ᠡᠮᠤᠨᠡᠬᠡᠨ 311 ᠮᠤᠵᠢ ᠢ᠋ᠢᠨ ᠵᠠᠰᠠᠮᠠᠯ ᠵᠠᠮ ᠤ᠋ᠨ ᠱᠸᠨ ᠶᠢᠩ ᠬᠤᠡᠭ ᠬᠤᠤ ᠡᠴᠡ ᠱᠢᠷᠠᠮᠥ᠋ᠷᠡᠨ ᠬᠥᠷᠬᠥ᠌ ᠬᠡᠰᠡᠭ ᠤ᠋ᠨ ᠬᠠᠮᠤᠭ ᠤ᠋ᠨ ᠡᠴᠦᠰ ᠤ᠋ᠨ 1.7 ᠺᠢᠯᠣᠮᠧᠲ᠋ᠷ 《ᠮᠤᠬᠤᠷ ᠵᠠᠮ》 ᠢ᠋ ᠨᠡᠪᠲᠡᠷᠡᠬᠦᠯᠵᠤ᠂ ᠡᠨᠡ ᠬᠦ᠌ ᠣᠯᠠᠨ ᠵᠢᠯ ᠤ᠋ᠨ ᠲᠤᠷᠰᠢ ᠣᠯᠠᠨ ᠲᠦᠮᠡᠨ ᠢ᠋ ᠭᠠᠴᠢᠭ᠍ᠳᠠᠭᠤᠯᠵᠤ ᠪᠠᠢᠭ᠍ᠰᠠᠨ ᠬᠠᠭᠤᠴᠢᠨ ᠵᠠᠮ ᠵᠢᠩᠬᠢᠨᠢ ᠪᠡᠷ ᠨᠢᠭᠡᠳᠦᠭᠡᠷ ᠳᠡᠰ ᠤ᠋ᠨ ᠵᠠᠰᠠᠮᠠᠯ ᠵᠠᠮ ᠪᠣᠯᠤᠨ ᠲᠠᠰ ᠳᠡᠪᠱᠢᠵᠦ᠍᠂ ᠣᠯᠠᠨ ᠲᠦᠮᠡᠨ ᠤ᠋ ᠶᠠᠪᠤᠵᠤ ᠰᠠᠭᠤᠬᠤ ᠳ᠋ᠤ ᠬᠦᠴᠢᠷᠲᠡᠶ ᠪᠠᠢᠬᠰᠠᠨ ᠠᠰᠠᠭᠤᠳᠠᠯ ᠢ᠋ ᠱᠢᠶ᠋ᠳᠪᠦᠷᠢᠯᠡᠭ᠌ᠰᠡᠨ ᠵᠢᠡᠷ ᠪᠠᠷᠠᠬᠤ ᠥᠬᠡᠶ᠂ ᠬᠣᠲᠠ ᠬᠢᠭᠡᠳ ᠬᠦᠳᠡᠭᠡ᠂ ᠤᠯᠠᠮᠵᠢᠯᠠᠯ ᠬᠢᠭᠡᠳ ᠤᠳᠤᠬᠢᠴᠢᠯᠡᠯ ᠢ᠋ ᠨᠢᠭ᠍ᠲᠠ ᠬᠣᠯᠪᠣᠬᠰᠠᠨ ᠨᠡᠷ᠎ᠡ ᠨᠢᠳᠡᠷ ᠲᠡᠬᠡᠨ ᠲᠡᠨᠭᠴᠡᠭᠰᠡᠨ 《ᠠᠷᠠᠳ ᠤ᠋ᠨ ᠠᠮᠢᠳᠤᠷᠠᠯ ᠤ᠋ᠨ ᠵᠠᠮ》 ᠪᠠ 《ᠬᠥᠭ᠌ᠵᠢᠯᠲᠡ ᠢ᠋ᠢᠨ ᠵᠠᠮ》 ᠪᠤᠯᠪᠠ᠃
ᠡᠨᠡ ᠬᠦ᠌ 1.7 ᠺᠢᠯᠣᠮᠧᠲ᠋ᠷ ᠤ᠋ᠨ ᠵᠠᠰᠠᠮᠠᠯ ᠵᠠᠮ ᠪᠣᠯ ᠪᠤᠭᠤᠲᠤ ᠬᠣᠲᠠ ᠢ᠋ᠢᠨ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤᠨ ᠤ᠋ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠵᠠᠮ ᠬᠠᠷᠢᠯᠴᠠᠭᠠᠨ ᠤ᠋ ᠪᠥᠲᠥᠭᠡᠨ ᠪᠠᠢᠭᠤᠯᠤᠯᠲᠠ ᠢ᠋ᠢᠨ ᠠᠮᠵᠢᠯᠲᠠ ᠪᠦᠲᠦᠮᠵᠢ ᠢ᠋ᠢᠨ ᠨᠢᠬᠡᠨ ᠪᠢᠴᠢᠯ ᠵᠢᠱ᠌ᠢᠶᠠ ᠲᠡᠳᠤᠢ ᠶᠤᠮ᠃ 2024 ᠣᠨ ᠤ᠋ ᠰᠡᠭᠦᠯᠴᠢ ᠪᠣᠯᠲᠠᠯ᠎ᠠ᠂ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤᠨ ᠤ᠋ ᠵᠠᠰᠠᠮᠠᠯ ᠵᠠᠮ ᠤ᠋ᠨ ᠪᠥᠬᠥ᠌ ᠣᠷᠳᠣ 3961 ᠺᠢᠯᠣᠮᠧᠲ᠋ᠷ ᠲᠦ᠍ ᠬᠦᠷᠴᠦ᠍᠂ ᠡᠭᠦᠨ ᠳ᠋ᠤ ᠬᠥᠳᠡᠭᠡ ᠲᠣᠰᠭᠣᠨ ᠤ᠋ ᠵᠠᠰᠠᠮᠠᠯ ᠵᠠᠮ ᠤᠨ ᠤᠷᠲᠤ 3327 ᠺᠢᠯᠣᠮᠧᠲ᠋ᠷ ᠢ᠋ ᠳᠠᠪᠠᠪᠠ᠃ 《ᠠᠷᠪᠠᠨ ᠳᠥᠷᠪᠡᠳᠦᠭᠡᠷ ᠲᠠᠪᠤᠨ ᠵᠢᠯ》ᠤ᠋ᠨ ᠬᠤᠭᠤᠴᠠᠭᠠᠨ ᠳ᠋ᠤ᠂ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤ 1268 ᠺᠢᠯᠣᠮᠧᠲ᠋ᠷ ᠬᠥᠳᠡᠭᠡ ᠲᠣᠰᠭᠣᠨ ᠤ᠋ ᠵᠠᠰᠠᠮᠠᠯ ᠵᠠᠮ ᠢ᠋ ᠱᠢᠨ᠎ᠡ ᠪᠡᠷ ᠵᠠᠰᠠᠭᠰᠠᠨ ᠪᠤᠶᠤ ᠥᠭᠡᠷᠡᠴᠢᠯᠡᠨ ᠵᠠᠰᠠᠪᠠ᠃ 2025 ᠣᠨ ᠳ᠋ᠤ᠂ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤ ᠬᠥᠳᠡᠭᠡ ᠲᠣᠰᠭᠣᠨ ᠤ᠋ ᠵᠠᠰᠠᠮᠠᠯ ᠵᠠᠮ ᠤ᠋ᠨ ᠪᠥᠲᠥᠭᠡᠨ ᠪᠠᠢᠭᠤᠯᠤᠯᠲᠠ ᠢ᠋ᠢᠨ ᠡᠷᠴᠢᠮ ᠢ᠋ᠢᠡᠨ ᠴᠢᠨᠠᠬᠰᠢᠲᠠ ᠴᠢᠩᠭᠠᠷᠠᠭᠤᠯᠵᠤ᠂ 30495 ᠲᠦᠮᠡᠨ ᠲᠥᠭᠥᠷᠢᠭ ᠤ᠋ᠨ ᠪᠠᠯᠠ ᠣᠷᠣᠭᠤᠯᠵᠤ᠂ 184.7 ᠺᠢᠯᠣᠮᠧᠲ᠋ᠷ ᠬᠥᠳᠡᠭᠡ ᠲᠣᠰᠭᠣᠨ ᠤ᠋ ᠵᠠᠰᠠᠮᠠᠯ ᠵᠠᠮ ᠢ᠋ ᠦᠷᠭᠦᠯᠵᠢᠯᠡᠨ ᠱᠢᠨ᠎ᠡ ᠪᠡᠷ ᠵᠠᠰᠠᠪᠠ ᠃
