠷ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号