ᠲᠡᠨᠢᠭᠦᠨ ᠪᠤᠭᠤᠷᠤᠯ ᠨᠤᠲᠤᠭ — ᠰᠦᠨᠢᠳ ᠪᠠᠷᠠᠭᠤᠨ ᠬᠤᠰᠢᠭᠤ
2025-10-24 10:49:25
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

40᠎ᠳ᠋ᠤᠭᠡᠷ ᠬᠤᠭᠤᠴᠠᠭ᠎ᠠ —  ᠭᠤᠷᠪᠠᠨ ᠱᠠᠳᠤᠨ᠎ᠤ ᠬᠤᠯᠪᠤᠭᠠᠯᠠᠯ

ᠳᠡᠨᠢᠬᠡᠷ ᠳᠠᠮᠠᠴᠢ ᠵᠢᠨ ᠳᠠᠯ᠎ᠠ ᠪᠡᠨ ᠳᠤᠭᠤᠯᠬᠤ᠎ᠳᠤ ᠤᠮᠤᠭ  ᠪᠠᠬᠠᠳᠤᠨ᠎ᠠ

ᠳᠠᠨᠢᠬᠦᠨ  ᠳᠠᠮᠠᠴᠢ ᠵᠢᠨ ᠰᠡᠳᠬᠢᠯ᠎ᠵᠢᠡᠨ ᠳᠠᠭᠤᠯᠠᠬᠤ᠎ᠳᠤ ᠪᠤᠳᠤᠯ ᠢᠷᠠᠭᠤᠰᠠᠨ᠎ᠠ

ᠡᠷᠳᠡ ᠭᠠᠯᠪᠠ᠎ᠳᠤ ᠦᠯᠦᠭ ᠬᠦᠷᠪᠡᠯ ᠮᠦᠷ ᠵᠢᠡᠨ ᠮᠦᠨᠭᠬᠡᠯᠡᠵᠦ ᠦᠯᠡᠳᠡᠬᠡᠪᠡ

ᠡᠨᠭᠭᠡ ᠴᠠᠭ ᠲᠤ᠌ ᠡᠨᠡ ᠨᠤᠳᠤᠭ ᠨᠡᠷ᠎ᠠ ᠪᠡᠨ ᠮᠦᠨᠭᠬᠡᠯᠡᠵᠦ ᠶᠠᠪᠤᠨ᠎ᠠ


QQ20251024-093537.png


ᠰᠠᠢᠬᠠᠨᠳᠠᠯ᠎ᠠ ᠪᠠᠯᠭᠠᠰᠦ ᠵᠢᠨ ᠵᠡᠬᠡᠯᠢ ᠳᠤᠭᠤᠷᠢᠭ

                       ᠳᠦᠬᠦᠷᠡᠩᠪᠠᠶᠠᠷ  ᠰᠡᠬᠦᠳᠡᠷᠯᠡᠪᠡ


ᠰᠢᠯᠢ ᠶ᠋ᠢᠨ ᠭᠤᠤᠯ ᠠᠢᠮᠠᠭ ᠤ᠋ᠨ ᠪᠠᠷᠠᠭᠤᠨ ᠬᠡᠰᠡᠭ ᠲᠤ᠌ ᠪᠠᠢᠷᠢᠯᠠᠵᠤ᠂ ᠶᠡᠷᠦᠨᠭᠭᠡᠢ ᠳᠠᠯᠠᠪᠠᠢ ᠨᠢ 2.23 ᠳᠥᠮᠡᠨ ᠲᠡᠭᠰᠢ ᠳᠥᠷᠪᠡᠯᠵᠢᠨ ᠺᠢᠯᠤᠮᠸᠲᠷ᠃ ᠬᠤᠢᠲᠤ ᠵᠠᠬ᠎ᠠ ᠪᠡᠷ ᠢ᠋ᠶ᠋ᠠᠨ ᠬᠢᠯᠢ ᠶ᠋ᠢᠨ ᠪᠤᠭᠤᠮᠲᠠ ᠡᠷᠢᠶᠡᠨ ᠬᠤᠲᠠ ᠯᠤᠭ᠎ᠠ ᠵᠠᠯᠭᠠᠯᠳᠤᠨ᠂ 18.15 ᠺᠢᠯᠤᠮᠸᠲᠷ ᠤ᠋ᠨ ᠬᠢᠯᠢ ᠶ᠋ᠢᠨ ᠱᠤᠭᠤᠮ ᠢ᠋ᠶ᠋ᠠᠷ ᠮᠤᠩᠭᠤᠯ ᠤᠯᠤᠰ ᠲᠠᠢ ᠬᠢᠯᠢᠯᠡᠳᠡᠭ᠃ 3 ᠪᠠᠯᠭᠠᠰᠤ᠂ 4 ᠰᠤᠮᠤ ᠲᠠᠢ᠂ 6.24 ᠲᠥᠮᠡᠨ ᠬᠦᠮᠦᠨ ᠠᠵᠤ ᠲᠥᠷᠥᠨ ᠠᠮᠢᠳᠤᠷᠠᠵᠤ ᠪᠤᠢ᠃