ᠤᠳᠤ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤᠨ ᠤ᠋ ᠨᠡᠯᠢᠶᠡᠳ ᠤᠯᠠᠨ ᠬᠥᠮᠦᠨ ᠠᠮᠠ ᠲᠠᠶ ᠪᠠᠢᠭᠠᠯᠢᠯᠢᠭ ᠭᠠᠴᠠᠭ᠎ᠠ ᠲᠣᠰᠭᠣᠨ ᠳ᠋ᠤ ᠬᠠᠲᠠᠭᠤᠷᠠᠭᠤᠯᠤᠭ᠍ᠰᠠᠨ ᠵᠠᠮ ᠨᠡᠪᠲᠡᠷᠡᠭ᠌ᠰᠡᠨ ᠨᠣᠷᠮ᠎ᠠ 91.6% ᠳ᠋ᠤ ᠬᠦᠷᠴᠦ᠍᠂ ᠪᠠᠢᠭᠤᠯᠤᠮᠵᠢᠲᠤ ᠭᠠᠴᠠᠭ᠎ᠠ ᠲᠣᠰᠭᠣᠨ ᠳ᠋ᠤ ᠰᠠᠭᠠᠳ ᠦᠭᠡᠢ ᠨᠡᠪᠲᠡᠷᠡᠭ᠌ᠰᠡᠨ ᠨᠣᠷᠮ᠎ᠠ 100% ᠳ᠋ᠤ ᠬᠦᠷᠴᠦ᠍᠂ ᠤᠯᠤᠰ ᠤ᠋ᠨ ᠵᠠᠰᠠᠮᠠᠯ ᠵᠠᠮ ᠤ᠋ᠨ 210 ᠱᠤᠭᠤᠮ᠂ 335 ᠱᠤᠭᠤᠮ᠂ 331 ᠱᠤᠭᠤᠮ ᠪᠠ ᠮᠤᠵᠢ ᠢ᠋ᠢᠨ ᠵᠠᠰᠠᠮᠠᠯ ᠵᠠᠮ ᠤ᠋ᠨ 211 ᠱᠤᠭᠤᠮ᠂ 104 ᠱᠤᠭᠤᠮ ᠵᠢᠡᠷ ᠭᠣᠣᠯ ᠰᠤᠳᠠᠯ ᠪᠤᠯᠭᠠᠨ ᠬᠥᠬᠡᠬᠣᠲᠠ ᠪᠤᠭᠤᠲᠤ ᠬᠣᠶᠠᠷ ᠬᠣᠲᠠ ᠢ᠋ᠢ ᠬᠣᠯᠪᠣᠵᠤ᠂ ᠳᠤᠮᠳᠠᠳᠤ ᠮᠣᠩᠭᠣᠯ ᠤ᠋ᠨ ᠬᠢᠯᠢ ᠢ᠋ᠢ ᠱᠢᠭᠤᠳ ᠨᠡᠪᠲᠡᠷᠡᠭᠦᠯᠵᠦ᠍᠂ ᠬᠥᠷᠰᠢ ᠭᠠᠵᠠᠷ ᠣᠷᠣᠨ ᠢ᠋ ᠬᠣᠯᠪᠣᠭᠰᠠᠨ᠂ ᠡᠯ᠎ᠡ ᠰᠤᠮᠤ ᠱᠢᠶᠠᠩ ᠪᠠᠯᠭᠠᠰᠤ ᠢ᠋ᠢ ᠨᠥᠯᠥᠭᠡᠯᠡᠭᠰᠡᠨ᠂ ᠭᠠᠴᠠᠭ᠎ᠠ ᠲᠣᠰᠭᠣᠨ ᠳ᠋ᠤ ᠨᠡᠪᠲᠡᠷᠡᠭᠰᠡᠨ ᠵᠠᠰᠠᠮᠠᠯ ᠵᠠᠮ ᠤ᠋ᠨ ᠲᠣᠣᠷᠵᠢᠯ ᠤ᠋ᠨ ᠱᠢᠨ᠎ᠡ ᠪᠠᠢᠷᠢᠱᠢᠯ ᠢ᠋ ᠪᠦᠷᠢᠯᠳᠦᠭᠦᠯᠪᠡ᠃
ᠵᠠᠰᠠᠮᠠᠯ ᠵᠠᠮ ᠪᠣᠯ ᠵᠦᠪᠬᠡᠨ ᠵᠠᠮ ᠬᠠᠷᠢᠯᠴᠠᠭᠠᠨ ᠤ᠋ ᠲᠥᠬᠥᠭᠡᠷᠦᠮᠵᠢ ᠲᠡᠳᠦᠢ ᠥᠬᠡᠢ᠂ ᠬᠠᠷᠢᠨ ᠠᠵᠤ ᠦᠶ᠋ᠯᠡᠰ᠂ ᠮᠡᠳᠡᠭᠡ ᠵᠠᠩᠭᠢ ᠪᠣᠯᠤᠨ ᠠᠵᠠ ᠲᠣᠬᠢᠶᠠᠯ ᠤ᠋ᠨ ᠡᠷᠬᠢᠯᠲᠡ ᠢ᠋ᠢᠨ 《ᠠᠩᠬᠠᠨ ᠤ᠋ ᠭᠠᠷᠤᠭ᠎ᠠ》 ᠪᠤᠯᠬᠤ ᠶᠤᠮ᠃ ᠮᠣᠩᠭᠣᠯ ᠤᠯᠤᠰ ᠲᠦ᠍ ᠨᠡᠭᠡᠭᠡᠯᠲᠡ ᠬᠢᠬᠦ᠌ ᠴᠢᠬᠤᠯᠠ ᠴᠣᠩᠬᠣᠪᠴᠢ ᠪᠣᠯᠤᠭ᠍ᠰᠠᠨ ᠤ᠋ ᠬᠤᠪᠢ ᠳ᠋ᠤ᠂ ᠮᠠᠨᠳᠤᠯ ᠬᠢᠯᠢ ᠢ᠋ᠢᠨ ᠪᠣᠭᠣᠮᠲᠠ ᠶᠠᠭ 《ᠪᠠᠷᠠᠭ᠎ᠠ ᠳᠠᠮᠵᠢᠭᠤᠯᠬᠤ ᠵᠠᠮ》 ᠡᠴᠡ 《ᠵᠠᠭ᠍ᠪᠤᠷ ᠤ᠋ᠨ ᠱᠢᠨ᠎ᠡ ᠢ᠋ᠢ ᠡᠭᠦᠳᠬᠦ᠌ ᠭᠤᠯᠤᠮᠳᠠ》 ᠪᠣᠯᠬᠤ ᠭᠦᠨᠵᠡᠭᠡᠢ ᠬᠤᠪᠢᠰᠤᠯᠲᠠ ᠢ᠋ᠢ ᠪᠡᠶᠡᠯᠡᠬᠥᠯᠵᠥ ᠪᠤᠢ᠃ ᠪᠥᠬᠥ᠌ ᠤᠯᠤᠰ ᠤ᠋ᠨ ᠠᠩᠬᠠᠳᠠᠭ᠍ᠴᠢ ᠴᠢᠩᠭᠡᠯᠢᠭᠲᠤ ᠬᠡᠰᠡᠭ᠌ᠴᠢᠯᠡᠭ᠌ᠰᠡᠨ ᠬᠤᠤᠰ ᠴᠢᠷᠦᠭᠦᠯ ᠮᠠᠱᠢᠨ ᠲᠡᠷᠭᠡ ᠪᠤᠯᠤᠨ ᠭᠠᠯᠲᠤ ᠲᠡᠷᠭᠡᠨ ᠤ᠋ ᠲᠤᠷᠱᠢᠯᠲᠠ ᠢ᠋ᠢᠨ ᠱᠤᠭᠤᠮ ᠢ᠋ ᠠᠱᠢᠭ᠍ᠯᠠᠯᠲᠠ ᠳ᠋ᠤ ᠣᠷᠣᠭᠤᠯᠵᠤ᠂ ᠤᠯᠤᠰ ᠤ᠋ᠨ ᠳᠣᠲᠣᠭᠠᠳᠤ ᠢ᠋ᠢᠨ ᠱᠢᠨ᠎ᠡ ᠡᠨᠧᠷᠭᠢ ᠢ᠋ᠢᠨ ᠬᠦᠨᠳᠦ ᠬᠡᠯᠪᠡᠷᠢ ᠢ᠋ᠢᠨ ᠠᠴᠢᠶᠠᠨ ᠤ᠋ ᠮᠠᠰᠢᠨ ᠤ᠋ ᠬᠤᠤᠰ ᠴᠢᠷᠦᠭᠦᠯ ᠲᠡᠷᠭᠡ ᠢ᠋ᠢᠨ ᠬᠣᠯᠪᠣᠭᠠᠯᠠᠬᠰᠠᠨ ᠲᠡᠭᠡᠭᠡᠪᠦᠷᠢ ᠢ᠋ᠢᠨ ᠠᠩᠬᠠᠨ ᠤ᠋ ᠵᠠᠮ ᠢ᠋ ᠨᠡᠭᠡᠭᠡᠵᠦ᠍᠂ ᠨᠢᠭᠡᠨ ᠢᠵᠢ ᠬᠠᠭᠤᠯᠪᠤᠷᠢᠯᠠᠵᠤ ᠪᠣᠯᠬᠤᠢᠴᠠ 《ᠪᠤᠭᠤᠲᠤ ᠢ᠋ᠢᠨ ᠲᠥᠰᠦᠯ》 ᠢ᠋ ᠭᠠᠷᠭᠠᠪᠠ᠃
