2025 ᠤᠨ᠎ᠤ ᠵᠠᠯᠠᠭᠤ ᠴᠢᠳᠠᠪᠤᠷᠢᠲᠠᠨ ᠳ᠋ᠤ ᠦᠢᠯᠡᠴᠢᠯᠡᠬᠦ ᠰᠠᠷ᠎ᠠ ᠵᠢᠨ ᠠᠵᠢᠯᠯᠠᠭ᠎ᠠ ᠡᠬᠢᠯᠡᠪᠡ
2025-11-25 17:03:38
ᠵᠣᠬᠢᠶᠠᠭ᠍ᠴᠢ᠄
ᠬᠤᠩ ᠰᠢᠶᠠ
ᠣᠩᠱᠢᠭ᠍ᠰᠠᠨ ᠣᠳᠠᠭ᠎ᠠ᠄
★★★☆☆

《ᠴᠢᠳᠠᠪᠤᠷᠢᠲᠠᠨ᠎ᠢ ᠲᠠᠲᠠᠬᠤ᠂ ᠴᠢᠳᠠᠪᠤᠷᠢᠲᠠᠨ᠎ᠢ ᠬᠥᠮᠦᠵᠢᠭᠦᠯᠬᠦ᠌᠂ ᠴᠢᠳᠠᠪᠤᠷᠢᠲᠠᠨ᠎ᠢ ᠦᠯᠡᠳᠡᠭᠡᠬᠦ᠌》 ᠠᠵᠢᠯ᠎ᠤᠨ ᠪᠠᠢᠷᠢᠯᠠᠭᠤᠯᠤᠯᠲᠠ᠎ᠶ᠋ᠢ ᠭᠦᠨᠵᠡᠭᠡᠶ ᠲᠤᠭᠤᠱᠢᠯᠠᠭᠤᠯᠵᠤ᠂ ᠵᠠᠯᠠᠭᠤ ᠴᠢᠳᠠᠪᠤᠷᠢᠲᠠᠨ᠎ᠤ ᠢᠨᠠᠭ᠍ᠯᠠᠵᠤ ᠨᠠᠢᠵᠠᠯᠠᠬᠤ ᠬᠡᠷᠡᠭ᠌ᠴᠡᠭᠡ ᠱᠠᠭᠠᠷᠳᠠᠯᠭ᠎ᠠ᠎ᠳᠤ ᠦᠨᠡᠨ ᠬᠦ᠌ ᠦᠶ᠋ᠯᠡᠴᠢᠯᠡᠵᠦ᠍᠂ ᠵᠠᠯᠠᠭᠤ ᠴᠢᠳᠠᠪᠤᠷᠢᠲᠠᠨ᠎ᠳᠤ 《ᠬᠣᠲᠠ᠎ᠶ᠋ᠢᠨ ᠬᠠᠯᠠᠭᠤᠨ ᠳᠤᠯᠠᠭᠠᠨ》 ᠢ᠋ ᠮᠡᠳᠡᠷᠡᠭᠦᠯᠬᠦ᠌᠎ᠶ᠋ᠢᠨ ᠲᠥᠯᠥᠭᠡ᠂ 11 ᠰᠠᠷ᠎ᠠ᠎ᠶ᠋ᠢᠨ 15᠎ᠤ᠋ ᠡᠳᠦᠷ᠂ ᠬᠦᠬᠡᠬᠤᠳᠠ ᠵᠢᠨ ᠡᠪᠯᠡᠯ᠎ᠦᠨ ᠬᠣᠷᠢᠶ᠎ᠠ ᠬᠣᠲᠠ᠎ᠶ᠋ᠢᠨ ᠨᠠᠮ᠎ᠤᠨ ᠬᠣᠷᠢᠶᠠᠨ᠎ᠤ ᠵᠣᠬᠢᠶᠠᠨ ᠪᠠᠢᠭᠤᠯᠬᠤ ᠬᠡᠯᠲᠡᠰ᠂ ᠬᠣᠲᠠ᠎ᠶ᠋ᠢᠨ ᠱᠢᠭᠤᠳ ᠬᠠᠷᠢᠶ᠎ᠠ ᠪᠠᠢᠭᠤᠯᠭ᠎ᠠ᠎ᠶ᠋ᠢᠨ ᠠᠵᠢᠯ᠎ᠤᠨ ᠬᠣᠷᠢᠶ᠎ᠠ᠂ ᠬᠣᠲᠠ᠎ᠶ᠋ᠢᠨ ᠠᠵᠢᠯᠴᠢᠨ᠎ᠤ ᠶᠡᠷᠦᠩᠬᠡᠶ ᠡᠪᠯᠡᠯ᠎ᠲᠡᠶ ᠬᠠᠮᠲᠤᠷᠠᠨ 2025 ᠤᠨ᠎ᠤ ᠵᠠᠯᠠᠭᠤ ᠴᠢᠳᠠᠪᠤᠷᠢᠲᠠᠨ ᠳ᠋ᠤ ᠦᠢᠯᠡᠴᠢᠯᠡᠬᠦ ᠰᠠᠷ᠎ᠠ᠎ᠶ᠋ᠢᠨ ᠠᠵᠢᠯᠯᠠᠭ᠎ᠠ᠎ᠶ᠋ᠢ ᠡᠬᠢᠯᠡᠭᠦᠯᠵᠦ᠍᠂ ᠠᠩᠬᠠᠳᠠᠭᠴᠢ 《ᠵᠠᠯᠠᠭᠤᠴᠤᠳ᠎ᠤᠨ ᠴᠤᠭ᠍ᠯᠠᠭᠠᠨ᠂ ᠬᠠᠯᠠᠭᠤᠨ ᠲᠤᠯᠠᠭᠠᠨ ᠬᠣᠲᠠ》᠂ 《ᠰᠣᠨᠢᠷᠬᠠᠯᠲᠤ ᠵᠣᠭᠣᠭ》 ᠨᠡᠢᠭᠡᠮ᠎ᠦᠨ ᠬᠠᠷᠢᠯᠴᠠᠭᠠᠨ᠎ᠤ ᠱᠤᠭ ᠵᠦᠴᠦᠭᠡ᠂ ᠵᠠᠯᠠᠭᠤᠴᠤᠳ᠎ᠤᠨ ᠨᠥᠬᠥᠷᠯᠡᠯ᠎ᠦᠨ ᠠᠵᠢᠯᠯᠠᠭ᠎ᠠ᠎ᠶ᠋ᠢ ᠵᠡᠷᠭᠡ᠎ᠪᠡᠷ ᠠᠮᠵᠢᠯᠲᠠ᠎ᠲᠠᠶ ᠡᠷᠭᠢᠯᠡᠪᠡ᠃ ᠠᠵᠢᠯᠯᠠᠭ᠎ᠠ᠎ᠨᠢ 《ᠤᠷᠠᠨ ᠦᠵᠡᠭᠦᠯᠭᠡ + ᠣᠷᠣᠭ ᠢᠨᠠᠭ ᠨᠠᠢᠵᠠ》 ᠪᠠᠷ ᠭᠤᠤᠯ ᠬᠢᠯᠠᠰ ᠴᠡᠭ ᠪᠣᠯᠭᠠᠵᠤ᠂ 120 ᠭᠠᠷᠤᠶ ᠵᠠᠯᠠᠭᠤ ᠴᠢᠳᠠᠪᠤᠷᠢᠲᠠᠨ ᠢᠳᠡᠪᠬᠢᠲᠡᠶ ᠣᠷᠣᠯᠴᠠᠨ᠂ ᠦᠶ᠋ᠯᠡᠴᠢᠯᠡᠭᠡᠨ᠎ᠦ ᠰᠠᠷ᠎ᠠ᠎ᠵᠢᠨ ᠭᠣᠢᠳᠠ ᠰᠠᠢᠬᠠᠨ ᠬᠥᠱᠢᠭᠡ᠎ᠶ᠋ᠢ ᠰᠡᠬᠦᠪᠡ᠃

ᠵᠠᠯᠠᠭᠤ ᠴᠢᠳᠠᠪᠤᠷᠢᠲᠠᠨ᠎ᠳᠤ ᠦᠶ᠋ᠯᠡᠴᠢᠯᠡᠬᠦ᠌ ᠴᠢᠬᠤᠯᠠ ᠠᠷᠭ᠎ᠠ ᠬᠡᠮᠵᠢᠶ᠎ᠡ ᠪᠣᠯᠤᠭ᠍ᠰᠠᠨ᠎ᠤ ᠬᠤᠪᠢ᠎ᠳᠤ ᠲᠣᠰ ᠤᠳᠠᠭ᠎ᠠ᠎ᠶ᠋ᠢᠨ ᠵᠠᠯᠠᠭᠤ ᠴᠢᠳᠠᠪᠤᠷᠢᠲᠠᠨ ᠳ᠋ᠤ ᠦᠢᠯᠡᠴᠢᠯᠡᠬᠦ ᠰᠠᠷ᠎ᠠ ᠵᠢᠨ ᠠᠵᠢᠯᠯᠠᠭ᠎ᠠ᠎ᠨᠢ 《ᠭᠠᠷᠠᠭ ᠪᠣᠯᠭᠠᠨ ᠠᠵᠢᠯᠯᠠᠭ᠎ᠠ ᠲᠠᠢ᠂ ᠲᠠᠯᠠᠪᠤᠷ ᠪᠣᠯᠭᠠᠨ ᠱᠢᠨ᠎ᠡ ᠠᠭᠤᠯᠭ᠎ᠠ᠎ᠲᠠᠶ ᠪᠠᠢᠬᠤ》 ᠰᠡᠳᠭᠢᠮᠵᠢ᠎ᠪᠡᠷ ᠭᠤᠤᠯᠳᠠᠭᠤᠯᠵᠤ᠂ ᠵᠠᠯᠠᠭᠤ ᠴᠢᠳᠠᠪᠤᠷᠢᠲᠠᠨ᠎ᠤ ᠰᠣᠯᠢᠯᠴᠠᠭ᠎ᠠ ᠬᠤᠷᠱᠢᠯᠴᠠᠭ᠎ᠠ᠎ᠶ᠋ᠢᠨ ᠱᠢᠯᠢᠳᠡᠭ ᠲᠠᠪᠴᠠᠩ᠎ᠢ ᠪᠠᠢᠭᠤᠯᠪᠠ᠃ ᠳᠠᠷᠠᠭᠠᠴᠢ᠎ᠪᠠᠷ᠂ ᠡᠪ ᠬᠠᠮᠲᠤ ᠵᠠᠯᠠᠭᠤᠴᠤᠳ᠎ᠤᠨ ᠡᠪᠯᠡᠯ᠎ᠦᠨ ᠬᠣᠷᠢᠢ᠎ᠠ᠎ᠶ᠋ᠢᠨ ᠬᠢᠨ ᠦᠷᠭᠦᠯᠵᠢᠯᠡᠨ ᠬᠣᠶᠠᠷ ᠲᠠᠯᠠᠪᠤᠷ ᠭᠣᠣᠯ ᠰᠡᠳᠦᠪ ᠢᠯᠡ ᠲᠣᠳᠣ᠂ ᠬᠡᠯᠪᠡᠷᠢ ᠤᠯᠠᠨ ᠶᠠᠩᠵᠤ ᠪᠦᠬᠦᠢ ᠨᠥᠬᠥᠷᠯᠡᠯ᠎ᠦᠨ ᠠᠵᠢᠯᠯᠠᠭ᠎ᠠ ᠥᠷᠨᠢᠭᠦᠯᠵᠦ᠍᠂ ᠬᠦᠨᠵᠡᠭᠡᠢ ᠪᠡᠶᠡᠴᠢᠯᠡᠨ ᠣᠢᠯᠠᠭᠠᠬᠤ ᠮᠠᠶᠢᠭ᠎ᠤᠨ ᠤᠯᠠᠨ ᠡᠱᠢᠳᠦ ᠬᠡᠯᠪᠡᠷᠢ ᠪᠡᠷ ᠵᠠᠯᠠᠭᠤ ᠴᠢᠳᠠᠪᠤᠷᠢᠲᠠᠨ᠎ᠳᠤ ᠨᠡᠩ ᠤᠯᠠᠨ ᠠᠵᠠ ᠲᠣᠬᠢᠶᠠᠯ ᠣᠯᠭᠣᠬᠤ᠎ᠪᠠᠷ ᠪᠠᠷᠠᠬᠤ ᠦᠭᠡᠢ᠂ ᠨᠡᠩ ᠪᠠᠢᠩᠭᠤᠵᠢᠬ᠍ᠰᠠᠨ᠂ ᠨᠡᠩ ᠨᠠᠷᠢᠯᠢᠭ ᠣᠨᠣᠪᠴᠢᠲᠠᠢ ᠦᠢᠯᠡᠴᠢᠯᠡᠭᠡ ᠪᠠᠷ ᠵᠠᠯᠠᠭᠤ ᠴᠢᠳᠠᠪᠤᠷᠢᠲᠠᠨ᠎ᠤ᠋ ᠬᠥᠬᠡᠬᠣᠲᠠ᠎ᠳᠤ ᠰᠠᠨᠠᠭ᠎ᠠ ᠠᠮᠤᠷ ᠠᠵᠢᠯᠯᠠᠵᠤ᠂ ᠲᠠᠭᠠᠯᠠᠮᠵᠢᠲᠠᠢ ᠠᠮᠢᠳᠤᠷᠠᠵᠤ᠂ ᠰᠠᠢᠨ ᠬᠦᠭᠵᠢᠬᠦ ᠵᠢ ᠪᠠᠳᠤᠯᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号