《ᠪᠥᠬᠦ ᠤᠯᠤᠰ ᠤ᠋ᠨ ᠤᠤᠭᠠᠨ ᠤᠯᠠᠭᠠᠨᠮᠦ᠋ᠴᠢᠷ ᠤ᠋ᠨ ᠥᠯᠦᠭᠡᠢ》᠂ 《ᠳᠤᠮᠳᠠᠳᠦ ᠤᠯᠤᠰ ᠤ᠋ᠨ ᠲᠡᠮᠡᠭᠡᠨ ᠰᠤᠶᠤᠯ ᠤ᠋ᠨ ᠥᠯᠦᠭᠡᠢ》᠂ 《ᠬᠤᠷᠳᠤᠨ ᠬᠥᠯᠦᠭ ᠤ᠋ᠨ ᠨᠤᠲᠤᠭ》᠂ 《ᠪᠥᠬᠦ ᠤᠯᠤᠰ ᠤ᠋ᠨ ᠮᠢᠭ᠌ᠮᠠᠨ ᠰᠢᠲᠠᠷ᠎ᠠ ᠶ᠋ᠢᠨ ᠥᠯᠦᠭᠡᠢ》᠂ 《ᠢᠷᠦᠬᠡᠯ ᠮᠠᠭᠳᠠᠭᠠᠯ᠎ᠤᠨ ᠰᠤᠶᠤᠯ᠎ᠤᠨ ᠦᠯᠦᠬᠡᠢ》᠂《ᠶᠠᠳᠤᠭ᠎ᠠ ᠬᠦᠭᠵᠢᠮ᠎ᠤᠨ ᠨᠤᠳᠤᠭ》 ᠵᠡᠷᠭᠡ ᠰᠠᠢᠬᠠᠨ ᠠᠯᠳᠡᠷ ᠳᠠᠢ᠃

2023 ᠤᠨ ᠳ᠋ᠤ᠌ 《ᠲᠠᠯ᠎ᠠ ᠨᠤᠲᠤᠭ ᠤ᠋ᠨ ᠬᠤᠪᠢᠰᠬᠠᠯᠲᠦ ᠤᠳᠬ᠎ᠠ ᠤᠷᠠᠯᠢᠭ᠋ ᠤ᠋ᠨ ᠬᠥᠩᠭᠡᠨ ᠮᠤᠷᠢᠲᠦ ᠴᠡᠷᠢᠭ》 ᠬᠡᠮᠡᠨ ᠠᠯᠳᠠᠷᠰᠢᠭ᠍ᠰᠠᠨ ᠰᠦᠨᠢᠳ ᠪᠠᠷᠠᠭᠤᠨ ᠬᠤᠰᠢᠭᠤᠨ ᠤ᠋ ᠤᠯᠠᠭᠠᠨᠮᠦ᠋ᠴᠢᠷ ᠨᠢ ᠪᠥᠬᠦ ᠤᠯᠤᠰ ᠤ᠋ᠨ 《5.1》 ᠎ᠤ ᠬᠥᠳᠡᠯᠮᠦᠷᠢ ᠶ᠋ᠢᠨ ᠱᠠᠩᠨᠠᠯ ᠢ᠋ ᠬᠦᠷᠲᠡᠪᠠ;2024 ᠤᠨ ᠳ᠋ᠤ᠌ ᠰᠠᠩᠪᠤᠯᠠᠭ ᠰᠤᠮᠤᠨ ᠤ᠋ ᠪᠠᠶᠠᠠᠠᠠᠭᠤᠯᠠ ᠭᠠᠴᠠᠭ᠎ᠠ ᠨᠢ ᠪᠥᠬᠦ ᠤᠯᠤᠰ ᠤ᠋ᠨ ᠦᠨᠳᠦᠰᠦᠲᠡᠨ ᠤ᠋ ᠪᠥᠯᠬᠦᠮᠳᠡᠯ ᠳᠠᠪᠰᠢᠯᠲᠠ ᠶ᠋ᠢᠨ ᠵᠢᠱ᠌ᠢᠶᠡᠴᠢ ᠬᠠᠮᠲᠤ ᠨᠡᠢᠲᠡ ᠶ᠋ᠢᠨ ᠢᠷᠡᠭᠤ ᠠᠯᠳᠠᠷ ᠢ᠋ ᠬᠦᠷᠲᠡᠵᠡᠢ᠃