ᠮᠠᠨᠳᠤᠯ ᠬᠢᠯᠢ ᠢ᠋ᠢᠨ ᠪᠣᠭᠣᠮᠲᠠ ᠢ᠋ᠢᠨ ᠬᠤᠪᠢᠷᠠᠯᠲᠠ ᠪᠣᠯ ᠥᠭᠡᠷ᠎ᠡ ᠨᠢᠭᠡᠨ ᠤᠳᠭ᠎ᠠ ᠳᠡᠭᠡᠷᠡᠬᠢ 《ᠵᠠᠮ ᠤ᠋ᠨ ᠬᠤᠪᠢᠰᠭᠠᠯ》 ᠪᠣᠯᠤᠨ᠎ᠠ᠃ ᠲᠡᠷᠡ ᠨᠢ ᠬᠥᠮᠥᠷᠭᠡᠯᠡᠬᠦ᠌ ᠪᠠᠭ᠍ᠲᠠᠭᠠᠮᠵᠢ᠂ ᠪᠣᠭᠣᠮᠲᠠ ᠥᠩᠭᠡᠷᠡᠬᠦ᠌ ᠬᠤᠷᠳᠤᠴᠠ ᠢ᠋ᠢ ᠠᠳᠠᠯᠢᠳᠬᠠᠭᠰᠠᠨ 《ᠬᠠᠲᠠᠭᠤ ᠲᠣᠨᠣᠭ ᠤ᠋ᠨ ᠤᠷᠤᠯᠳᠤᠭᠠᠨ》 ᠡᠴᠡ ᠱᠢᠨ᠎ᠡ ᠬᠡᠯᠪᠡᠷᠢ ᠢ᠋ᠢᠨ ᠬᠢᠯᠢ ᠠᠯᠤᠰᠯᠠᠭ᠍ᠰᠠᠨ ᠪᠠᠷᠠᠭᠠᠨ ᠤ᠋ ᠭᠦᠶ᠋ᠯᠭᠡᠭᠡ ᠵᠢᠨ ᠠᠮᠢ ᠠᠬᠤᠶ ᠢ᠋ᠢᠨ《ᠵᠥᠭᠡᠯᠡᠨ ᠲᠣᠨᠣᠭ ᠤ᠋ᠨ ᠤᠷᠤᠯᠳᠤᠭᠠᠨ》 ᠤ᠋ ᠱᠠᠲᠤᠨ ᠳ᠋ᠤ ᠣᠷᠣᠪᠠ᠃ 9 ᠰᠠᠷ᠎ᠠ ᠢ᠋ᠢᠨ ᠰᠡᠭᠦᠯᠴᠢ ᠪᠣᠯᠲᠠᠯ᠎ᠠ᠂ ᠮᠠᠨᠳᠤᠯ ᠬᠢᠯᠢ ᠵᠢᠨ ᠪᠣᠭᠣᠮᠲᠠ ᠢ᠋ᠢᠨ ᠭᠠᠳᠠᠭᠠᠳᠤ ᠡᠴᠡ ᠣᠷᠣᠭᠤᠯᠵᠤ ᠭᠠᠳᠠᠭᠠᠳᠤ ᠳ᠋ᠤ ᠭᠠᠷᠭᠠᠬᠰᠠᠨ ᠪᠠᠷᠠᠭᠠᠨ ᠤ᠋ ᠲᠡᠭᠡᠭᠡᠪᠦᠷᠢ ᠢ᠋ᠢᠨ ᠬᠡᠮᠵᠢᠶ᠎ᠡ ᠨᠢᠳᠤᠨᠤᠨ ᠤ᠋ ᠠᠳᠠᠯᠢ ᠬᠤᠭᠤᠴᠠᠭᠠᠨ ᠤ᠋ ᠬᠢ ᠡᠴᠡ 26.4% ᠪᠡᠷ ᠨᠡᠮᠡᠭ᠌ᠳᠡᠪᠡ᠃ ᠡᠨᠡ ᠨᠢ ᠲᠣᠭ᠎ᠠ ᠬᠡᠮᠵᠢᠶᠡᠨ ᠤ᠋ ᠨᠡᠮᠡᠭ᠌ᠳᠡᠯ ᠪᠣᠯᠬᠤ ᠪᠠᠷ ᠪᠠᠷᠠᠬᠤ ᠥᠬᠡᠶ ᠨᠠᠩ ᠴᠤ᠌ ᠬᠥᠭ᠌ᠵᠢᠯᠲᠡ ᠢ᠋ᠢᠨ ᠴᠢᠨᠠᠷ ᠴᠢᠨᠰᠠᠭ᠎ᠠ ᠢ᠋ᠢᠨ ᠦᠰᠦᠷᠦᠯᠲᠡ ᠪᠠᠢᠵᠤ᠂ 《ᠨᠡᠪᠲᠡᠷᠡᠯ ᠵᠠᠮ ᠤ᠋ᠨ ᠠᠵᠤ ᠠᠬᠤᠶ》 ᠡᠴᠡ 《ᠬᠦᠢᠰᠤ ᠢ᠋ᠢᠨ ᠠᠵᠤ ᠠᠬᠤᠶ》 ᠳ᠋ᠤ ᠲᠡᠪᠰᠢᠨ ᠤᠷᠤᠭ᠍ᠰᠠᠨ ᠢ᠋ ᠬᠠᠷᠠᠭᠤᠯᠵᠤ ᠪᠠᠢᠨ᠎ᠠ᠃
ᠬᠡᠷᠪᠡ ᠵᠠᠰᠠᠮᠠᠯ ᠵᠠᠮ ᠪᠣᠯᠤᠨ ᠬᠢᠯᠢ ᠢ᠋ᠢᠨ ᠪᠣᠭᠣᠮᠲᠠ ᠢ᠋ᠢᠨ ᠲᠠᠰ ᠳᠠᠪᠱᠢᠯᠲᠠ ᠢ᠋ᠢ ᠬᠣᠶᠠᠷ ᠬᠡᠮᠵᠢᠯᠲᠤ ᠬᠠᠪᠲᠠᠭᠠᠶ ᠳᠡᠭᠡᠷᠡᠬᠢ ᠬᠦᠭᠵᠢᠯᠲᠡ ᠭᠡᠪᠡᠯ᠂ ᠤᠢᠷ᠎ᠠ ᠤᠭᠲᠠᠷᠭᠤᠢ ᠢ᠋ᠢᠨ ᠠᠵᠤ ᠠᠬᠤᠶ ᠢ᠋ᠢᠨ ᠪᠠᠢᠷᠢᠰᠢᠭᠤᠯᠤᠯᠲᠠ ᠨᠢ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤᠨ ᠤ᠋ ᠬᠥᠭ᠌ᠵᠢᠯᠲᠡ ᠢ᠋ᠢᠨ 《ᠭᠤᠷᠪᠠᠳᠡᠬᠢ ᠬᠠᠷᠠᠭᠠᠰᠤ》 ᠪᠣᠯᠬᠤ ᠶᠤᠮ᠃ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤᠨ ᠳ᠋ᠤ ᠠᠦ᠋ᠲ᠋ᠥ᠌ ᠣᠶᠤᠨᠴᠢ ᠱᠢᠰᠲᠸᠮ ᠤ᠋ᠨ ᠰᠤᠳᠤᠯᠤᠨ ᠪᠣᠯᠪᠠᠰᠤᠷᠠᠬᠤ ᠰᠠᠭᠤᠷᠢᠨ ᠢ᠋ ᠪᠠᠢᠭᠤᠯᠤᠭ᠍ᠰᠠᠨ ᠨᠢ ᠥᠷᠭᠡᠨ ᠠᠭᠤᠳᠠᠮ ᠣᠷᠣᠨ ᠵᠠᠢ ᠢ᠋ᠢ ᠬᠦᠴᠦᠷᠬᠡᠭ ᠶᠡᠬᠡ 《ᠱᠢᠨ᠎ᠡ ᠢ᠋ᠢ ᠡᠭᠦᠳᠬᠦ᠌ ᠰᠣᠷᠢᠨᠵᠢᠨ ᠣᠷᠣᠨ》 ᠪᠣᠯᠭᠠᠵᠠᠢ᠃ 《ᠤᠢᠷ᠎ᠠ ᠤᠭᠲᠠᠷᠭᠤᠢ + ᠡᠳ᠋ ᠪᠠᠷᠠᠭᠠᠨ ᠤ᠋ ᠭᠦᠶ᠋ᠯᠭᠡᠭᠡ 》 ᠶ᠋ᠢᠨ ᠣᠨᠣᠪᠴᠢᠲᠠᠶ ᠬᠦᠷᠭᠡᠯᠲᠡ ᠡᠴᠡ 《ᠤᠢᠷ᠎ᠠ ᠤᠭᠲᠠᠷᠭᠤᠢ + ᠵᠢᠭᠤᠯᠴᠢᠯᠠᠯ》 ᠤ᠋ᠨ ᠥᠪᠡᠷᠮᠢᠴᠡ ᠥᠩᠭᠡᠷᠡᠯᠲᠡ ᠬᠦᠷᠲᠡᠯ᠎ᠡ᠂ ᠳᠠᠬᠢᠭᠠᠳ《ᠤᠢᠷ᠎ᠠ ᠤᠭᠲᠠᠷᠭᠤᠢ + ᠰᠤᠳᠤᠯᠤᠨ ᠰᠤᠷᠤᠯᠴᠠᠬᠤ》 ᠴᠢᠳᠠᠪᠤᠷᠢᠲᠠᠨ ᠬᠥᠮᠦᠵᠢᠭᠦᠯᠬᠦ᠌ ᠬᠦᠷᠲᠡᠯ᠎ᠡ᠂ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤ ᠶᠠᠭ ᠠᠭᠠᠷ ᠤ᠋ᠨ ᠣᠷᠣᠨ ᠤ᠋ ᠡᠬᠢ ᠪᠠᠶᠠᠯᠢᠭ ᠢ᠋ 《ᠤᠢᠷ᠎ᠠ ᠤᠭᠲᠠᠷᠭᠤᠢ ᠢ᠋ᠢᠨ ᠠᠵᠢᠯᠯᠠᠬᠤ ᠱᠢᠰᠲ᠋ᠧᠮ》 ᠪᠣᠯᠭᠠᠨ ᠬᠤᠪᠢᠷᠠᠭᠤᠯᠵᠤ ᠪᠠᠢᠨ᠎ᠠ᠃
《ᠠᠷᠪᠠᠨ ᠲᠠᠪᠤᠳᠤᠭᠠᠷ ᠲᠠᠪᠤᠨ ᠵᠢᠯ》ᠤᠨ ᠲᠦᠯᠦᠪᠵᠢᠬᠦᠯᠭᠡ ᠵᠢᠨ ᠬᠤᠭᠤᠴᠠᠭ᠎ᠠ ᠬᠦᠷᠬᠦ ᠢᠷᠡᠬᠦ ᠵᠢ ᠳᠠᠭᠠᠯᠳᠤᠨ᠂ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤ 《ᠲᠥᠷᠥᠯ ᠵᠦᠶ᠋ᠯ ᠤ᠋ᠨ ᠰᠡᠳᠭᠢᠬᠦᠶ》 ᠡᠴᠡ 《ᠠᠮᠢ ᠠᠬᠤᠶ ᠢ᠋ᠢᠨ ᠰᠡᠳᠭᠢᠬᠦᠶ》 ᠬᠦᠷᠲᠡᠯᠡᠬᠢ ᠭᠦᠨᠵᠡᠭᠡᠶ ᠬᠤᠪᠢᠷᠠᠯᠲᠠ ᠵᠢ ᠪᠡᠶᠡᠯᠡᠬᠦᠯᠵᠡᠢ᠃ ᠲᠥᠯᠥᠪᠵᠢᠭᠦᠯᠭᠡ ᠨᠢ ᠵᠠᠮ ᠤ᠋ᠨ ᠵᠠᠶ ᠢ᠋ᠢᠨ ᠳᠥᠭᠥᠮᠬᠡᠨ ᠳᠠᠪᠬᠤᠴᠠᠯ ᠳᠡᠳᠤᠢ ᠯᠡ ᠪᠢᠰᠢ᠂ ᠬᠠᠷᠢᠨ 《ᠭᠤᠤᠯ ᠱᠤᠭᠤᠮ ᠤ᠋ᠨ ᠲᠤᠤᠷᠵᠢᠯ》᠂《ᠰᠠᠭᠤᠷᠢ ᠲᠤᠤᠷᠵᠢᠯ》᠂ ᠬᠦᠶ᠋ᠰᠦ ᠥᠷᠲᠡᠭᠡ ᠲᠠᠯᠠᠪᠤᠷ᠂ ᠤᠢᠷ᠎ᠠ ᠤᠭᠲᠠᠷᠭᠤᠢ ᠢ᠋ᠢᠨ ᠠᠵᠤ ᠠᠬᠤᠶ ᠢ᠋ᠢᠨ ᠱᠢᠰᠲ᠋ᠧᠮᠲᠦ ᠴᠢᠨᠠᠷᠲᠠᠶ ᠠᠪᠴᠠᠯᠳᠤᠯ ᠳ᠋ᠤ ᠬᠦᠷᠬᠡᠬᠦ ᠶᠠᠪᠤᠳᠠᠯ ᠪᠤᠯᠤᠨ᠎ᠠ᠃
