ᠬᠥᠭ᠌ᠵᠢᠯᠲᠡ᠎ᠶ᠋ᠢᠨ ᠳᠤᠮᠳᠠ ᠠᠮᠤᠷ ᠲᠦᠪᠱᠢᠨ᠎ᠢ ᠪᠡᠬᠢᠵᠢᠭᠦᠯᠵᠦ᠍ ᠠᠮᠤᠷ ᠲᠦᠪᠱᠢᠨ᠎ᠦ ᠳᠤᠮᠳᠠ ᠬᠥᠭ᠌ᠵᠢᠯᠲᠡ᠎ᠶ᠋ᠢ ᠲᠦᠯᠦᠪᠵᠢᠬᠦᠯᠬᠦ ᠬᠡᠷᠡᠭᠳᠡᠢ
2025-11-06 10:08:37
ᠵᠣᠬᠢᠶᠠᠭ᠍ᠴᠢ᠄
ᠠᠷᠠᠳ᠎ᠤᠨ ᠡᠳᠦᠷ᠎ᠦᠨ ᠰᠣᠨᠢᠨ᠎ᠤ ᠱᠢᠭᠦᠮᠵᠢᠯᠡᠭ᠌ᠴᠢ
ᠣᠩᠱᠢᠭ᠍ᠰᠠᠨ ᠣᠳᠠᠭ᠎ᠠ᠄
★★★☆☆

— ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠤᠷᠢᠶ᠎ᠠ᠎ᠶᠢᠨ ᠳᠥᠷᠪᠡᠳᠦᠭᠡᠷ ᠪᠦᠭᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠰᠤᠷᠤᠯᠴᠠᠨ ᠲᠤᠭᠤᠰᠢᠯᠠᠭᠤᠯᠬᠤ ᠲᠤᠬᠠᠶ ᠥᠭᠦᠯᠡᠬᠦ᠌ ᠨᠢ

ᠠᠮᠤᠷ ᠲᠦᠪᠱᠢᠨ ᠪᠣᠯ ᠬᠥᠭ᠌ᠵᠢᠯᠲᠡ᠎ᠶ᠋ᠢᠨ ᠤᠷᠢᠲᠠᠯ᠂ ᠬᠥᠭ᠌ᠵᠢᠯᠲᠡ ᠪᠣᠯ ᠠᠮᠤᠷ ᠲᠦᠪᠱᠢᠨ᠎ᠦ ᠪᠠᠲᠤᠯᠠᠭ᠎ᠠ ᠮᠥᠨ᠃ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠤᠷᠢᠶ᠎ᠠ᠎ᠶᠢᠨ ᠳᠥᠷᠪᠡᠳᠦᠭᠡᠷ ᠪᠦᠬᠦᠳᠡ ᠬᠤᠷᠠᠯ ᠡᠴᠡ《ᠬᠥᠭ᠌ᠵᠢᠯᠲᠡ ᠪᠠ ᠠᠮᠤᠷ ᠲᠦᠪᠱᠢᠨ᠎ᠢ ᠨᠢᠭᠡᠳᠦᠯᠲᠡᠢ ᠲᠦᠯᠦᠪᠵᠢᠬᠦᠯᠬᠦ᠎ᠶ᠋ᠢ ᠪᠠᠷᠢᠮᠲᠠᠯᠠᠬᠤ》᠎ᠶ᠋ᠢ 《ᠠᠷᠪᠠᠨ ᠲᠠᠪᠤᠳᠤᠭᠠᠷ ᠲᠠᠪᠤᠨ ᠵᠢᠯ》 ᠤ᠋ᠨ ᠬᠤᠭᠤᠴᠠᠭᠠᠨ᠎ᠤ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢᠨ ᠡᠷᠬᠡᠪᠰᠢ ᠵᠢᠷᠤᠮᠯᠠᠬᠤ ᠨᠢᠭᠡᠨ ᠴᠢᠬᠤᠯᠠ ᠵᠠᠷᠴᠢᠮ ᠪᠣᠯᠭᠠᠵᠤ᠂ 《ᠤᠯᠤᠰ᠎ᠤᠨ ᠠᠮᠤᠷ ᠲᠦᠪᠱᠢᠨ᠎ᠦ ᠬᠠᠯᠬᠠᠪᠴᠢ᠎ᠶ᠋ᠢ ᠨᠡᠩ ᠪᠡᠬᠢᠵᠢᠭᠦᠯᠬᠦ᠌》 ᠶ᠋ᠢ ᠭᠣᠣᠯ ᠬᠠᠷᠠᠯᠲᠠ᠎ᠶ᠋ᠢᠨ ᠨᠢᠭᠡ ᠪᠣᠯᠭᠠᠵᠤ᠂ ᠬᠥᠭ᠌ᠵᠢᠯᠲᠡ ᠪᠠ ᠠᠮᠤᠷ ᠲᠦᠪᠱᠢᠨ᠎ᠢ ᠨᠢᠭᠡᠳᠦᠯᠲᠡᠢ ᠲᠥᠯᠥᠪᠵᠢᠬᠦᠯᠬᠦ ᠵᠢᠨ ᠳᠤᠭᠤᠷᠢᠨ᠎ᠳᠦ ᠠᠯᠢ ᠤᠯᠠᠨ ᠪᠠᠢᠯᠳᠤᠬᠤ ᠪᠤᠳᠤᠯᠭ᠎ᠠ᠎ᠶ᠋ᠢᠨ ᠪᠠᠢᠷᠢᠯᠠᠭᠤᠯᠤᠯᠲᠠ ᠬᠢᠵᠡᠢ᠂ ᠡᠨᠡ ᠨᠢ ᠱᠢᠨ᠎ᠡ ᠠᠮᠤᠷ ᠲᠦᠪᠱᠢᠨ᠎ᠦ ᠪᠠᠢᠷᠢᠱᠢᠯ᠎ᠢᠶᠠᠷ ᠱᠢᠨ᠎ᠡ ᠬᠥᠭ᠌ᠵᠢᠯᠲᠡ᠎ᠶ᠋ᠢᠨ ᠪᠠᠢᠷᠢᠱᠢᠯ᠎ᠢ ᠪᠠᠲᠤᠯᠠᠬᠤ᠂ ᠨᠡᠢᠭᠡᠮ ᠵᠢᠷᠤᠮ᠎ᠤᠨ ᠣᠳᠣᠬᠢᠴᠢᠯᠠᠯᠲᠠ᠎ᠶ᠋ᠢ ᠦᠨᠳᠦᠰᠦᠨ᠎ᠳᠡᠭᠡᠨ ᠪᠡᠶᠡᠯᠡᠭᠦᠯᠬᠦ᠌᠎ᠲᠠᠯ᠎ᠠ ᠪᠡᠷ ᠦᠨᠡᠨ ᠬᠦ᠌ ᠱᠢᠢᠳᠪᠦᠷᠢᠯᠡᠭ᠌ᠴᠢ ᠴᠢᠨᠠᠷᠲᠠᠢ ᠠᠬᠢᠴᠠ᠎ᠲᠠᠶ ᠪᠣᠯᠭᠠᠬᠤ᠎ᠳᠤ ᠴᠢᠬᠤᠯᠠ ᠶᠡᠬᠡ ᠵᠢᠯᠣᠭᠣᠳᠭᠤ ᠦᠢᠯᠡᠳᠦᠯ᠎ᠲᠡᠶ ᠶᠤᠮ᠃