ᠰᠦᠨᠢᠳ ᠬᠤᠨᠢ᠂ ᠰᠦᠨᠢᠳ ᠬᠤᠤᠰ ᠪᠥᠬᠦᠲᠦ ᠲᠡᠮᠡᠭᠡ ᠨᠢ ᠳᠤᠮᠳᠠᠳᠤ ᠤᠯᠤᠰ ᠤ᠋ᠨ ᠭᠠᠵᠠᠷ ᠵᠦᠢ ᠶ᠋ᠢᠨ ᠢᠯᠡᠷᠬᠡᠢᠯᠡᠯᠲᠦ ᠲᠠᠸᠠᠷ ᠤ᠋ᠨ ᠲᠡᠮᠳᠡᠭ ᠪᠠᠢᠵᠦ᠂ ᠰᠦᠨᠢᠳ ᠬᠤᠤᠰ ᠪᠥᠬᠦᠲᠦ ᠢᠩᠭᠡᠨ᠎ᠤ ᠰᠦ ᠨᠢ ᠪᠥᠬᠦ ᠤᠯᠤᠰ ᠤ᠋ᠨ ᠨᠡᠷᠡᠲᠦ ᠤᠨᠴᠠ ᠰᠢᠯᠢᠳᠡᠭ ᠰᠢᠨ᠎ᠠ ᠮᠠᠯ ᠤ᠋ᠨ ᠠᠰᠢᠭ᠋ ᠰᠢᠮ᠎ᠡ ᠲᠡᠷᠢᠶᠠᠯᠠᠩ ᠤ᠋ᠨ ᠪᠥᠲᠦᠭᠡᠭᠳᠡᠭᠦᠨ ᠤ᠋ ᠨᠡᠷᠡᠰ ᠤ᠋ᠨ ᠵᠢᠭ᠍ᠰᠠᠭᠠᠯᠲᠠ ᠳ᠋ᠤ᠌ ᠤᠷᠤᠵᠠᠢ᠃ ᠨᠤᠮᠤᠭᠠᠨ ᠠᠭᠤᠯᠠ᠂ ᠰᠠᠢᠬᠠᠨᠲᠠᠯ᠎ᠠ ᠬᠠᠯᠠᠭᠤᠨ ᠷᠠᠰᠢᠶᠠᠨ᠂ ᠪᠢᠯᠡᠬᠦᠲᠦ ᠰᠦᠮ᠎ᠠ᠂ ᠰᠦᠨᠢᠳ ᠬᠠᠲᠠᠨ ᠵᠢᠷᠤᠭ ᠵᠡᠷᠬᠡ ᠦᠵᠡᠮᠵᠢᠲᠤ ᠴᠡᠭ ᠪᠠ ᠲᠡᠦᠬᠡ ᠶ᠋ᠢᠨ ᠦᠯᠡᠳᠡᠭᠳᠡᠯ ᠨᠢ ᠵᠢᠭᠤᠯᠴᠢᠯᠠᠭᠰᠠᠳ ᠰᠤᠳᠤᠯᠤᠭ᠍ᠴᠢᠳ ᠤ᠋ᠨ ᠪᠠᠬᠠᠷᠬᠠᠯ ᠰᠤᠨᠢᠷᠬᠠᠯ ᠢ᠋ ᠲᠠᠳᠠᠵᠤ ᠪᠠᠢᠳᠠᠭ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号