ᠲᠡᠳᠡ ᠭᠠᠯ᠎ᠤᠨ ᠠᠶᠤᠯ᠎ᠢ ᠭᠠᠷ ᠲᠤᠭᠲᠤᠢᠯᠠᠵᠦ ᠬᠠᠷᠠᠵᠦ ᠵᠤᠭᠰᠤᠭᠰᠠᠨ ᠦᠭᠡᠢ
2025-11-27 16:33:32
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

11 ᠰᠠᠷ᠎ᠠ᠎ᠶᠢᠨ 22᠎ᠤᠨ ᠡᠳᠦᠷ᠎ᠦᠨ ᠦᠳᠡ᠎ᠶᠢᠨ ᠬᠣᠢᠨ᠎ᠠ᠂ ᠰᠢᠯᠢ᠎ᠶᠢᠨ ᠭᠣᠣᠯ ᠠᠢᠮᠠᠭ᠎ᠤᠨ ᠪᠠᠷᠠᠭᠤᠨ ᠦᠵᠦᠮᠦᠴᠢᠨ ᠬᠣᠰᠢᠭᠤᠨ᠎ᠤ ᠪᠠᠴᠢ ᠭᠠᠴᠠᠭ᠎ᠠ᠎ᠠᠴᠠ ᠭᠣᠷᠣᠬᠠᠨ ᠪᠠᠯᠭᠠᠰᠤ ᠬᠦᠷᠬᠦ ᠵᠠᠮ ᠳᠡᠭᠡᠷ᠎ᠡ ᠨᠢᠭᠡ ᠠᠴᠢᠶᠠᠨ᠎ᠤ ᠮᠠᠰᠢᠨ ᠲᠡᠷᠭᠡᠨ᠎ᠤ ᠬᠦᠷᠲᠦ ᠨᠢ ᠰᠢᠳᠠᠵᠦ᠂ ᠲᠡᠷᠭᠡᠨ ᠳᠡᠭᠡᠷ᠎ᠡ ᠠᠴᠢᠭᠰᠠᠨ ᠡᠪᠡᠰᠦᠨ᠎ᠳᠦᠨᠢ ᠭᠠᠯ ᠵᠤᠯᠭᠠᠵᠠᠢ᠃ ᠡᠨᠡ ᠳᠡᠷᠬᠡ ᠡᠪᠡᠰᠦ ᠵᠢ ᠨᠢᠭᠡᠨ ᠮᠠᠯᠴᠢᠨ ᠮᠠᠯᠵᠢᠯ᠎ᠤᠨ ᠲᠠᠯᠠᠪᠠᠶ᠎ᠠᠴᠠ ᠰᠠᠶᠢᠬᠠᠨ 5 ᠲᠦᠮᠡᠨ ᠲᠥᠭᠥᠷᠢᠭ ᠵᠢᠡᠷ ᠬᠤᠳᠠᠯᠳᠤᠨ ᠠᠪᠤᠭᠰᠠᠨ ᠪᠠᠢᠵᠠᠢ᠃


c603d0c0695783baa547786f6e608c1c.jpg


ᠲᠠᠯ᠎ᠠ ᠵᠢᠨ ᠵᠠᠮ ᠵᠢᠡᠷ ᠶᠠᠪᠤᠵᠦ ᠵᠤᠷᠴᠢᠬᠤ ᠬᠦᠮᠦᠨ ᠴᠦᠭᠡᠨ᠂ ᠳᠥᠷᠪᠡᠨ ᠵᠦᠭ᠎ᠲᠦ ᠬᠥᠮᠥᠨ ᠠᠮᠢᠲᠠᠨ᠎ᠤ ᠪᠠᠷ᠎ᠠ ᠠᠯᠠᠭ᠎ᠠ᠂ ᠰᠢᠷᠦᠭᠦᠨ ᠭᠠᠯ ᠬᠤᠷᠤᠮ ᠵᠠᠭᠤᠷ᠎ᠠ ᠵᠢ ᠬᠦᠯᠢᠶᠡᠯ ᠦᠭᠡᠢ ᠠᠶᠤᠮᠰᠢᠭᠲᠡᠢ ᠲᠦᠷᠡᠯᠵᠡᠪᠡ᠃ ᠵᠢᠯᠤᠭᠤᠴᠢ ᠵᠢ ᠶᠠᠭᠠᠬᠢᠵᠦ ᠡᠢᠬᠦ ᠪᠠᠨ ᠤᠯᠵᠦ ᠶᠠᠳᠠᠵᠦ ᠪᠠᠢᠭᠰᠠᠨ ᠦᠶᠡᠰ᠂ ᠵᠠᠮ ᠵᠢᠡᠷ ᠦᠩᠬᠡᠷᠡᠬᠦ ᠬᠡᠰᠡᠨ ᠲᠡᠳᠡ ᠭᠠᠯ ᠡᠴᠡ ᠠᠪᠤᠷᠠᠬᠤ ᠪᠡᠷ ᠳᠡᠷᠬᠡᠨ ᠡᠴᠡ ᠪᠠᠨ ᠪᠠᠭᠤᠵᠠᠭᠠᠯ᠎ᠠ!

11 ᠰᠠᠷ᠎ᠠ᠎ᠶᠢᠨ 22᠎ᠤᠨ ᠡᠳᠦᠷ᠎ᠦᠨ ᠦᠳᠡ ᠵᠢᠨ ᠬᠣᠢᠨ᠎ᠠ᠂ ᠮᠡᠨᠳᠦ ᠨᠠᠢᠵᠠ ᠨᠠᠷ ᠲᠠᠢ ᠪᠠᠨ ᠭᠡᠷ᠎ᠲᠡᠬᠡᠨ ᠬᠠᠷᠢᠬᠤ ᠵᠠᠮ ᠵᠠᠭᠤᠷ᠎ᠠ ᠬᠣᠯᠠ᠎ᠠᠴᠠ ᠬᠠᠷ᠎ᠠ ᠤᠲᠤᠭ᠎ᠠ ᠮᠠᠨᠠᠷᠠᠵᠦ ᠪᠠᠢᠭ᠎ᠠ ᠵᠢ ᠬᠠᠷᠠᠭᠠᠳ 《ᠪᠠᠢᠳᠠᠯ ᠮᠠᠭᠤ ᠪᠤᠯᠤᠯᠲᠠᠢ》 ᠭᠡᠳ ᠬᠤᠷᠳᠤᠨ ᠬᠦᠷᠴᠦ ᠦᠵᠡᠭᠰᠡᠨ᠎ᠳᠦ ᠡᠪᠡᠰᠦ ᠠᠴᠢᠭᠰᠠᠨ ᠲᠡᠷᠭᠡ ᠭᠠᠯ ᠭᠠᠷᠴᠤ᠂ ᠭᠠᠯ ᠨᠢ ᠨᠢᠭᠡᠨᠲᠡ ᠬᠦᠷᠳᠦ᠎ᠡᠴᠡ ᠲᠡᠭᠡᠭᠰᠢ ᠬᠦᠷᠲᠡᠯ᠎ᠡ ᠦᠷᠪᠢᠰᠦᠨ ᠶᠡᠭᠡᠳᠦᠭᠡᠳ ᠪᠠᠢᠪᠠ᠃


