ᠮᠠᠨ᠎ᠤ ᠤᠯᠤᠰ᠎ᠤᠨ ᠡᠭᠦᠰᠦᠮᠡᠯ ᠵᠣᠬᠢᠶᠠᠮᠠᠯ ᠣᠶᠤᠨ ᠴᠢᠳᠠᠪᠤᠷᠢ ᠵᠢᠨ ᠬᠡᠷᠡᠭᠯᠡᠭᠴᠢ 5 ᠳ᠋ᠦᠩᠰᠢᠭᠤᠷ᠎ᠢ ᠳᠠᠪᠠᠪᠠ
2025-10-21 11:25:04
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

10 ᠰᠠᠷ᠎ᠠ᠎ᠶᠢᠨ 18᠎ᠤ ᠡᠳᠦᠷ᠂ ᠳᠤᠮᠳᠠᠳᠤ ᠤᠯᠤᠰ᠎ᠤᠨ ᠢᠨᠲ᠋ᠸᠷ ᠰᠦᠯᠵᠢᠶᠡᠨ᠎ᠦ ᠮᠡᠳᠡᠭᠡ ᠵᠠᠩᠭᠢ᠎ᠶᠢᠨ ᠲᠥᠪ 2025 (ᠵᠢᠷᠭᠤᠳᠤᠭᠠᠷ ᠬᠤᠭᠤᠴᠠᠭ᠎ᠠ) ᠵᠢᠨ ᠳᠤᠮᠳᠠᠳᠤ ᠤᠯᠤᠰ᠎ᠤᠨ ᠢᠨᠲ᠋ᠸᠷ ᠰᠦᠯᠵᠢᠶᠡᠨ᠎ᠦ ᠰᠠᠭᠤᠷᠢ ᠡᠬᠢ ᠪᠠᠶᠠᠯᠢᠭ᠎ᠤᠨ ᠶᠡᠬᠡ ᠬᠤᠷᠠᠯ ᠳᠡᠭᠡᠷ᠎ᠡ 《ᠡᠭᠦᠰᠦᠮᠡᠯ ᠵᠣᠬᠢᠶᠠᠮᠠᠯ ᠣᠶᠤᠨ ᠴᠢᠳᠠᠪᠤᠷᠢ᠎ᠶᠢᠨ ᠬᠡᠷᠡᠭᠯᠡᠭᠡᠨ᠎ᠦ ᠬᠥᠭᠵᠢᠯᠲᠡ᠎ᠶᠢᠨ ᠮᠡᠳᠡᠭᠦᠯᠦᠯᠲᠡ (2025)》 ᠵᠢ ᠨᠡᠶ᠋ᠢᠲᠡᠯᠡᠪᠡ᠃ ᠮᠡᠳᠡᠭᠦᠯᠦᠯᠲᠡ᠎ᠳᠦ ᠢᠯᠡᠷᠡᠭᠦᠯᠦᠭᠰᠡᠨ᠎ᠢᠶᠡᠷ᠂ 2025 ᠣᠨ᠎ᠤ 6 ᠰᠠᠷ᠎ᠠ ᠪᠣᠯᠲᠠᠯ᠎ᠠ᠂ ᠮᠠᠨ᠎ᠤ ᠤᠯᠤᠰ᠎ᠤᠨ ᠡᠭᠦᠰᠦᠮᠡᠯ ᠵᠣᠬᠢᠶᠠᠮᠠᠯ ᠣᠶᠤᠨ ᠴᠢᠳᠠᠪᠤᠷᠢ᠎ᠶᠢᠨ ᠬᠡᠷᠡᠭᠯᠡᠭᠴᠢ᠎ᠶᠢᠨ ᠬᠡᠪᠴᠢᠶ᠎ᠡ 5.15 ᠳ᠋ᠦᠩᠰᠢᠭᠤᠷ᠎ᠲᠤ᠌ ᠬᠦᠷᠴᠦ᠍᠂ 2024 ᠣᠨ᠎ᠤ 12 ᠰᠠᠷ᠎ᠠ᠎ᠶᠢᠨ᠎ᠬᠢ᠎ᠡᠴᠡ 2.66 ᠳ᠋ᠦᠩᠰᠢᠭᠤᠷ ᠨᠡᠮᠡᠭᠳᠡᠵᠦ᠍᠂ ᠬᠡᠷᠡᠭᠯᠡᠭᠴᠢ᠎ᠶᠢᠨ ᠬᠡᠪᠴᠢᠶ᠎ᠡ᠎ᠨᠢ ᠬᠠᠭᠠᠰ ᠵᠢᠯ᠎ᠳᠦ ᠳᠠᠬᠢᠨ᠎ᠢᠶᠠᠷ ᠨᠡᠮᠡᠭᠳᠡᠵᠦ᠂ ᠲᠦᠭᠡᠮᠡᠯᠵᠢᠭᠰᠡᠨ ᠨᠣᠷᠮ᠎ᠠ ᠨᠢ 36.5%᠎ᠳᠦ ᠭᠦᠷᠴᠠᠢ᠃


QQ截图20250825102238.png


ᠮᠡᠳᠡᠭᠦᠯᠦᠯᠲᠡ᠎ᠳᠦ᠂ ᠤᠯᠤᠰ᠎ᠠᠴᠠ ᠦᠢᠯᠡᠳᠪᠤᠷᠢᠯᠡᠭᠰᠡᠨ ᠡᠭᠦᠰᠦᠮᠡᠯ ᠵᠣᠬᠢᠶᠠᠮᠠᠯ ᠣᠶᠤᠨ ᠴᠢᠳᠠᠪᠤᠷᠢ᠎ᠶᠢᠨ ᠲᠣᠮᠣ ᠵᠠᠭᠪᠤᠷ᠎ᠨᠢ ᠬᠡᠷᠡᠭᠯᠡᠭᠴᠢᠳ᠎ᠦᠨ ᠥᠷᠭᠡᠨ ᠬᠦᠷᠢᠶᠡᠯᠡᠯ᠎ᠢ ᠣᠯᠤᠭᠰᠠᠨ ᠪᠥᠭᠡᠳ ᠡᠯ᠎ᠡ ᠵᠦᠢᠯ᠎ᠦᠨ ᠬᠡᠷᠡᠭᠯᠡᠭᠡᠨ᠎ᠦ ᠠᠬᠤᠶ ᠪᠠᠶ᠋ᠢᠳᠠᠯ ᠳᠤᠤᠷᠠᠬᠢ ᠤᠶᠤᠨᠴᠢᠯᠠᠨ ᠥᠭᠡᠷᠡᠴᠢᠯᠡᠵᠦ ᠲᠠᠰ ᠳᠡᠪᠰᠢᠭᠦᠯᠬᠦ᠌᠎ᠶᠢ ᠠᠬᠢᠭᠤᠯᠪᠠ᠃ ᠪᠠᠶ᠋ᠢᠴᠠᠭᠠᠯᠲᠠ᠎ᠳᠤ ᠢᠯᠡᠷᠡᠭᠦᠯᠦᠭᠰᠡᠨ᠎ᠢᠶᠡᠷ᠂ ᠶᠢᠰᠦᠨ ᠬᠤᠪᠢ᠎ᠠᠴᠠ ᠳᠡᠭᠡᠭᠰᠢᠬᠢ ᠬᠡᠷᠡᠭᠯᠡᠭᠴᠢ ᠤᠯᠤᠰ᠎ᠡᠴᠡ ᠦᠢᠯᠡᠳᠪᠦᠷᠢᠯᠡᠭᠰᠡᠨ ᠲᠣᠮᠣ ᠵᠠᠭᠪᠤᠷ᠎ᠢ ᠡᠩ ᠲᠡᠷᠢᠭᠦᠨ᠎ᠳᠦ ᠰᠣᠩᠭᠣᠪᠠ᠃ ᠡᠭᠦᠰᠦᠮᠡᠯ ᠵᠣᠬᠢᠶᠠᠮᠠᠯ ᠣᠶᠤᠨ ᠴᠢᠳᠠᠪᠤᠷᠢ᠎ᠨᠢ ᠤᠶᠤᠨᠲᠤ᠌ ᠬᠠᠶ᠋ᠢᠯᠲᠠ᠂ ᠠᠭᠤᠯᠭ᠎ᠠ᠎ᠶᠢᠨ ᠵᠣᠬᠢᠶᠠᠨ ᠪᠦᠲᠦᠭᠡᠯᠭᠡ᠂ ᠠᠯᠪᠠᠯᠠᠬᠤ ᠲᠤᠰᠠᠯᠠᠭᠴᠢ᠂ ᠤᠶᠤᠨᠲᠤ᠌ ᠬᠠᠲᠠᠭᠤ ᠲᠣᠨᠣᠭ ᠵᠡᠷᠭᠡ ᠣᠯᠠᠨ ᠵᠦᠢᠯ᠎ᠦᠨ ᠠᠬᠤᠶ ᠪᠠᠶ᠋ᠢᠳᠠᠯ᠎ᠳᠤ ᠥᠷᠭᠡᠨ᠎ᠢᠶᠡᠷ ᠬᠡᠷᠡᠭᠯᠡᠭᠳᠡᠵᠦ᠍᠂ ᠪᠠᠰᠠ ᠲᠠᠷᠢᠶᠠᠯᠠᠩ᠎ᠤᠨ ᠦᠢᠯᠡᠳᠪᠦᠷᠢᠯᠡᠯ᠂ ᠠᠵᠤ ᠦᠢᠯᠡᠳᠪᠦᠷᠢ᠎ᠶᠢᠨ ᠦᠢᠯᠡᠳᠬᠡᠯ᠂ ᠰᠢᠨᠵᠢᠯᠡᠬᠦ᠌ ᠤᠬᠠᠭᠠᠨ᠎ᠤ ᠰᠤᠳᠤᠯᠭᠠᠨ ᠵᠡᠷᠭᠡ ᠬᠦᠷᠢᠶᠡᠨ᠎ᠳᠦ ᠢᠳᠡᠪᠬᠢᠲᠡᠶ ᠰᠦᠪᠡᠭᠴᠢᠯᠡᠨ ᠦᠢᠯᠡᠳᠦᠯᠭᠡᠵᠢᠭᠦᠯᠵᠦ᠍ ᠪᠠᠶ᠋ᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠱᠢᠡᠬᠤᠸᠠ ᠬᠤᠷᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号