ᠤᠯᠠᠭᠠᠨᠴᠠᠪ ᠬᠤᠲᠠ ᠵᠢᠨ ᠬᠢᠨ ᠵᠣᠷᠢᠭ ᠲᠡᠭᠦᠯᠳᠡᠷ ᠵᠢᠡᠷ ᠰᠢᠷᠭᠠᠭᠤ ᠠᠵᠢᠯᠯᠠᠵᠦ᠂ ᠰᠢᠯᠢᠳ᠋ᠨᠭ ᠬᠢᠷᠢ ᠪᠦᠲᠦᠮᠵᠢ ᠡᠬᠦᠳᠴᠦ ᠪᠤᠢ᠄ ᠳᠥᠷᠪᠡᠳ ᠬᠣᠱᠢᠭᠤᠨ ᠤ᠋ 1 ᠲᠦᠮᠡᠨ ᠲᠣᠨ ᠲᠥᠮᠥᠰᠥ ᠵᠢᠨ ᠴᠤᠯ ᠲᠠᠯᠬᠠ ᠪᠣᠯᠪᠠᠰᠤᠷᠠᠭᠤᠯᠬᠤ ᠲᠦᠷᠦᠯ ᠵᠦᠢᠯ᠂ ᠶᠤᠸᠠᠨ ᠵᠢᠩ ᠮᠸᠩ ᠱᠢᠨ ᠪᠦᠯᠦᠭ᠌ᠯᠡᠯᠤ᠋ᠨ ᠱᠠᠩᠳᠤ ᠵᠢᠨ ᠭᠡᠳᠦ ᠲᠤᠮᠤ ᠬᠡᠯᠪᠡᠷᠢ ᠵᠢᠨ ᠰᠠᠯᠬᠢᠨ ᠬᠦᠴᠦᠨᠤ ᠴᠠᠬᠢᠯᠭᠠᠨ ᠰᠠᠡᠭᠰᠡ ᠵᠢᠨ ᠲᠠᠯᠪᠢ ᠵᠢᠨ ᠤᠶᠤᠨᠴᠢ ᠦᠢᠯᠡᠳᠭᠡᠯᠤᠨ ᠰᠠᠭᠤᠷᠢᠨ ᠵᠢᠩᠬᠢᠨᠢ ᠪᠡᠷ ᠠᠱᠢᠭ᠍ᠯᠠᠯᠲᠠ ᠳ᠋ᠤ ᠣᠷᠣᠪᠠ ᠁ ᠡᠳᠡᠭᠡᠷ ᠨᠢ ᠤᠯᠠᠭᠠᠨᠴᠠᠪ ᠬᠤᠳᠠ ᠵᠢᠨ ᠬᠤᠳᠠᠯᠳᠤᠭᠠ ᠡᠷᠬᠢᠯᠡᠬᠦ ᠤᠷᠴᠢᠨ ᠨᠦᠬᠦᠴᠡᠯᠢ᠋ ᠰᠢᠯᠢᠳᠡᠭᠵᠢᠬᠦᠯᠵᠦ᠂ ᠠᠵᠤ ᠦᠢᠯᠡᠰᠤᠨ ᠬᠦᠭᠵᠢᠯᠳᠡ ᠵᠢᠨ ᠬᠤᠷᠳᠤᠴᠡ ᠪᠤᠯᠭᠠᠨ ᠦᠷᠬᠦᠯᠵᠢᠯᠡᠨ ᠬᠤᠪᠢᠷᠠᠭᠤᠯᠤᠭᠰᠠᠨ ᠡᠴᠡ ᠢᠷᠡᠯᠳᠡ ᠲᠠᠢ ᠶᠤᠮ᠃
ᠬᠤᠯᠪᠤᠭᠠᠯᠠᠨ ᠬᠢᠨᠠᠵᠤ ᠬᠤᠯᠪᠤᠭᠠᠯᠠᠨ ᠵᠥᠪᠱᠢᠶᠡᠷᠡᠬᠦ᠌ ᠲᠣᠭ᠍ᠲᠠᠴᠠ ᠵᠢ ᠪᠠᠢᠭᠤᠯᠵᠤ᠂ ᠲᠥᠷᠥᠯ ᠵᠦᠢᠯᠤ᠋ᠨ ᠨᠠᠢᠳᠠᠪᠤᠷᠢᠵᠢᠭᠤᠯᠤᠯᠲᠠ ᠵᠢ ᠲᠦᠷᠭᠡᠳᠭᠡᠪᠡ᠃ ᠣᠢᠷᠠ ᠳ᠋ᠤ ᠤᠯᠠᠭᠠᠨᠴᠠᠪ ᠬᠣᠲᠠ ᠵᠢᠨ ᠵᠠᠰᠠᠭᠤᠨ ᠣᠷᠳᠣᠨᠤ᠋ ᠪᠠᠢᠩᠭᠤ ᠵᠢᠨ ᠬᠤᠷᠠᠯ ᠳᠡᠭᠡᠷᠡ᠂ ᠬᠣᠲᠠ ᠵᠢᠨ ᠵᠠᠰᠠᠭᠤᠨ ᠣᠷᠳᠣᠨ ᠤ᠋ ᠭᠤᠤᠯ ᠤᠳᠤᠷᠢᠳᠤᠯᠭᠠ ᠴᠢᠬᠤᠯᠠ ᠶᠡᠬᠡ ᠲᠥᠷᠥᠯ ᠵᠦᠶ᠋ᠯᠢ᠋ ᠬᠤᠯᠪᠤᠭᠠᠯᠠᠨ ᠬᠢᠨᠠᠵᠤ ᠬᠤᠯᠪᠤᠭᠠᠯᠠᠨ ᠵᠥᠪᠱᠢᠶᠡᠷᠡᠬᠦᠲᠤᠬᠠᠢ ᠪᠠᠢᠷᠢᠯᠠᠭᠤᠯᠤᠯᠲᠠ ᠬᠢᠵᠦ᠍᠂ ᠤᠯᠠᠭᠠᠨᠴᠠᠪ ᠬᠣᠲᠠ ᠵᠢᠨ ᠡᠯᠡ ᠬᠣᠯᠪᠣᠭ᠍ᠳᠠᠯ ᠪᠥᠬᠥᠶ ᠰᠠᠯᠠᠭᠠ ᠮᠥᠴᠢᠷ ᠦᠳᠲᠡᠷ ᠲᠦᠷᠭᠡᠨ ᠨᠠᠢᠳᠠᠪᠤᠷᠢᠵᠢᠭᠤᠯᠵᠤ᠂ ᠬᠣᠲᠠ ᠵᠢᠨ ᠵᠠᠰᠠᠭᠤᠨ ᠣᠷᠳᠣᠨ ᠤ᠋ ᠭᠤᠤᠯ ᠤᠳᠤᠷᠢᠳᠤᠯᠭᠠ ᠪᠡᠷ ᠲᠤᠯᠤᠭᠠᠢᠯᠠᠭᠤᠯᠤᠬᠰᠠᠨ᠂ 8 ᠲᠥᠷᠥᠯ ᠵᠦᠶ᠋ᠯ ᠢ᠋ ᠬᠢᠨᠠᠨ ᠵᠥᠪᠱᠢᠶᠡᠷᠡᠬᠦ᠌ ᠨᠢᠭᠡᠴᠢ ᠵᠢᠨ ᠲᠤᠬᠠᠢᠯᠠᠭ᠍ᠰᠠᠨ ᠠᠵᠢᠯᠤᠨ ᠭᠤᠤᠯᠯᠠᠭ᠍ᠴᠢ ᠬᠦᠴᠦᠨ ᠬᠣᠲᠠ ᠵᠢᠨ ᠵᠠᠰᠠᠭᠤᠨ ᠶᠠᠪᠤᠳᠠᠯᠤᠨ ᠦᠶ᠋ᠯᠡᠴᠢᠯᠡᠭᠡᠨᠦ ᠲᠢᠩᠬᠢᠮᠳᠦ ᠬᠦᠷᠴᠦ᠍ ᠲᠥᠪᠯᠡᠷᠡᠭᠦᠯᠦᠨ ᠠᠵᠢᠯᠯᠠᠵᠤ᠂ ᠬᠣᠲᠠ ᠵᠢᠨ ᠴᠢᠬᠤᠯᠠ ᠶᠡᠬᠡ ᠲᠥᠷᠥᠯ ᠵᠦᠶ᠋ᠯ ᠢ᠋ ᠬᠤᠯᠪᠤᠭᠠᠯᠠᠨ ᠬᠢᠨᠠᠵᠤ ᠬᠤᠯᠪᠤᠭᠠᠯᠠᠨ ᠵᠥᠪᠱᠢᠶᠡᠷᠡᠬᠦ ᠠᠵᠢᠯᠤᠨ ᠲᠣᠭ᠍ᠲᠠᠴᠠ ᠵᠢ ᠪᠦᠷᠢᠯᠳᠦᠭᠦᠯᠪᠡ᠃ ᠣᠳᠣᠬᠠᠨ ᠪᠣᠯᠲᠠᠯᠠ᠂ 2025 ᠣᠨᠤ ᠪᠥᠬᠥ᠌ ᠬᠣᠲᠠ ᠵᠢᠨ ᠴᠢᠬᠤᠯᠠ ᠶᠡᠬᠡ ᠲᠥᠷᠥᠯ ᠵᠦᠶ᠋ᠯ ᠤ᠋ᠨ 235 ᠨᠢ ᠠᠵᠢᠯ ᠵᠢᠡᠨ ᠡᠬᠢᠯᠡᠬᠦᠯᠵᠦ ᠠᠵᠢᠯ ᠵᠢᠡᠨ ᠰᠡᠷᠭᠦᠭᠡᠨ᠂ ᠠᠵᠢᠯ ᠵᠢᠡᠨ ᠡᠬᠢᠯᠡᠬᠦᠯᠵᠦ ᠠᠵᠢᠯ ᠢ᠋ᠶ᠋ᠠᠨ ᠰᠡᠷᠭᠦᠭᠡᠭ᠌ᠰᠡᠨ ᠨᠣᠷᠮᠠ 95% ᠳ᠋ᠤ ᠬᠦᠷᠴᠡᠶ᠃
ᠴᠢᠳᠠᠪᠤᠷᠢᠲᠠᠨ ᠤ᠋ ᠲᠤᠯᠭᠠᠭᠤᠷᠢᠯᠠᠯ ᠢ᠋ ᠴᠢᠩᠭᠠᠳᠭᠠᠵᠤ᠂ ᠠᠵᠤ ᠦᠶ᠋ᠯᠡᠰ ᠪᠠ ᠰᠤᠷᠭᠠᠨ ᠬᠥᠮᠦᠵᠢᠯ ᠤ᠋ᠨ ᠠᠭᠤᠰᠤᠯᠴᠠᠯ ᠢ᠋ ᠭᠦᠨᠵᠡᠭᠡᠢᠷᠡᠭᠦᠯᠪᠡ᠃ ᠤᠯᠠᠭᠠᠨᠴᠠᠪ ᠬᠣᠲᠠ ᠲᠣᠮᠣ ᠳ᠋ᠠᠢᠲ᠋ᠠ᠂ ᠲᠡᠮᠦᠷ ᠤ᠋ᠨ ᠬᠠᠢᠯᠤᠰᠢ᠂ ᠲᠠᠷᠢᠶᠠᠯᠠᠩ ᠮᠠᠯ ᠠᠵᠤ ᠠᠬᠤᠶ᠂ ᠰᠣᠶᠣᠯ ᠵᠢᠭᠤᠯᠴᠢᠯᠠᠯ ᠵᠡᠷᠭᠡ ᠭᠤᠤᠯᠳᠠᠯᠭᠠᠲᠠᠶ ᠠᠵᠤ ᠦᠶ᠋ᠯᠡᠰ ᠤ᠋ᠨ ᠲᠣᠭᠣᠷᠢᠨ ᠳ᠋ᠤ ᠨᠡᠢᠲᠡ 1.14 ᠲᠦᠮᠡᠨ ᠬᠥᠮᠦᠨᠳᠦ ᠬᠠᠨᠳᠤᠯᠭᠠᠲᠤ ᠴᠢᠨᠠᠷᠲᠠᠶ ᠪᠣᠯᠪᠠᠰᠤᠷᠠᠯ ᠬᠦᠷᠳᠡᠭᠡᠪᠡ; ᠤᠷᠠ ᠮᠡᠷᠭᠡᠵᠢᠯ ᠤ᠋ᠨ ᠴᠢᠳᠠᠪᠤᠷᠢᠲᠠᠨ ᠢ᠋ ᠬᠥᠮᠦᠵᠢᠭᠦᠯᠬᠦ᠌ ᠠᠷᠭᠠ ᠵᠠᠮ ᠢ᠋ ᠨᠡᠪᠲᠡᠷᠡᠭᠦᠯᠬᠦ ᠵᠢᠨ ᠲᠦᠯᠦᠭᠡ᠂ 《ᠠᠵᠢᠯᠤᠨ ᠪᠠᠢᠷᠢ + ᠪᠣᠯᠪᠠᠰᠤᠷᠠᠯ + ᠦᠨᠡᠯᠡᠯᠲᠡ + ᠠᠵᠢᠯ ᠣᠯᠭᠣᠯᠲᠠ》 ᠵᠢᠨ ᠪᠦᠬᠦ᠌ ᠬᠡᠯᠬᠢᠶᠡᠨᠦ ᠬᠣᠯᠪᠣᠭᠠᠯᠠᠨ ᠬᠥᠳᠡᠯᠦᠯᠴᠡᠬᠦ᠌ ᠵᠢ ᠢᠳᠡᠪᠬᠢᠲᠡᠢ ᠠᠬᠢᠭᠤᠯᠤᠭᠰᠠᠨ ᠡᠴᠡ ᠪᠦᠬᠦ᠌ ᠬᠤᠳᠠ ᠵᠢᠨ ᠤᠷᠠ ᠮᠡᠷᠭᠡᠵᠢᠯ ᠤ᠋ᠨ ᠴᠢᠳᠠᠪᠤᠷᠢᠲᠠᠨᠤ ᠶᠡᠷᠦᠩᠬᠡᠢ ᠬᠡᠮᠵᠢᠢᠡ 17.3 ᠲᠦᠮᠡᠨ ᠬᠥᠮᠦᠨᠳᠦ ᠬᠦᠷᠴᠡᠢ᠃ 《ᠲᠠᠯᠠ ᠨᠤᠲᠤᠭᠤᠨ ᠡᠭᠦᠯᠡᠨ ᠬᠥᠨᠳᠡᠶ》 ᠵᠢᠨ ᠬᠥᠭ᠌ᠵᠢᠯᠲᠡ ᠵᠢᠨ ᠪᠠᠢᠷᠢ ᠲᠣᠭ᠍ᠲᠠᠭᠠᠯᠲᠠᠲᠠᠶ ᠨᠢᠭ᠍ᠲᠠ ᠤᠶᠠᠯᠳᠤᠭᠤᠯᠤᠨ᠂ ᠪᠤᠳᠤᠯᠳᠠ ᠵᠢᠨ ᠬᠦᠴᠦᠨᠦ ᠠᠵᠤ ᠦᠶ᠋ᠯᠡᠰ ᠤ᠋ᠨ ᠴᠢᠳᠠᠪᠤᠷᠢᠲᠠᠨ ᠬᠥᠮᠦᠵᠢᠭᠦᠯᠬᠦ᠌ ᠵᠢ ᠦᠷᠭᠦᠯᠵᠢᠯᠡᠨ ᠭᠦᠨᠵᠡᠭᠡᠢᠷᠡᠭᠦᠯᠵᠦ᠍᠂ ᠤᠯᠤᠰᠤᠨ ᠳᠣᠲᠣᠭᠠᠳᠤ ᠵᠢᠨ ᠲᠡᠷᠢᠭᠦᠨᠦ ᠠᠵᠤ ᠦᠶ᠋ᠯᠡᠰ ᠪᠠ ᠰᠤᠷᠭᠠᠨ ᠬᠥᠮᠦᠵᠢᠯ ᠤ᠋ᠨ ᠠᠭᠤᠰᠤᠯᠴᠠᠯᠤᠨ ᠵᠢᠱ᠌ᠢᠶᠡ ᠦᠵᠡᠭᠦᠯᠬᠦ᠌ ᠥᠯᠢᠭᠡᠷ ᠳᠠᠭᠤᠷᠢᠶᠠᠯᠢ᠋ ᠪᠥᠬᠥ᠌ ᠬᠦᠴᠦᠨᠢ᠋ᠶ᠋ᠡᠷ ᠢ᠋ᠶ᠋ᠡᠨ ᠬᠦᠮᠦᠵᠢᠬᠦᠯᠪᠡ᠃
ᠪᠠᠩᠬᠢ ᠪᠠ ᠠᠵᠤ ᠠᠬᠤᠢᠯᠠᠯᠤᠨ ᠬᠡᠷᠡᠭ᠌ᠴᠡᠭᠡ ᠱᠠᠭᠠᠷᠳᠠᠯᠭᠠᠲᠠᠶ ᠣᠨᠣᠪᠴᠢᠲᠠᠶ ᠵᠣᠯᠭᠠᠭᠤᠯᠵᠤ᠂ ᠪᠠᠯᠠ ᠲᠤᠬᠢᠷᠠᠭᠤᠯᠭᠠ ᠵᠢᠨ ᠦᠶ᠋ᠯᠡᠴᠢᠯᠡᠭᠡ ᠵᠢ ᠱᠢᠯᠢᠳᠡᠭ᠌ᠵᠢᠭᠦᠯᠪᠡ᠃ ᠤᠯᠠᠭᠠᠨᠴᠠᠪ ᠬᠣᠲᠠ ᠮᠢᠩᠭᠠᠨ ᠠᠵᠤ ᠠᠬᠤᠢᠯᠠᠯ ᠲᠦᠮᠡᠨ ᠡᠷᠦᠬᠡ ᠪᠡᠷ ᠲᠣᠭᠣᠷᠢᠨ ᠦᠵᠡᠬᠦ᠌ ᠠᠵᠢᠯᠯᠠᠭᠠ ᠵᠢ ᠵᠣᠬᠢᠶᠠᠨ ᠪᠠᠢᠭᠤᠯᠤᠨ ᠥᠷᠨᠢᠭᠦᠯᠵᠦ᠍᠂ 2025 ᠣᠨ ᠳ᠋ᠤ ᠨᠢᠭᠡᠨᠲᠡ ᠪᠠᠭᠠ ᠵᠢᠵᠢᠭ ᠠᠵᠤ ᠠᠬᠤᠢᠯᠠᠯ᠂ ᠬᠤᠪᠢ ᠵᠢᠨ ᠡᠷᠤᠭᠡ ᠵᠡᠷᠭᠡ ᠡᠵᠡᠩᠨᠡᠯᠲᠡ ᠵᠢᠨ ᠭᠤᠤᠯ ᠴᠣᠭ᠍ᠴᠠ ᠪᠤᠯᠬᠤ 13.21 ᠲᠦᠮᠡᠨ ᠡᠷᠦᠬᠡ ᠪᠡᠷ ᠲᠣᠭᠣᠷᠢᠨ ᠦᠵᠡᠪᠡ; ᠡᠭᠦᠨᠦ ᠬᠠᠮᠲᠤ ᠮᠠᠯ ᠠᠵᠤ ᠠᠬᠤᠶ ᠲᠠᠷᠢᠶᠠᠯᠠᠩ᠂ ᠲᠣᠮᠣ ᠳ᠋ᠠᠢᠲ᠋ᠠ᠂ ᠰᠣᠶᠣᠯ ᠵᠢᠭᠤᠯᠴᠢᠯᠠᠯ ᠵᠡᠷᠭᠡ ᠠᠵᠢᠯ ᠲᠥᠷᠥᠯ ᠤ᠋ᠨ ᠲᠤᠰᠭᠠᠶ ᠲᠠᠯᠠᠪᠤᠷᠤᠨ ᠵᠣᠯᠭᠠᠭᠤᠯᠬᠤ ᠬᠤᠷᠠᠯᠢ᠋ 85 ᠤᠳᠠᠭᠠ ᠡᠷᠭᠢᠯᠡᠵᠦ᠍᠂ ᠰᠠᠨᠠᠮᠵᠢ ᠵᠢᠨ ᠪᠡᠯᠡ ᠲᠤᠬᠢᠷᠠᠭᠤᠯᠭᠠ ᠨᠡᠢᠳᠡ 175.79 ᠳ᠋ᠦᠩᠱᠢᠭᠤᠷ ᠲᠥᠭᠥᠷᠢᠭᠲᠸ᠋ ᠬᠦᠷᠴᠤ᠂ 59.33 ᠳ᠋ᠦᠩᠱᠢᠭᠤᠷ ᠲᠥᠭᠥᠷᠢᠭ ᠤ᠋ᠨ ᠢᠲᠡᠭᠡᠮᠵᠢ ᠵᠢᠨ ᠪᠡᠯᠡ ᠮᠦᠡᠭᠭᠦ ᠵᠢ ᠨᠠᠢᠳᠠᠪᠤᠷᠢᠵᠢᠭᠤᠯᠪᠠ᠃ ᠡᠯᠡ ᠬᠣᠯᠪᠣᠭ᠍ᠳᠠᠯ ᠪᠦᠬᠦᠢ ᠰᠠᠯᠠᠭᠠ ᠮᠥᠴᠢᠷᠤᠨ ᠬᠢᠨ ᠠᠵᠤ ᠠᠬᠤᠢᠯᠠᠯᠤᠨ ᠪᠠᠯᠠ ᠲᠤᠬᠢᠷᠠᠭᠤᠯᠭᠠ ᠵᠢᠨ ᠬᠦᠰᠡᠯ ᠱᠠᠭᠠᠷᠳᠠᠯᠭᠠ ᠵᠢ ᠮᠥᠩᠭᠥᠨ ᠭᠦᠶ᠋ᠯᠭᠡᠭᠡᠨᠦ ᠪᠠᠢᠭᠤᠯᠤᠮᠵᠢ ᠳ᠋ᠤ ᠴᠠᠭ ᠲᠤᠬᠠᠶᠳ᠋ᠤᠨᠢ ᠬᠦᠷᠭᠡᠵᠦ᠍᠂ ᠣᠳᠣᠬᠠᠨ ᠪᠣᠯᠲᠠᠯᠠ ᠡᠯᠡ ᠪᠠᠩᠬᠢ ᠵᠢᠨ ᠪᠠᠢᠭᠤᠯᠤᠮᠵᠢ ᠵᠢᠨ 《ᠭᠤᠤᠯᠳᠠᠯᠭᠠᠲᠠᠶ ᠪᠠᠯᠠ ᠲᠤᠬᠢᠷᠠᠭᠤᠯᠭᠠ ᠵᠢᠨ ᠬᠡᠷᠡᠭ᠌ᠴᠡᠭᠡ ᠱᠠᠭᠠᠷᠳᠠᠯᠭᠠ ᠵᠢᠨ ᠳᠡᠪᠲᠡᠷ》ᠤ᠋ᠨ ᠠᠵᠤ ᠠᠬᠤᠢᠯᠠᠯᠤᠨ ᠵᠣᠯᠭᠠᠭᠤᠯᠤᠭ᠍ᠰᠠᠨ ᠪᠦᠷᠬᠦᠴᠡ ᠵᠢᠨ ᠨᠣᠷᠮᠠ ᠨᠢᠭᠡᠨᠲᠡ 100% ᠳ᠋ᠤ ᠬᠦᠷᠴᠦ᠍᠂ ᠨᠡᠢᠲᠡ 14.22 ᠳ᠋ᠦᠩᠱᠢᠭᠤᠷ ᠲᠥᠭᠥᠷᠢᠭᠤ᠋ᠨ ᠵᠢᠭᠡᠯᠡᠯᠭᠡ ᠲᠠᠯᠪᠢᠪᠠ᠃
ᠬᠠᠪᠰᠤᠷᠤᠨ ᠭᠦᠢᠴᠡᠳᠭᠡᠬᠦ᠌ ᠪᠠ ᠣᠷᠣᠯᠠᠨ ᠭᠦᠢᠴᠡᠳᠭᠡᠬᠦ᠌ ᠱᠢᠰᠲᠧᠮ ᠢ ᠪᠦᠷᠢᠨᠱᠢᠭᠦᠯᠵᠦ᠍᠂ ᠠᠵᠤ ᠠᠬᠤᠢᠯᠠᠯ ᠳ᠋ᠤ ᠠᠱᠢᠭ ᠬᠦᠷᠲᠡᠭᠡᠬᠦ᠌ ᠦᠢᠯᠡᠴᠢᠯᠡᠭᠡ ᠵᠢ ᠣᠨᠣᠪᠴᠢᠲᠠᠶ ᠬᠠᠩᠭᠠᠪᠠ᠃ ᠤᠯᠠᠭᠠᠨᠴᠠᠪ ᠬᠣᠲᠠ ᠣᠯᠠᠨ ᠴᠢᠳᠠᠮᠵᠢ ᠵᠢ ᠨᠢᠭᠡ ᠴᠣᠭ᠍ᠴᠠᠵᠢᠭᠤᠯᠤᠭ᠍ᠰᠠᠨ ᠠᠵᠤ ᠠᠬᠤᠢᠯᠠᠯᠤᠨ ᠦᠶ᠋ᠯᠡᠴᠢᠯᠡᠭᠡᠨᠦ ᠲᠤᠰᠭᠠᠶ ᠲᠣᠭᠣᠷᠢᠭ ᠢ᠋ ᠱᠢᠨᠡ ᠵᠢ ᠡᠭᠦᠳᠤᠨ ᠪᠦᠳᠤᠭᠡᠨ ᠪᠠᠢᠭᠤᠯᠬᠤ ᠪᠡᠷ ᠳᠠᠮᠵᠢᠭᠤᠯᠤᠨ᠂ ᠬᠣᠲᠠ ᠱᠢᠶᠠᠨᠤ 12 ᠲᠤᠰᠭᠠᠶ ᠲᠣᠭᠣᠷᠢᠭᠤᠨ ᠭᠤᠯᠳᠤᠪᠠᠷ ᠬᠣᠯᠪᠣᠭᠠᠯᠠᠨ ᠬᠥᠳᠡᠯᠦᠯᠴᠡᠭ᠌ᠰᠡᠨ᠂ ᠬᠣᠲᠠ ᠵᠢᠨ ᠱᠢᠭᠤᠳ ᠬᠠᠷᠢᠶᠠ 20 ᠰᠠᠯᠠᠭᠠ ᠮᠥᠴᠢᠷᠤᠨ ᠬᠥᠨᠳᠡᠯᠡᠨ ᠢ᠋ᠶ᠋ᠡᠷ ᠬᠠᠮᠵᠢᠯᠴᠠᠭ᠍ᠰᠠᠨ ᠦᠶ᠋ᠯᠡᠴᠢᠯᠡᠭᠡᠨᠦ ᠠᠵᠤ ᠠᠬᠤᠢᠯᠠᠯᠤᠨ ᠠᠵᠢᠯᠤᠨ ᠪᠠᠢᠷᠢᠱᠢᠯ ᠢ᠋ ᠪᠠᠢᠭᠤᠯᠤᠬᠰᠠᠨ ᠤ᠋ ᠬᠠᠮᠲᠤ 293 ᠬᠥᠮᠦᠨ ᠵᠢᠡᠷ ᠪᠦᠷᠢᠯᠳᠦᠭᠰᠡᠨ ᠪᠠᠯᠠ ᠣᠷᠣᠭᠤᠯᠤᠯᠲᠠ ᠵᠢᠨ ᠲᠥᠷᠥᠯ ᠵᠦᠶ᠋ᠯᠢ᠋ ᠬᠠᠪᠰᠤᠷᠤᠨ ᠭᠦᠶ᠋ᠴᠡᠳᠭᠡᠬᠦ᠌ ᠡᠩᠨᠡᠭᠡ ᠵᠢ ᠵᠣᠬᠢᠶᠠᠨ ᠪᠠᠢᠭᠤᠯᠵᠤ᠂ ᠦᠶ᠋ᠯᠡᠴᠢᠯᠡᠭᠡ ᠵᠢ 《ᠡᠴᠦᠰ ᠤ᠋ᠨ ᠨᠢᠭᠡ ᠺᠢᠯᠣᠮᠧᠲ᠋ᠷ》 ᠪᠣᠯᠲᠠᠯᠠ ᠤᠷᠲᠤᠳᠭᠠᠪᠠ᠃ 2025 ᠣᠨᠳ᠋ᠤ ᠬᠣᠲᠠ ᠱᠢᠶᠠᠨ ᠬᠣᠶᠠᠷ ᠱᠠᠲᠤᠨ ᠤ᠋ ᠬᠠᠪᠰᠤᠷᠤᠨ ᠭᠦᠶ᠋ᠴᠡᠳᠭᠡᠬᠦ᠌ ᠡᠩᠨᠡᠭᠡ ᠨᠡᠢᠲᠡ 89 ᠴᠢᠬᠤᠯᠠ ᠶᠡᠬᠡ ᠲᠥᠷᠥᠯ ᠵᠦᠶ᠋ᠯ᠂ 587 ᠡᠩ ᠤ᠋ᠨ ᠲᠥᠷᠥᠯ ᠵᠦᠶ᠋ᠯᠳᠦ ᠡᠯᠡ ᠲᠥᠷᠥᠯᠤᠨ ᠦᠶ᠋ᠯᠡᠴᠢᠯᠡᠭᠡ ᠬᠠᠩᠭᠠᠭ᠍ᠰᠠᠨ ᠪᠥᠭᠡᠳ 1673 ᠵᠠᠬᠠ ᠳᠡᠯᠭᠡᠭᠦᠷᠲᠦ ᠣᠷᠣᠬᠤ ᠵᠢ ᠵᠥᠪᠱᠢᠶᠡᠷᠡᠬᠦ᠌ ᠲᠥᠷᠥᠯᠤ᠋ᠨ ᠡᠵᠡᠩᠨᠡᠯᠲᠡ ᠵᠢᠨ ᠭᠤᠤᠯ ᠴᠣᠭ᠍ᠴᠠᠳᠤ ᠰᠦᠯᠵᠢᠶᠡᠨ ᠳᠡᠭᠡᠷᠡ ᠬᠠᠪᠰᠤᠷᠤᠨ ᠭᠦᠶ᠋ᠴᠡᠳᠭᠡᠬᠦ᠌ ᠦᠶ᠋ᠯᠡᠴᠢᠯᠡᠭᠡ ᠬᠠᠩᠭᠠᠪᠠ᠃
