ᠤᠯᠠᠷᠢᠯ ᠤ᠋ᠨ ᠴᠢᠨᠠᠷᠳᠠᠢ ᠬᠠᠯᠳᠠᠪᠤᠷᠢᠳᠦ ᠲᠠᠭᠰᠢᠭᠤᠷ ᠳᠡᠯᠭᠡᠷᠡᠬᠦ ᠴᠠᠭ ᠲᠤ᠌ ᠤᠷᠤᠭᠰᠠᠨ ᠶ᠋ᠢᠡᠷ᠂ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠡᠮ ᠤ᠋ᠨ ᠵᠦᠢᠯᠡᠰ ᠤ᠋ᠨ ᠬᠢᠨᠠᠯᠳᠠ ᠬᠠᠮᠢᠶᠠᠷᠤᠯᠳᠠ ᠶ᠋ᠢᠨ ᠲᠤᠪᠴᠢᠶ᠎ᠠ ᠤᠢᠷ᠎ᠠ ᠳ᠋ᠤ ᠪᠦᠬᠦ ᠤᠷᠤᠨ ᠤ᠋ ᠬᠡᠪᠴᠢᠶᠠᠨ ᠳ᠋ᠤ ᠬᠠᠯᠳᠠᠪᠤᠷᠢᠳᠦ ᠲᠠᠭᠰᠢᠭᠤᠷ ᠢ᠋ ᠰᠡᠷᠭᠡᠢᠯᠡᠨ ᠵᠠᠰᠠᠬᠤ ᠡᠮ ᠤ᠋ᠨ ᠵᠦᠢᠯᠡᠰ ᠢ᠋ ᠬᠢᠨᠠᠨ ᠪᠠᠢᠴᠠᠭᠠᠬᠤ ᠠᠵᠢᠯ ᠢ᠋ ᠪᠠᠢᠷᠢᠯᠠᠭᠤᠯᠤᠨ ᠦᠷᠨᠢᠭᠦᠯᠪᠠ᠃ ᠤᠳᠤᠬᠠᠨ ᠪᠤᠯᠳᠠᠯ᠎ᠠ ᠪᠦᠬᠦ ᠤᠷᠤᠨ ᠤ᠋ ᠡᠮ ᠤ᠋ᠨ ᠵᠦᠢᠯᠡᠰ ᠢ᠋ ᠡᠵᠡᠩᠨᠡᠨ ᠬᠡᠷᠡᠭᠯᠡᠵᠦ ᠪᠠᠢᠭ᠎ᠠ 2319 ᠨᠢᠭᠡᠴᠢ ᠳ᠋ᠤ ᠪᠠᠢᠴᠠᠭᠠᠯᠳᠠ ᠬᠢᠵᠦ᠂ 106 ᠵᠦᠢᠯ ᠤ᠋ᠨ ᠠᠰᠠᠭᠤᠳᠠᠯ ᠪᠠ ᠬᠡᠮ ᠰᠤᠭᠤᠭ ᠢ᠋ ᠴᠡᠭᠴᠡᠯᠡᠨ ᠵᠠᠰᠠᠵᠤ᠂ ᠬᠠᠤᠯᠢ ᠡᠴᠡ ᠵᠦᠷᠢᠴᠡᠭᠰᠡᠨ 25 ᠬᠡᠷᠡᠭ ᠢ᠋ ᠳᠠᠩᠰᠠᠯᠠᠨ ᠰᠢᠢᠳᠪᠤᠷᠢᠯᠡᠵᠠᠢ᠃
ᠲᠤᠰ ᠤᠳᠠᠭ᠎ᠠ ᠵᠢᠨ ᠬᠢᠨᠠᠨ ᠪᠠᠢᠴᠠᠭᠠᠯᠳᠠ ᠨᠢ ᠡᠮ ᠤ᠋ᠨ ᠳᠡᠯᠭᠡᠭᠦᠷ᠂ ᠡᠮᠨᠡᠯᠭᠡ ᠶ᠋ᠢᠨ ᠭᠠᠵᠠᠷ᠂ ᠡᠮᠨᠡᠯᠭᠡ ᠶ᠋ᠢᠨ ᠬᠤᠷᠢᠶ᠎ᠠ ᠵᠡᠷᠭᠡ ᠬᠠᠯᠳᠠᠪᠤᠷᠢᠳᠦ ᠲᠠᠭᠰᠢᠭᠤᠷ ᠢ᠋ ᠰᠡᠷᠭᠡᠢᠯᠡᠨ ᠵᠠᠰᠠᠬᠤ ᠡᠮ ᠤ᠋ᠨ ᠵᠦᠢᠯᠡᠰ ᠤ᠋ᠨ ᠬᠡᠷᠡᠭᠯᠡᠭᠡ ᠲᠦᠪᠯᠡᠷᠡᠭᠰᠡᠨ ᠭᠠᠵᠠᠷ ᠶ᠋ᠢᠡᠷ ᠭᠤᠤᠯᠳᠠᠯᠭ᠎ᠠ ᠪᠤᠯᠭᠠᠵᠤ᠂ ᠲᠠᠭᠰᠢᠭᠤᠷ ᠢ᠋ ᠵᠠᠰᠠᠬᠤ᠂ ᠬᠠᠨᠢᠶᠠᠳᠤ ᠶ᠋ᠢ ᠵᠤᠭᠰᠤᠭᠠᠬᠤ᠂ ᠸᠢᠷᠦ᠋ᠰ ᠢ᠋ ᠡᠰᠡᠷᠭᠦᠴᠡᠬᠦ ᠵᠢᠴᠢ ᠠᠮᠢᠰᠬᠤᠯ ᠤ᠋ᠨ ᠵᠠᠮ ᠤ᠋ᠨ ᠬᠠᠯᠳᠠᠪᠤᠷᠢᠯᠠᠯ ᠤ᠋ᠨ ᠡᠮ ᠤ᠋ᠨ ᠵᠦᠢᠯᠡᠰ ᠲᠤ᠌ ᠴᠢᠭᠯᠡᠭᠦᠯᠦᠨ᠂ ᠡᠮ ᠤ᠋ᠨ ᠵᠦᠢᠯᠡᠰ ᠤ᠋ᠨ ᠨᠠᠷᠢᠨ ᠳᠠᠩᠰᠠ ᠪᠠᠢᠭᠤᠯᠬᠤ ᠪᠠ ᠲᠦᠭᠰᠢᠭᠦᠷᠢ ᠶ᠋ᠢᠨ ᠡᠬᠡ ᠳᠠᠩᠰᠠ ᠪᠠᠢᠭᠤᠯᠬᠤ ᠵᠡᠷᠭᠡ ᠠᠷᠭ᠎ᠠ ᠪᠡᠷ ᠶᠠᠪᠤᠭᠳᠠᠵᠠᠢ᠃ ᠡᠭᠦᠨ ᠳ᠋ᠤ ᠡᠮ ᠤ᠋ᠨ ᠵᠦᠢᠯᠡᠰ ᠢ᠋ ᠬᠤᠳᠠᠯᠳᠤᠨ ᠠᠪᠴᠤ ᠬᠠᠳᠠᠭᠠᠯᠠᠵᠤ ᠪᠠᠢᠭ᠎ᠠ ᠪᠠᠢᠳᠠᠯ᠂ ᠡᠮ ᠪᠠᠷᠢᠭᠴᠢ ᠠᠵᠢᠯ ᠤ᠋ᠨ ᠪᠠᠢᠷᠢ ᠪᠡᠨ ᠰᠠᠬᠢᠨ ᠡᠭᠦᠷᠭᠡ ᠬᠠᠷᠢᠭᠤᠴᠠᠯᠭ᠎ᠠ ᠪᠡᠨ ᠭᠦᠢᠴᠡᠳᠭᠡᠵᠦ ᠪᠠᠢᠭ᠎ᠠ ᠪᠠᠢᠳᠠᠯ᠂ ᠵᠡᠭᠡᠷᠭᠡᠨ᠎ᠠ ᠶ᠋ᠢᠨ ᠱᠦᠯᠳᠦ ᠠᠭᠤᠯᠤᠭᠳᠠᠬᠤ ᠨᠡᠢᠯᠡᠮᠡᠯ ᠨᠠᠢᠷᠠᠭᠤᠯᠭ᠎ᠠ ᠶ᠋ᠢᠨ ᠡᠮ ᠵᠡᠷᠭᠡ ᠤᠨᠴᠠᠭᠠᠢ ᠬᠠᠮᠢᠶᠠᠷᠤᠯᠳᠠ ᠶ᠋ᠢᠨ ᠡᠮ ᠤ᠋ᠨ ᠵᠦᠢᠯᠡᠰ ᠤ᠋ᠨ ᠪᠤᠷᠤᠯᠠᠭᠤᠯᠭ᠎ᠠ ᠶ᠋ᠢ ᠳᠠᠩᠰᠠᠯᠠᠨ ᠲᠡᠮᠳᠡᠭᠯᠡᠵᠦ ᠪᠠᠢᠭ᠎ᠠ ᠪᠠᠢᠳᠠᠯ ᠵᠡᠷᠭᠡ ᠶ᠋ᠢ ᠴᠢᠩᠭ᠎ᠠ ᠪᠠᠢᠴᠠᠭᠠᠵᠤ᠂ ᠬᠠᠭᠤᠷᠮᠠᠭ ᠮᠠᠭᠤ ᠡᠮ ᠤ᠋ᠨ ᠵᠦᠢᠯᠡᠰ ᠢ᠋ ᠪᠤᠷᠤᠯᠠᠭᠤᠯᠬᠤ ᠬᠠᠤᠯᠢ ᠡᠴᠡ ᠵᠦᠷᠢᠴᠡᠭᠰᠡᠨ ᠠᠵᠢᠯᠯᠠᠭ᠎ᠠ ᠳ᠋ᠤ ᠴᠢᠩᠭ᠎ᠠ ᠴᠤᠬᠢᠯᠳᠠ ᠦᠭᠴᠤ᠂ ᠬᠢᠷᠢ ᠲᠡᠩᠴᠡᠬᠦ ᠦᠭᠡᠢ ᠡᠮ ᠤ᠋ᠨ ᠵᠦᠢᠯᠡᠰ ᠤ᠋ᠨ ᠵᠠᠬ᠎ᠠ ᠳᠡᠯᠭᠡᠭᠦᠷ ᠲᠤ᠌ ᠤᠷᠤᠬᠤ ᠶ᠋ᠢ ᠡᠷᠡᠰ ᠬᠢᠵᠠᠭᠠᠷᠯᠠᠨ᠂ ᠭᠤᠤᠯ ᠪᠤᠯᠬᠤ ᠳᠠᠯᠠᠪᠤᠷ ᠭᠠᠵᠠᠷ ᠤ᠋ᠨ ᠡᠮ ᠤ᠋ᠨ ᠵᠦᠢᠯᠡᠰ ᠤ᠋ᠨ ᠬᠠᠩᠭᠠᠯᠭ᠎ᠠ ᠳᠤᠭᠳᠠᠭᠤᠨ ᠪᠦᠭᠡᠳ ᠬᠡᠷᠡᠭᠯᠡᠭᠡ ᠨᠢ ᠠᠮᠦᠷ ᠲᠦᠪᠰᠢᠨ ᠪᠠᠢᠬᠤ ᠶ᠋ᠢ ᠪᠠᠳᠤᠯᠠᠪᠠ᠃ ᠡᠭᠦᠨ ᠤ᠋ ᠵᠡᠷᠭᠡ ᠪᠡᠷ ᠡᠮ ᠤ᠋ᠨ ᠵᠦᠢᠯᠡᠰ ᠤ᠋ᠨ ᠬᠠᠷᠰᠢᠬᠤ ᠢᠯᠡᠷᠡᠯ ᠢ᠋ ᠬᠢᠨᠠᠨ ᠰᠢᠯᠭᠠᠬᠤ ᠠᠵᠢᠯ ᠢ᠋ ᠤᠯᠠᠮ ᠨᠢᠭᠡ ᠠᠯᠬᠤᠮ ᠴᠢᠩᠭᠠᠳᠬᠠᠨ᠂ ᠡᠮ ᠬᠡᠷᠡᠭᠯᠡᠬᠦ ᠦᠶᠡᠰ ᠤ᠋ᠨ ᠲᠦᠭᠰᠢᠭᠦᠷᠢ ᠶ᠋ᠢ ᠴᠠᠭ ᠲᠤᠬᠠᠢ ᠳ᠋ᠤᠨᠢ ᠰᠡᠷᠡᠮᠵᠢᠯᠡᠭᠦᠯᠬᠦ ᠶ᠋ᠢᠨ ᠬᠠᠮᠳᠤ ᠬᠠᠤᠯᠢ ᠴᠠᠭᠠᠵᠠ ᠶ᠋ᠢᠨ ᠤᠬᠠᠭᠤᠯᠭ᠎ᠠ ᠬᠦᠮᠦᠵᠢᠯ ᠦᠷᠨᠢᠭᠦᠯᠵᠦ᠂ ᠡᠮ ᠤ᠋ᠨ ᠵᠦᠢᠯᠡᠰ ᠤ᠋ᠨ ᠡᠵᠡᠩᠨᠡᠯᠳᠡ ᠶ᠋ᠢᠨ ᠡᠮᠬᠢ ᠵᠢᠷᠦᠮ ᠢ᠋ ᠳᠦᠷᠢᠮᠵᠢᠭᠦᠯᠪᠡ᠃ ᠪᠠᠰᠠ ᠡᠮ ᠤ᠋ᠨ ᠵᠦᠢᠯᠡᠰ ᠤ᠋ᠨ ᠰᠦᠯᠵᠢᠶᠠᠨ ᠪᠤᠷᠤᠯᠠᠭᠤᠯᠭ᠎ᠠ ᠳ᠋ᠤ ᠴᠢᠭᠯᠡᠭᠦᠯᠦᠨ᠂ 《ᠰᠦᠯᠵᠢᠶᠠᠨ ᠳᠡᠭᠡᠷ᠎ᠠ ᠴᠠᠭᠳᠠᠨ ᠪᠠᠢᠴᠠᠭᠠᠬᠤ + ᠲᠤᠬᠠᠢ ᠶ᠋ᠢᠨ ᠲᠠᠯᠠᠪᠤᠷ ᠲᠤ᠌ ᠬᠠᠷᠭᠤᠭᠤᠯᠤᠨ ᠪᠠᠢᠴᠠᠭᠠᠬᠤ》 ᠠᠷᠭ᠎ᠠ ᠪᠡᠷ ᠰᠦᠯᠵᠢᠶ᠎ᠠ ᠪᠡᠷ ᠡᠮ ᠤ᠋ᠨ ᠵᠦᠢᠯᠡᠰ ᠪᠤᠷᠤᠯᠠᠭᠤᠯᠬᠤ 825 ᠡᠮ ᠤ᠋ᠨ ᠳᠡᠯᠭᠡᠭᠦᠷ ᠢ᠋ ᠪᠠᠢᠴᠠᠭᠠᠵᠤ᠂ 4 ᠵᠦᠢᠯ ᠤ᠋ᠨ ᠠᠰᠠᠭᠤᠳᠠᠯ ᠢ᠋ ᠢᠯᠡᠷᠡᠭᠦᠯᠦᠨ ᠴᠡᠭᠴᠡᠯᠡᠨ ᠵᠠᠰᠠᠬᠤ ᠶ᠋ᠢ ᠵᠠᠷᠯᠢᠭᠳᠠᠪᠠ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号