ᠣᠢᠯᠠᠭᠠᠭ᠍ᠰᠠᠨ ᠵᠢᠡᠷ᠂ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤᠨ ᠤ᠋ ᠬᠡᠷᠡᠭ᠌ᠵᠢᠭᠦᠯᠬᠦ᠌ ᠪᠡᠷ ᠲᠥᠯᠥᠪᠯᠡᠵᠦ᠍ ᠪᠠᠢᠭ᠎ᠠ ᠬᠥᠳᠡᠭᠡ ᠲᠣᠰᠭᠣᠨ ᠤ᠋ ᠠᠵᠤ ᠦᠶ᠋ᠯᠡᠰ ᠤ᠋ᠨ ᠵᠠᠮ᠂ ᠵᠢᠭᠤᠯᠴᠢᠯᠠᠯ ᠤ᠋ᠨ ᠵᠠᠮ᠂ ᠡᠬᠢ ᠪᠠᠶᠠᠯᠢᠭ ᠤ᠋ᠨ ᠵᠠᠮ ᠨᠢ ᠵᠠᠮ ᠤ᠋ᠨ ᠲᠤᠤᠷᠵᠢᠯ ᠪᠣᠯᠤᠨ ᠠᠵᠤ ᠠᠬᠤᠶ ᠢ᠋ᠢᠨ ᠡᠯᠧᠮᠧᠨ᠋ᠲ ᠤ᠋ᠨ ᠠᠭᠤᠰᠤᠯᠴᠠᠯ ᠢ᠋ ᠠᠬᠢᠭᠤᠯᠬᠤ ᠢ᠋ᠢᠨ ᠲᠥᠯᠥᠭᠡ ᠶᠤᠮ; 《ᠵᠠᠰᠠᠮᠠᠯ ᠵᠠᠮ ᠤ᠋ᠨ ᠲᠡᠭᠡᠭᠡᠪᠦᠷᠢ ᠡᠴᠡ ᠲᠡᠮᠦᠷ ᠵᠠᠮ ᠤ᠋ᠨ ᠲᠡᠭᠡᠭᠡᠪᠦᠷᠢ ᠪᠣᠯᠭᠠᠨ ᠬᠤᠪᠢᠷᠠᠭᠤᠯᠬᠤ ᠢ᠋ᠢ ᠠᠬᠢᠭᠤᠯᠬᠤ》 ᠪᠠ ᠬᠢᠯᠢ ᠠᠯᠤᠰᠯᠠᠭ᠍ᠰᠠᠨ ᠲᠡᠮᠦᠷ ᠵᠠᠮ ᠢ᠋ ᠲᠥᠯᠥᠪᠵᠢᠭᠦᠯᠬᠦ᠌ ᠪᠣᠯ ᠨᠠᠩ ᠶᠡᠬᠡ ᠪᠠᠢᠷᠢᠱᠢᠯ ᠳᠤᠮᠳᠠ ᠲᠣᠰ ᠪᠡᠶ᠎ᠡ ᠢ᠋ᠢᠨ ᠨᠡᠪᠲᠡᠷᠡᠯ ᠵᠠᠮ ᠤ᠋ᠨ ᠦᠨ᠎ᠡ ᠥᠷᠲᠡᠭ ᠢ᠋ ᠲᠣᠭ᠍ᠲᠠᠭᠠᠬᠤ ᠶᠠᠪᠤᠳᠠᠯ ᠪᠣᠯᠤᠨ᠎ᠠ; ᠬᠠᠷᠢᠨ ᠣᠯᠠᠨ ᠬᠡᠯᠪᠡᠷᠢ ᠢ᠋ᠢᠨ ᠬᠠᠮᠲᠤᠷᠠᠭ᠍ᠰᠠᠨ ᠲᠡᠭᠡᠭᠡᠪᠦᠷᠢ ᠢ᠋ᠢ ᠬᠥᠭ᠌ᠵᠢᠭᠦᠯᠵᠦ᠍᠂ ᠤᠢᠷ᠎ᠠ ᠤᠭᠲᠠᠷᠭᠤᠢ ᠢ᠋ᠢᠨ ᠠᠵᠤ ᠠᠬᠤᠶ ᠳ᠋ᠤ ᠬᠦᠴᠦᠨ ᠣᠯᠭᠣᠬᠤ ᠨᠢ ᠬᠠᠭᠤᠷᠠᠶ ᠵᠠᠮ ᠪᠠ ᠠᠭᠠᠷ ᠤ᠋ᠨ ᠵᠠᠮ ᠢ᠋ ᠬᠠᠮᠵᠢᠯᠴᠠᠭᠤᠯᠤᠨ᠂ ᠪᠣᠰᠣᠭ᠎ᠠ ᠴᠣᠭ᠍ᠴᠠᠲᠤ ᠬᠠᠷᠢᠯᠴᠠᠨ ᠬᠣᠯᠪᠣᠯᠳᠤᠭ᠍ᠰᠠᠨ ᠶᠡᠷᠦᠩᠬᠡᠢᠯᠡᠭ᠌ᠰᠡᠨ ᠵᠠᠮ ᠬᠠᠷᠢᠯᠴᠠᠭᠠᠨ ᠤ᠋ ᠠᠵᠤ ᠦᠶ᠋ᠯᠡᠰ ᠤ᠋ᠨ ᠠᠮᠢ ᠠᠬᠤᠶ ᠢ᠋ᠢ ᠪᠠᠢᠭᠤᠯᠵᠤ ᠪᠠᠢᠭ᠎ᠠ ᠶᠠᠪᠤᠳᠠᠯ ᠪᠣᠯᠤᠨ᠎ᠠ᠃