ᠣᠯᠠᠨ ᠡᠱᠢᠲᠦ ᠬᠢᠨᠠᠯᠲᠠ ᠲᠠᠯᠪᠢᠬᠤ ᠱᠢᠰᠲ᠋ᠧᠮ ᠢ᠋ ᠪᠠᠢᠭᠤᠯᠵᠤ᠂ ᠤᠶᠠᠨ ᠬᠠᠳᠠᠨ ᠴᠢᠨᠠᠷᠲᠠᠶ ᠬᠠᠤᠯᠢ ᠬᠡᠷᠡᠭ᠌ᠵᠢᠭᠦᠯᠬᠦ᠌ ᠵᠠᠭ᠍ᠪᠤᠷ ᠢ᠋ ᠬᠡᠷᠡᠭ᠌ᠵᠢᠭᠦᠯᠪᠡ᠃ ᠤᠯᠠᠭᠠᠨᠴᠠᠪ ᠬᠣᠲᠠ ᠣᠯᠠᠨ ᠡᠱᠢᠴᠢᠯᠡᠨ ᠣᠷᠣᠯᠴᠠᠬᠤ᠂ ᠥᠨᠳᠥᠷ ᠪᠦᠲᠦᠮᠵᠢᠲᠡᠶ ᠴᠤᠤᠷᠢᠶᠠᠲᠤᠨ ᠳᠠᠭᠠᠬᠤ ᠬᠢᠨᠠᠯᠲᠠ ᠵᠢᠨ ᠬᠠᠷᠢᠭᠤ ᠲᠤᠰᠭᠠᠬᠤ ᠱᠢᠰᠲ᠋ᠧᠮᠢ᠋ ᠬᠦᠴᠦᠯᠡᠨ ᠪᠠᠢᠭᠤᠯᠵᠤ᠂ ᠪᠥᠬᠥ᠌ ᠬᠣᠲᠠ ᠵᠢᠨ ᠠᠵᠤ ᠠᠬᠤᠢᠯᠠᠯ ᠳ᠋ᠤ ᠬᠣᠯᠪᠣᠭ᠍ᠳᠠᠭ᠍ᠰᠠᠨ ᠨᠡᠢᠲᠡ 565 ᠬᠤᠪᠢ ᠬᠦᠰᠡᠯ ᠱᠠᠭᠠᠷᠳᠠᠯᠭᠠ ᠵᠢ ᠭᠥᠯᠢᠶᠡᠨ ᠠᠪᠴᠤ᠌ ᠱᠢᠶ᠋ᠳᠪᠦᠷᠢᠯᠡᠨ᠂ 525 ᠬᠤᠪᠢ ᠵᠢᠨᠢ ᠨᠢᠭᠡᠨᠲᠡ ᠱᠢᠶ᠋ᠳᠪᠦᠷᠢᠯᠡᠨ ᠳᠠᠭᠤᠰᠭᠠᠵᠤ᠂ ᠱᠢᠶ᠋ᠳᠪᠦᠷᠢᠯᠡᠵᠦ᠍ ᠳᠠᠭᠤᠰᠭᠠᠭ᠍ᠰᠠᠨ ᠨᠣᠷᠮᠠᠨᠢ 92.92% ᠲᠸ᠋ ᠬᠦᠷᠴᠦ᠍᠂ ᠬᠠᠨᠤᠮᠵᠢᠳᠤ ᠬᠦᠷᠦᠭᠰᠡᠨ ᠨᠣᠷᠮᠠᠨᠢ100% ᠪᠤᠯᠪᠠ; ᠨᠦᠬᠦᠭᠡ ᠲᠠᠯᠠᠪᠠᠷ᠂ 《ᠬᠣᠶᠠᠷ ᠲᠥᠯᠥᠭᠡᠯᠡᠬᠴᠢ ᠨᠢᠭᠡ ᠭᠡᠱᠢᠭᠦᠨ》 ᠤ᠋ ᠵᠠᠰᠠᠭᠤᠨ ᠶᠠᠪᠤᠳᠠᠯᠤᠨ ᠦᠢᠯᠡᠴᠢᠯᠡᠭᠡᠨᠦ ᠨᠡᠭᠡᠭᠡᠯᠲᠡᠲᠦ ᠡᠳᠦᠷᠢ᠋ ᠱᠢᠨᠡ ᠪᠡᠷ ᠡᠭᠦᠳᠴᠦ᠍᠂ ᠨᠢᠭᠡᠨᠲᠡ 30 ᠪᠦᠯᠦᠭ ᠤᠳᠠᠭᠠ ᠵᠢᠨ ᠬᠢᠨᠠᠯᠲᠠ ᠲᠠᠯᠪᠢᠬᠤ ᠠᠵᠢᠯᠯᠠᠭᠠ ᠵᠢ ᠵᠣᠬᠢᠶᠠᠨ ᠪᠠᠢᠭᠤᠯᠵᠤ ᠥᠷᠨᠢᠭᠦᠯᠪᠡ᠃
ᠰᠠᠢᠨ ᠰᠠᠢᠬᠠᠨ ᠬᠤᠳᠠᠯᠳᠤᠭᠠ ᠡᠷᠬᠢᠯᠡᠬᠦ ᠣᠷᠴᠢᠨ ᠨᠦᠬᠦᠴᠡᠯ ᠪᠣᠯ ᠲᠠᠷᠤᠢ ᠦᠢᠯᠡᠳᠪᠦᠷᠢᠯᠡᠯᠤ᠋ᠨ ᠬᠦᠴᠦᠨ᠂ ᠦᠷᠢᠰᠦᠯᠳᠦᠬᠦ᠌ ᠬᠦᠴᠦᠨ ᠪᠣᠯᠤᠨᠠ᠃ ᠤᠯᠠᠭᠠᠨᠴᠠᠪ ᠬᠤᠳᠠ ᠨᠢᠭᠡᠨᠲᠡ ᠢᠯᠡᠳᠳᠡ 《ᠬᠡᠯᠬᠢᠶᠡ》ᠮᠠᠶᠢᠭᠤᠨ ᠲᠦᠪᠯᠡᠷᠡᠭᠰᠡᠨ ᠦᠷᠡ ᠪᠦᠲᠦᠮᠵᠢ ᠵᠢ ᠪᠦᠷᠢᠯᠳᠦᠬᠦᠯᠪᠡ᠄ ᠲᠣᠭᠠᠴᠢᠯᠠᠭ᠍ᠰᠠᠨ ᠠᠵᠤ ᠠᠬᠤᠢ ᠵᠢᠨ ᠠᠵᠤ ᠦᠢᠯᠡᠰ ᠤ᠋ᠨ ᠪᠦᠯᠦᠭ᠌ᠵᠢᠯ ᠲᠦᠷᠭᠡᠨ ᠬᠥᠭ᠌ᠵᠢᠵᠦ᠍᠂ 67 ᠳ᠋ᠠᠢᠲ᠋ᠠ ᠵᠢᠨ ᠲᠥᠪ ᠪᠠᠢᠭᠤᠯᠤᠭ᠍ᠳᠠᠵᠤ᠂ ᠶᠡᠷᠦᠩᠬᠡᠢ ᠪᠡᠯᠡ ᠣᠷᠣᠭᠤᠯᠤᠯᠲᠠ ᠨᠢ 2600 ᠳ᠋ᠦᠩᠱᠢᠭᠤᠷ ᠲᠥᠭᠥᠷᠢᠭ ᠢ᠋ ᠳᠠᠪᠠᠪᠠ; 《ᠤᠯᠠᠭᠠᠨᠴᠠᠪ ᠤᠨ ᠦᠨᠤᠷ ᠠᠮᠳᠠ》 ᠲᠦᠷᠦᠯ ᠲᠡᠮᠳᠡᠭ ᠤ᠋ᠨ ᠦᠨᠡ ᠥᠷᠲᠡᠭ ᠢᠯᠡᠳᠲᠡ ᠳᠡᠭᠡᠭ᠌ᠰᠢᠯᠡᠵᠦ᠍᠂《ᠤᠯᠠᠭᠠᠨᠴᠠᠪᠤᠨ ᠬᠣᠱᠢᠭᠤ ᠪᠤᠳᠠᠭᠠ》 ᠣᠷᠣᠨ ᠪᠦᠰᠡ ᠵᠢᠨ ᠨᠡᠢᠲᠡ ᠵᠢᠨ ᠬᠡᠷᠡᠭ᠌ᠯᠡᠭᠡᠨᠦ ᠨᠠᠷᠠᠲᠤ ᠲᠡᠮᠳᠡᠭ ᠤ᠋ᠨ ᠦᠨᠡ ᠥᠷᠲᠡᠭ 487.1 ᠳ᠋ᠦᠩᠱᠢᠭᠤᠷ ᠲᠥᠭᠥᠷᠢᠭᠲᠦ ᠬᠦᠷᠴᠦ᠍᠂ ᠠᠳᠠᠯᠢ ᠬᠤᠭᠤᠴᠠᠭᠠᠨ ᠤ᠋ᠬᠢᠡᠴᠡ 175.34 % ᠪᠡᠷ ᠨᠡᠮᠡᠭ᠌ᠳᠡᠪᠡ; ᠪᠣᠬᠢᠷᠲᠤᠯ ᠥᠬᠡᠶ ᠲᠡᠮᠦᠷ ᠤ᠋ᠨ ᠬᠠᠢᠯᠤᠰᠢ ᠵᠢᠨ ᠠᠵᠤ ᠦᠶ᠋ᠯᠡᠰ ᠤ᠋ᠨ ᠬᠡᠪᠴᠢᠶᠡ ᠦᠷᠭᠦᠯᠵᠢᠯᠡᠨ ᠲᠦᠷᠦᠭᠦᠯᠡᠵᠦ᠍᠂ ᠲᠡᠮᠦᠷ ᠤ᠋ᠨ ᠬᠠᠢᠯᠤᠰᠢ ᠵᠢᠨ ᠭᠠᠷᠤᠯᠲᠠ 1131 ᠲᠦᠮᠡᠨ ᠲᠣᠨᠳ᠋ᠤ ᠬᠦᠷᠴᠦ᠍᠂ ᠪᠥᠬᠥ᠌ ᠣᠷᠣᠨᠤ 72%ᠢ᠋ ᠡᠵᠡᠯᠡᠵᠦ᠍᠂ ᠪᠥᠬᠥ᠌ ᠤᠯᠤᠰᠤᠨ 31% ᠵᠢ ᠡᠵᠡᠯᠡᠵᠦ᠍᠂ ᠠᠵᠤ ᠦᠶ᠋ᠯᠡᠰᠤ᠋ᠨ ᠬᠡᠪᠴᠢᠶᠡᠨᠢ ᠭᠤᠷᠪᠠᠨ ᠵᠢᠯ ᠳᠠᠷᠠᠭᠠᠯᠠᠨ ᠪᠥᠬᠥ᠌ ᠤᠯᠤᠰᠲᠤ ᠲᠦᠷᠦᠭᠦᠯᠡᠪᠡ᠃