057f8e08d08aa871850537640e5da5a9.jpg


ᠲᠡᠳᠡ ᠲᠠᠲᠠᠭᠠᠯᠵᠠᠭᠰᠠᠨ ᠦᠭᠡᠢ ᠪᠡᠷ ᠳᠠᠷᠤᠢᠬᠠᠨ ᠲᠡᠷᠭᠡ ᠎ᠪᠡᠨ ᠵᠣᠭᠰᠣᠭᠠᠵᠤ ᠠᠪᠤᠷᠠᠬᠤ ᠪᠡᠷ ᠬᠦᠶᠦᠪᠡ᠃ ᠵᠠᠮ ᠵᠢᠡᠷ ᠥᠩᠭᠡᠷᠡᠬᠦ ᠬᠦᠮᠦᠰ᠎ᠴᠤ ᠬᠠᠪᠰᠤᠷᠤᠯᠭ᠎ᠠ ᠦᠵᠡᠭᠦᠯᠵᠦ ᠪᠠᠢᠯ᠎ᠠ᠂ ᠭᠡᠪᠡᠴᠦ ᠭᠠᠯ᠎ᠤᠨ ᠪᠠᠢᠳᠠᠯ ᠮᠥᠨ ᠯᠡ ᠰᠢᠷᠦᠭᠦᠨ ᠦᠷᠭᠦᠯᠵᠢᠯᠡᠵᠦ ᠪᠠᠢᠪᠠ᠂ ᠪᠠᠰᠠ ᠬᠡᠳᠦᠨ ᠲᠡᠷᠭᠡ ᠵᠠᠯᠭᠠᠭ᠎ᠠ᠎ᠪᠠᠷ ᠵᠣᠭᠰᠣᠵᠤ᠂ ᠶᠡᠷᠦ᠎ᠡᠴᠡ ᠲᠠᠨᠢᠯᠴᠠᠬᠤ ᠦᠭᠡᠢ ᠬᠥᠮᠥᠰ ᠡᠨᠡ ᠮᠥᠴᠡ᠎ᠳᠦ ᠦᠭᠡ ᠳᠠᠭᠤ ᠦᠭᠡᠢ᠎ᠪᠡᠷ ᠬᠥᠮᠥᠨ᠎ᠢ ᠨᠢ ᠠᠪᠤᠷᠠᠬᠤ᠂ ᠲᠡᠷᠭᠡ ᠵᠢ ᠨᠢ ᠠᠪᠤᠷᠠᠬᠤ᠂ ᠭᠠᠯ᠎ᠤᠨ ᠪᠠᠢᠳᠠᠯ᠎ᠢ ᠡᠵᠡᠮᠳᠡᠬᠦ ᠪᠡᠷ ᠳᠠᠷᠤᠢ ᠲᠦᠷᠭᠡᠨ ᠬᠦᠳᠡᠯᠦᠯᠴᠡᠪᠡ᠃ ᠰᠠᠯᠬᠢᠨ᠎ᠤ ᠬᠦᠴᠦᠨ᠎ᠳᠦ ᠡᠪᠡᠰᠦ ᠮᠠᠰᠢ ᠠᠮᠠᠷᠬᠠᠨ ᠨᠣᠴᠣᠵᠤ ᠪᠠᠢᠭᠰᠠᠨ᠎ᠤ ᠲᠡᠭᠡᠷ᠎ᠡ ᠵᠢᠵᠢᠭ ᠭᠠᠯ ᠤᠨᠲᠠᠷᠠᠭᠠᠬᠤ ᠪᠠᠭᠠᠵᠢ ᠶᠠᠮᠠᠷ᠎ᠴᠤ ᠲᠤᠰᠠ ᠪᠤᠯᠬᠤ ᠦᠭᠡᠢ ᠪᠠᠢᠯ᠎ᠠ᠃

ᠮᠡᠨᠳᠦ ᠵᠢᠨ ᠨᠠᠢᠵᠠ ᠠᠯᠲᠠᠨᠰᠦ᠋ᠭᠡ ᠠᠶᠤᠯ ᠭᠠᠷᠤᠭᠰᠠᠨ ᠭᠠᠵᠠᠷ᠎ᠠᠴᠠ 3 ᠺᠢᠯᠣᠮᠧᠲᠷ ᠵᠠᠢᠲᠠᠢ ᠨᠤᠲᠤᠭ᠎ᠡᠴᠡ ᠲᠤᠰᠠᠯᠠᠮᠵᠢ ᠭᠤᠶᠤᠯ᠎ᠠ᠃ ᠳᠡᠮᠡᠢ ᠤᠳᠠᠭᠰᠠᠨ ᠦᠭᠡᠢ ᠨᠢᠭᠡᠨ ᠤᠳᠬᠤᠭᠤᠷ ᠲᠡᠷᠭᠡ ᠬᠦᠷᠴᠦ ᠢᠷᠡᠵᠦ ᠬᠠᠪᠰᠤᠷᠤᠬᠰᠠᠨ ᠴᠤ᠌ ᠪᠠᠰᠡ ᠲᠡᠮᠡᠢ ᠲᠤᠰᠠ ᠪᠤᠯᠵᠦ ᠲᠡᠢᠯᠦᠭᠰᠡᠨ ᠦᠭᠡᠢ᠃


2d556de35a99172b506baa5a135d0ced.jpg


《ᠤᠳᠬᠤᠭᠤᠷ ᠲᠡᠷᠭᠡ ᠳᠡᠩᠳᠡᠭᠦᠦ ᠪᠠᠭ᠎ᠠ᠂ ᠵᠠᠷᠢᠮ ᠭᠡᠰᠡᠭ᠎ᠤᠨ ᠡᠪᠡᠰᠦ ᠵᠢ ᠨᠢ ᠲᠦᠯᠬᠢᠵᠦ ᠳᠡᠶ᠋ᠢᠯᠬᠦ ᠦᠭᠡᠢ᠂ ᠵᠠᠷᠢᠮ᠎ᠳᠦᠨᠢ ᠬᠦᠷᠴᠦ ᠳᠡᠶ᠋ᠢᠯᠬᠦ ᠦᠭᠡᠢ᠂ ᠭᠠᠯ᠎ᠤᠨ ᠪᠠᠢᠳᠠᠯ᠎ᠴᠤ ᠴᠠᠭ ᠵᠠᠭᠤᠷ᠎ᠠ ᠵᠢᠨ ᠵᠠᠢ ᠦᠭᠬᠦ ᠦᠭᠡᠢ ᠪᠠᠢᠭᠰᠠᠨ᠃ ᠪᠢᠳᠡ ᠬᠥᠮᠥᠨ᠎ᠦ ᠬᠦᠴᠦᠨ᠎ᠳᠦ ᠲᠦᠰᠢᠭᠯᠡᠨ ᠨᠢᠭᠡ ᠨᠢᠭᠡ ᠪᠣᠭᠣᠯᠲᠠ᠎ᠪᠠᠷ ᠳᠣᠷᠣᠭ᠍ᠰᠢ ᠰᠢᠳᠡᠪᠡ ᠁》 ᠭᠡᠵᠦ ᠠᠯᠲᠠᠨᠰᠦ᠋ᠭᠡ ᠡᠷᠭᠢᠴᠡᠭᠦᠯᠵᠦ ᠶᠠᠷᠢᠨ᠎ᠠ᠃

ᠭᠠᠯ ᠬᠠᠵᠠᠭᠤ ᠡᠴᠡ ᠲᠥᠭᠡᠨᠡᠵᠦ ᠬᠠᠷ᠎ᠠ ᠣᠲᠣᠭ᠎ᠠ ᠨᠢᠳᠦ ᠨᠡᠭᠡᠭᠡᠯᠭᠡᠬᠦ ᠵᠢᠨ ᠠᠷᠭ᠎ᠠ ᠦᠭᠡᠢ ᠪᠠᠢᠭᠰᠠᠨ᠎ᠴᠤ᠂ ᠲᠠᠳᠠ ᠬᠣᠶᠠᠷ ᠭᠠᠷ᠎ᠢᠶᠠᠷ᠎ᠢᠶᠠᠨ ᠨᠣᠴᠣᠵᠤ ᠪᠠᠢᠭ᠎ᠠ ᠪᠤᠭᠤᠵᠢ ᠲᠠᠢ ᠡᠪᠡᠰᠦ᠎ᠶᠢ ᠲᠤᠷᠤᠭᠰᠢ ᠰᠢᠳᠡᠵᠦ ᠯᠡ ᠪᠠᠢᠯ᠎ᠠ᠃ 《ᠤᠯᠠᠨ ᠲᠠᠪᠤᠨ ᠶᠠᠭᠤᠮ᠎ᠠ ᠪᠤᠳᠤᠵᠦ ᠠᠮᠵᠢᠭᠰᠠᠨ ᠦᠭᠡᠢ᠂ ᠪᠢᠳᠡ ᠭᠠᠯ ᠤᠰᠤᠨ᠎ᠤ ᠠᠶᠤᠯ᠎ᠳᠦ ᠭᠠᠷ ᠲᠤᠭᠲᠤᠢᠯᠠᠵᠦ ᠬᠠᠷᠠᠵᠦ ᠵᠤᠭᠰᠤᠳᠠᠬ ᠦᠭᠡᠢ ᠰᠢᠦ》 ᠭᠡᠵᠦ ᠮᠡᠨᠳᠦ ᠶᠠᠷᠢᠨ᠎ᠠ᠃


a9c73232d1ed2dc1bcfd8dce6978813e.jpg


ᠦᠳᠡ᠎ᠶᠢᠨ ᠬᠣᠢᠨᠠᠬᠢ 3 ᠴᠠᠭ 10 ᠮᠢᠨᠦ᠋ᠲ᠎ᠲᠦ᠂ ᠪᠠᠷᠠᠭᠤᠨ ᠦᠵᠦᠮᠦᠴᠢᠨ ᠬᠣᠰᠢᠭᠤᠨ᠎ᠤ ᠭᠠᠯ ᠰᠡᠷᠭᠡᠢᠯᠡᠵᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠥᠷᠲᠡᠭᠡ ᠵᠢᠨ ᠬᠢᠨ 80 ᠺᠢᠯᠣᠮᠧᠲᠷ᠎ᠦᠨ ᠬᠤᠯᠠ ᠡᠴᠡ ᠬᠦᠷᠴᠦ ᠢᠷᠡᠪᠡ᠃ ᠡᠨᠡ ᠦᠶ᠎ᠡ᠎ᠳᠦ ᠲᠡᠷᠭᠡ ᠪᠦᠷᠢᠮᠦᠰᠦᠨ ᠰᠢᠳᠠᠵᠦ᠂ ᠪᠤᠭᠤᠵᠢ ᠲᠠᠢ ᠡᠪᠡᠰᠦ ᠨᠢ᠎ᠴᠤ ᠭᠠᠳᠠᠨ᠎ᠡ ᠡᠴᠡ ᠲᠤᠳᠤᠭᠰᠢ ᠪᠠᠨ ᠰᠢᠷᠦᠭᠦᠨ ᠨᠣᠴᠣᠵᠤ ᠪᠠᠢᠯ᠎ᠠ᠃

ᠤᠯᠠᠨ ᠵᠢᠡᠷ ᠵᠢᠡᠨ ᠬᠣᠶᠠᠷ ᠴᠠᠭ ᠰᠢᠬᠠᠮ ᠬᠠᠲᠠᠭᠤᠵᠢᠯᠲᠠᠢ ᠲᠡᠮᠡᠴᠡᠵᠦ᠂ ᠶᠡᠬᠡ ᠭᠠᠯ᠎ᠢ ᠲᠤᠢᠯᠪᠤᠷᠢᠲᠠᠢ ᠤᠨᠲᠠᠷᠠᠭᠠᠪᠠ᠃ ᠮᠠᠯᠴᠢᠨ᠎ᠤ ᠲᠡᠷᠭᠡ ᠪᠠ ᠪᠤᠭᠤᠵᠢ ᠲᠠᠢ ᠡᠪᠡᠰᠦ ᠨᠢ ᠰᠢᠳᠠᠭᠰᠠᠨ᠎ᠴᠤ ᠲᠡᠷᠭᠡᠨ ᠲᠣᠯᠣᠭᠠᠢ᠎ᠶᠢ ᠬᠠᠮᠠᠭᠠᠯᠠᠵᠦ ᠴᠢᠳᠠᠭᠰᠠᠨ ᠪᠠ ᠣᠢᠷ᠎ᠠ ᠬᠠᠪᠢ᠎ᠶᠢᠨ ᠪᠡᠯᠴᠢᠭᠡᠷ᠎ᠲᠦ ᠭᠠᠯ ᠲᠦᠢᠮᠡᠷ ᠤᠷᠤᠭᠤᠯᠤᠭᠰᠠᠨ ᠦᠭᠡᠢ᠂ ᠬᠦᠮᠦᠨ ᠬᠠᠷ᠎ᠠ ᠡᠨᠳᠡᠭᠰᠡᠨ ᠦᠭᠡᠢ ᠨᠢ ᠵᠤᠯ ᠪᠤᠯᠵᠠᠢ᠃

ᠲᠤᠰ ᠤᠳᠠᠭᠠᠨ᠎ᠤ ᠠᠪᠤᠷᠠᠨ ᠲᠤᠰᠠᠯᠠᠭᠰᠠᠨ ᠠᠵᠢᠯᠯᠠᠭ᠎ᠠ ᠨᠢ 33 ᠲᠦᠮᠡ ᠭᠠᠷᠤᠢ ᠰᠦᠯᠵᠢᠶᠡᠴᠢᠨ᠎ᠤ ᠠᠩᠬᠠᠷᠤᠯ᠎ᠢ ᠲᠠᠲᠠᠵᠥ᠂ ᠨᠢᠭᠡ ᠪᠦᠯᠦᠭ ᠬᠦᠮᠦᠰ᠎ᠤᠨ ᠪᠤᠰᠤᠳ᠎ᠢ ᠬᠠᠷᠠᠮ ᠦᠭᠡᠢ ᠲᠤᠰᠠᠯᠠᠭᠰᠠᠨ ᠪᠤᠶᠠᠨᠰᠠᠭ ᠠᠵᠢᠯᠯᠠᠭ᠎ᠠ ᠨᠢ ᠤᠯᠠᠨ᠎ᠤ ᠰᠠᠢᠰᠢᠶᠠᠯ᠎ᠢ ᠤᠯᠪᠠ᠃


9793c0dbe97b33d6de2d311371332f56.jpg


ᠵᠢᠷᠤᠭ᠎ᠢ ᠲᠤᠪᠴᠢᠳᠠᠵᠤ ᠨᠠᠷᠢᠨ ᠠᠭᠤᠯᠭ᠎ᠠ ᠵᠢ ᠦᠵᠡᠭᠡᠷᠡᠢ!


         ᠢᠷᠡᠯᠲᠡ᠄ ᠲᠡᠭᠦᠯᠢᠯᠲᠡ ᠬᠠᠮ ᠵᠠᠭᠤᠴᠢᠯᠠᠭᠤᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号