ᠬᠥᠭ᠌ᠵᠢᠯᠲᠡ ᠪᠠ ᠠᠮᠤᠷ ᠲᠦᠪᠱᠢᠨ᠎ᠢ ᠨᠢᠭᠡᠳᠦᠯᠲᠡᠢ ᠲᠦᠯᠦᠪᠵᠢᠬᠦᠯᠦᠨ᠂ ᠰᠠᠨᠠᠭᠠᠱᠢᠷᠠᠬᠤ ᠤᠬᠠᠮᠰᠠᠷ᠎ᠢᠶᠠᠨ ᠴᠢᠩᠭᠠᠳᠭᠠᠵᠤ᠂ ᠠᠮᠤᠷ ᠲᠤᠭᠳᠠᠭᠤᠨ ᠪᠠᠢᠭᠰᠠᠨ᠎ᠴᠤ ᠠᠶᠤᠯ ᠲᠦᠭ᠌ᠰᠢᠭᠦᠷᠢ᠎ᠶ᠋ᠢ ᠦᠯᠦ ᠮᠠᠷᠲᠠᠬᠤ ᠪᠣᠯ ᠮᠠᠨ᠎ᠤ ᠨᠠᠮ᠎ᠤᠨ ᠲᠦᠷᠦ᠍᠎ᠶ᠋ᠢ ᠵᠠᠰᠠᠬᠤ᠎ᠶ᠋ᠢᠨ ᠨᠢᠭᠡᠨ ᠴᠢᠬᠤᠯᠠ ᠶᠡᠬᠡ ᠵᠠᠷᠴᠢᠮ ᠮᠥᠨ᠃ ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ ᠡᠴᠡ ᠨᠠᠭᠠᠰᠢ᠂ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭ᠍ᠰᠠᠨ ᠨᠠᠮ᠎ᠤᠨ ᠲᠥᠪ ᠬᠤᠷᠢᠶ᠎ᠠ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠬᠣᠶᠠᠷ ᠶᠡᠬᠡ ᠲᠠᠯ᠎ᠠ᠎ᠶ᠋ᠢ ᠨᠢᠭᠡᠳᠦᠯᠲᠡᠢ ᠲᠥᠯᠥᠪᠵᠢᠭᠦᠯᠵᠦ᠍᠂ ᠬᠥᠭ᠌ᠵᠢᠯᠲᠡ ᠪᠣᠯᠤᠨ ᠠᠮᠤᠷ ᠲᠦᠪᠱᠢᠨ ᠬᠣᠶᠠᠷ ᠶᠡᠬᠡ ᠶᠠᠪᠤᠳᠠᠯ᠎ᠢ ᠰᠠᠢᠲᠤᠷ ᠬᠢᠵᠦ᠍᠂ ᠪᠦᠬᠦ᠌ ᠨᠠᠮ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠢ ᠪᠦᠯᠬᠦᠮᠳᠡᠭᠦᠯᠦᠨ ᠳᠠᠭᠠᠭᠤᠯᠵᠤ ᠠᠶᠤᠯ ᠲᠦᠭ᠌ᠰᠢᠭᠦᠷᠢ᠎ᠶ᠋ᠢ ᠠᠷᠢᠯᠭᠠᠵᠤ᠂ ᠪᠣᠭᠣᠮᠲᠠ ᠱᠢᠪᠲᠤᠯᠵᠤ᠂ ᠬᠤᠪᠢᠷᠠᠯᠲᠠ᠎ᠶ᠋ᠢ ᠠᠷᠭᠠᠴᠠᠭᠠᠵᠤ᠂ ᠱᠢᠨ᠎ᠡ ᠪᠠᠢᠳᠠᠯ᠎ᠢ ᠡᠭᠦᠳᠴᠦ᠍᠂ ᠠᠵᠤ ᠠᠬᠤᠢ᠎ᠶ᠋ᠢᠨ ᠲᠦᠷᠭᠡᠨ ᠬᠥᠭ᠌ᠵᠢᠯᠲᠡ ᠪᠣᠯᠤᠨ ᠨᠡᠢᠭᠡᠮ᠎ᠦᠨ ᠤᠷᠳᠤ ᠬᠤᠭᠤᠴᠠᠭᠠᠨ᠎ᠤ ᠲᠣᠭ᠍ᠲᠠᠭᠤᠨ ᠬᠣᠶᠠᠷ ᠶᠡᠬᠡ ᠭᠠᠢᠬᠠᠮᠱᠢᠭ᠎ᠤᠨ ᠱᠢᠨ᠎ᠡ ᠬᠠᠭᠤᠳᠠᠰᠤ᠎ᠶ᠋ᠢ ᠪᠢᠴᠢᠭ᠌ᠯᠡᠪᠡ᠃ ᠪᠢᠳᠡ ᠤᠯᠤᠰ᠎ᠤᠨ ᠶᠡᠷᠦᠩᠬᠡᠢ ᠠᠮᠤᠷ ᠲᠦᠪᠱᠢᠨ᠎ᠦ ᠦᠵᠡᠯᠲᠡ᠎ᠶ᠋ᠢ ᠲᠤᠭᠤᠱᠢᠯᠠᠭᠤᠯᠵᠤ᠂ ᠤᠯᠤᠰ᠎ᠤᠨ ᠠᠮᠤᠷ ᠲᠦᠪᠱᠢᠨ᠎ᠦ ᠱᠢᠰᠲ᠋ᠧᠮ ᠪᠠ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢ ᠠᠬᠢᠭᠤᠯᠵᠤ᠂ 《ᠬᠥᠮᠦᠨ ᠲᠥᠷᠥᠯᠬᠢᠲᠡᠨ᠎ᠦ ᠲᠡᠦᠬᠡᠨ ᠳᠡᠭᠡᠷᠡᠬᠢ ᠶᠡᠷᠦ᠍ ᠪᠤᠰᠤ᠎ᠶ᠋ᠢᠨ ᠠᠵᠤ ᠠᠬᠤᠢ᠎ᠶ᠋ᠢᠨ ᠬᠡᠯᠪᠡᠷᠢ᠎ᠶ᠋ᠢᠨ ᠬᠤᠪᠢᠷᠠᠭᠤᠯᠤᠯᠲᠠ》 ᠶ᠋ᠢ ᠪᠡᠶᠡᠯᠡᠭᠦᠯᠬᠦ᠌ ᠎ᠶ᠋ᠢᠨ ᠬᠠᠮᠲᠤ 《ᠳᠡᠯᠡᠬᠡᠢ ᠨᠡᠢᠲᠡ᠎ᠪᠡᠷ᠎ᠢᠶᠡᠨ ᠮᠡᠳᠡᠷᠡᠭ᠌ᠰᠡᠨ ᠬᠠᠮᠤᠭ᠎ᠤᠨ ᠠᠮᠤᠷ ᠲᠦᠪᠱᠢᠨ ᠤᠯᠤᠰ᠎ᠤᠨ ᠨᠢᠭᠡ》 ᠪᠣᠯᠪᠠ᠃

《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠲᠥᠯᠥᠪᠵᠢᠭᠦᠯᠭᠡ᠎ᠶ᠋ᠢᠨ ᠬᠤᠭᠤᠴᠠᠭᠠᠨ᠎ᠳᠤ᠂ ᠠᠮᠤ ᠪᠤᠳᠠᠭᠠᠨ᠎ᠤ ᠠᠮᠤᠷ ᠲᠦᠪᠱᠢᠨ᠎ᠢ ᠪᠠᠲᠤᠳᠭᠠᠬᠤ ᠪᠣᠯ ᠲᠥᠷᠥ᠎ᠶ᠋ᠢ ᠵᠠᠰᠠᠬᠤ᠎ᠶᠢᠨ ᠲᠡᠷᠢᠭᠦᠨ ᠴᠢᠬᠤᠯᠠ ᠶᠠᠪᠤᠳᠠᠯ ᠪᠣᠯᠤᠨ᠎ᠠ᠂ ᠮᠠᠨ᠎ᠤ ᠤᠯᠤᠰ᠎ᠤᠨ ᠠᠮᠤ ᠪᠤᠳᠠᠭᠠᠨ᠎ᠤ ᠶᠡᠷᠦᠩᠬᠡᠢᠯᠡᠭ᠌ᠰᠡᠨ ᠦᠶ᠋ᠯᠡᠳᠪᠦᠷᠢᠯᠡᠯ᠎ᠦᠨ ᠴᠢᠳᠠᠪᠤᠷᠢ ᠦᠷᠭᠦᠯᠵᠢᠯᠡᠨ ᠳᠡᠭᠡᠭ᠌ᠰᠢᠯᠡᠵᠦ᠍᠂ ᠵᠢᠯ᠎ᠦᠨ ᠤᠨᠠᠯᠲᠠ ᠢᠮᠠᠭ᠍ᠲᠠ 1.3 ᠲᠦᠮᠡᠨ ᠳ᠋ᠦᠩᠱᠢᠭᠤᠷ ᠵᠢᠩ᠎ᠡᠴᠡ ᠳᠡᠭᠡᠭ᠌ᠰᠢ ᠪᠠᠢᠬᠤ᠎ᠶ᠋ᠢ ᠪᠠᠲᠤᠯᠠᠪᠠ; ᠡᠨᠧᠷᠭᠢ᠎ᠶ᠋ᠢᠨ ᠠᠮᠤᠷ ᠲᠦᠪᠱᠢᠨ᠎ᠢ ᠠᠵᠤ ᠠᠬᠤᠢ ᠨᠡᠢᠭᠡᠮ᠎ᠦᠨ ᠬᠥᠭ᠌ᠵᠢᠯᠲᠡ᠎ᠳᠦ ᠬᠣᠯᠪᠣᠭ᠍ᠳᠠᠬᠤ ᠪᠦᠬᠦ᠌ ᠲᠠᠯ᠎ᠠ᠎ᠶ᠋ᠢᠨ ᠴᠢᠨᠠᠷᠲᠠᠢ᠂ ᠪᠠᠢᠯᠳᠤᠬᠤ ᠪᠤᠳᠤᠯᠭ᠎ᠠ᠎ᠶ᠋ᠢᠨ ᠴᠢᠨᠠᠷᠲᠠᠢ ᠠᠰᠠᠭᠤᠳᠠᠯ ᠪᠣᠯᠭᠠᠵᠤ᠂ ᠪᠦᠬᠦ᠌ ᠪᠥᠮᠪᠥᠷᠴᠡᠭ᠎ᠦᠨ ᠬᠡᠪᠴᠢᠶ᠎ᠡ᠎ᠪᠡᠷ ᠬᠠᠮᠤᠭ᠎ᠤᠨ ᠶᠡᠬᠡ ᠴᠠᠬᠢᠯᠭᠠᠨ ᠬᠦᠴᠦᠨ᠎ᠦ ᠰᠠᠭᠤᠷᠢ ᠲᠥᠬᠥᠭᠡᠷᠦᠮᠵᠢ᠎ᠶ᠋ᠢᠨ ᠱᠢᠰᠲ᠋ᠧᠮ᠎ᠢ ᠪᠠᠢᠭᠤᠯᠤᠨ ᠪᠦᠲᠦᠭᠡᠵᠦ᠍᠂ ᠬᠡᠷᠡᠭ᠌ᠯᠡᠭᠡᠨ᠎ᠦ ᠨᠡᠮᠡᠭ᠌ᠳᠡᠯ᠎ᠦᠨ ᠬᠡᠮᠵᠢᠶ᠎ᠡ᠎ᠶ᠋ᠢᠨ 90% ᠡᠴᠡ ᠳᠡᠭᠡᠭ᠌ᠰᠢᠬᠢ᠎ᠶ᠋ᠢ ᠤᠯᠤᠰ᠎ᠤᠨ ᠳᠣᠲᠣᠭᠠᠳᠤ᠎ᠳᠤ ᠪᠡᠶ᠎ᠡ᠎ᠪᠡᠨ ᠳᠠᠭᠠᠭᠠᠵᠤ ᠪᠠᠲᠤᠯᠠᠬᠤ᠎ᠶ᠋ᠢ ᠪᠡᠶᠡᠯᠡᠭᠦᠯᠪᠡ; ᠠᠵᠤ ᠠᠬᠤᠢ ᠮᠥᠩᠭᠥᠨ ᠭᠦᠢᠯᠭᠡᠭᠡᠨ᠎ᠦ ᠶᠡᠬᠡ ᠲᠠᠯ᠎ᠠ᠎ᠶ᠋ᠢᠨ ᠲᠣᠭ᠍ᠲᠠᠭᠤᠨ᠎ᠢ ᠬᠠᠮᠠᠭᠠᠯᠠᠬᠤ ᠲᠠᠯ᠎ᠠ᠎ᠳᠦ ᠬᠠᠨᠳᠤᠭᠤᠯᠤᠨ᠂ ᠬᠦᠨᠳᠦ ᠶᠡᠬᠡ ᠠᠶᠤᠯ ᠲᠦᠭ᠌ᠰᠢᠭᠦᠷᠢ᠎ᠶ᠋ᠢ ᠱᠢᠢᠳᠪᠦᠷᠢᠯᠡᠬᠦ᠌ ᠨᠢᠭᠡᠳᠦᠯᠲᠡᠢ ᠲᠦᠯᠦᠪᠵᠢᠬᠦᠯᠦᠨ ᠵᠣᠬᠢᠴᠠᠭᠤᠯᠬᠤ ᠲᠣᠭ᠍ᠲᠠᠴᠠ᠎ᠶ᠋ᠢ ᠲᠡᠭᠦᠯᠳᠡᠷᠵᠢᠭᠦᠯᠵᠦ᠍᠂ ᠭᠡᠷ ᠭᠠᠵᠠᠷ᠎ᠤᠨ ᠬᠦᠷᠦᠨᠭ᠌ᠭᠡ᠂ ᠣᠷᠣᠨ ᠨᠤᠲᠤᠭ᠎ᠤᠨ ᠦᠷᠢ ᠥᠭ᠌ᠴᠡᠭᠡ᠂ ᠳᠤᠮᠳᠠ ᠵᠢᠵᠢᠭ ᠮᠥᠩᠭᠥᠨ ᠭᠦᠢᠯᠭᠡᠭᠡᠨ᠎ᠦ ᠪᠠᠢᠭᠤᠯᠤᠮᠵᠢ ᠵᠡᠷᠭᠡ᠎ᠶ᠋ᠢᠨ ᠠᠶᠤᠯ ᠲᠦᠭ᠌ᠰᠢᠭᠦᠷᠢ᠎ᠶ᠋ᠢ ᠦᠨᠭ᠌ᠭᠡᠨ ᠲᠠᠯ᠎ᠠ ᠪᠠ ᠦᠨᠳᠦᠰᠦᠨ ᠡᠴᠡ ᠨᠢ ᠵᠡᠷᠭᠡ᠎ᠪᠡᠷ ᠵᠠᠰᠠᠵᠤ ᠠᠷᠢᠯᠭᠠᠪᠠ; ᠪᠦᠰᠡᠯᠡᠨ ᠬᠠᠱᠢᠬᠤ᠂ ᠬᠢᠵᠠᠭᠠᠷᠯᠠᠬᠤ᠂ ᠠᠯᠪᠠᠳᠠᠨ ᠳᠠᠷᠤᠬᠤ᠎ᠳᠦ ᠬᠠᠨᠳᠤᠨ ᠬᠦᠴᠦᠨ᠎ᠢᠶᠡᠨ ᠲᠥᠪᠯᠡᠷᠡᠭᠦᠯᠦᠨ ᠥᠪᠡᠷ᠎ᠦᠨ ᠶᠠᠪᠤᠳᠠᠯ᠎ᠢᠶᠠᠨ ᠰᠠᠢᠲᠤᠷ ᠬᠢᠵᠦ᠂ ᠮᠠᠨ᠎ᠤ ᠤᠯᠤᠰ᠎ᠤᠨ ᠬᠥᠭ᠌ᠵᠢᠯᠲᠡ ᠪᠠ ᠠᠮᠤᠷ ᠲᠦᠪᠱᠢᠨ᠎ᠦ ᠰᠠᠨᠠᠭᠠᠴᠢᠯᠠᠭᠠᠲᠤ ᠡᠷᠬᠡ᠎ᠶ᠋ᠢ ᠪᠠᠲᠤ ᠡᠵᠡᠮᠳᠠᠪᠡ ᠁ ᠤᠯᠤᠰ᠎ᠤᠨ ᠠᠮᠤᠷ ᠲᠦᠪᠱᠢᠨ᠎ᠢ ᠬᠠᠮᠠᠭᠠᠯᠠᠬᠤ ᠪᠣᠯ ᠪᠦᠬᠦ᠌ ᠤᠯᠤᠰ᠎ᠤᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠦᠨᠳᠦᠰᠦᠨ ᠠᠱᠢᠭ ᠲᠤᠰᠠ ᠮᠥᠨ᠂ ᠬᠥᠭ᠌ᠵᠢᠯᠲᠡ ᠪᠠ ᠠᠮᠤᠷ ᠲᠦᠪᠱᠢᠨ᠎ᠢ ᠨᠢᠭᠡᠳᠦᠯᠲᠡᠢ ᠲᠥᠯᠥᠪᠵᠢᠭᠦᠯᠬᠦ᠌ ᠨᠢ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠯᠠᠪᠳᠠᠭᠤᠨ᠎ᠢᠶᠠᠷ ᠬᠤᠯᠠ ᠠᠶᠠᠯᠠᠬᠤ᠎ᠳᠤ ᠴᠢᠬᠤᠯᠠ ᠪᠠᠲᠤᠯᠠᠭ᠎ᠠ ᠬᠠᠩᠭᠠᠨ᠎ᠠ ᠭᠡᠳᠡᠭ᠎ᠢ ᠦᠢᠯᠡᠳᠦᠯᠭᠡ ᠭᠦᠢᠴᠡᠳ ᠬᠠᠷᠠᠭᠤᠯᠪᠠ᠃

ᠣᠳᠣ᠎ᠶ᠋ᠢᠨ ᠳᠡᠯᠡᠬᠡᠶ ᠶᠢᠷᠳᠢᠨᠴᠤ ᠳ᠋ᠤ ᠬᠤᠪᠢᠷᠠᠯᠳᠠ ᠪᠠ ᠦᠢᠮᠡᠬᠡᠨ ᠲᠡᠪᠵᠢᠶᠠᠨ ᠰᠤᠯᠪᠢᠴᠠᠨ ᠤᠷᠤᠰᠢᠵᠤ ᠪᠠᠢᠨ᠎ᠠ᠃ ᠢᠷᠡᠭᠡᠳᠦᠢ᠎ᠶ᠋ᠢᠨ 5 ᠵᠢᠯ᠎ᠳᠦ᠂ ᠮᠠᠨ᠎ᠤ ᠤᠯᠤᠰ᠎ᠤᠨ ᠬᠥᠭ᠌ᠵᠢᠯᠲᠡ᠎ᠳᠦ ᠲᠤᠯᠭᠠᠷᠠᠬᠤ ᠡᠯ᠎ᠡ ᠵᠦᠢᠯ᠎ᠦᠨ ᠲᠣᠭ᠍ᠲᠠᠭᠠᠯᠲᠤ ᠪᠤᠰᠤ ᠲᠥᠰᠦᠭᠡᠯᠡᠬᠦᠶ᠎ᠡ ᠪᠡᠷᠬᠡ ᠠᠶᠤᠯ ᠲᠦᠭ᠌ᠰᠢᠭᠦᠷᠢ᠎ᠶ᠋ᠢᠨ ᠬᠦᠴᠦᠨ ᠵᠦᠢᠯ ᠢᠯᠡᠳᠲᠡ ᠨᠡᠮᠡᠭ᠌ᠳᠡᠵᠦ᠍᠂ ᠬᠥᠭ᠌ᠵᠢᠯᠲᠡ ᠪᠠ ᠠᠮᠤᠷ ᠲᠦᠪᠱᠢᠨ᠎ᠢ ᠨᠢᠭᠡᠳᠦᠯᠲᠡᠢ ᠲᠥᠯᠥᠪᠵᠢᠬᠦᠯᠬᠦ ᠡᠭᠦᠷᠭᠡ ᠨᠡᠩ ᠪᠡᠷᠬᠡ ᠬᠠᠲᠠᠭᠤᠵᠢᠯᠲᠠᠢ ᠪᠣᠯᠬᠤ ᠪᠣᠯᠤᠨ᠎ᠠ᠃ ᠪᠦᠬᠦᠳᠡ ᠬᠤᠷᠠᠯ ᠡᠴᠡ ᠤᠯᠤᠰ᠎ᠤᠨ ᠠᠮᠤᠷ ᠲᠦᠪᠱᠢᠨ᠎ᠦ ᠱᠢᠰᠲ᠋ᠧᠮ ᠪᠠ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢ ᠠᠬᠢᠭᠤᠯᠬᠤ ᠵᠢᠨ ᠲᠤᠭᠤᠷᠢᠨ᠎ᠳᠦ᠂ ᠤᠯᠤᠰ᠎ᠤᠨ ᠠᠮᠤᠷ ᠲᠦᠪᠱᠢᠨ᠎ᠦ ᠱᠢᠰᠲ᠋ᠧᠮ᠎ᠢ ᠪᠦᠷᠢᠨᠱᠢᠬᠦᠯᠬᠦ᠌᠂ ᠭᠣᠣᠯᠳᠠᠯᠭ᠎ᠠ᠎ᠲᠠᠶ ᠬᠦᠷᠢᠶᠡᠨ᠎ᠳᠡᠬᠢ ᠤᠯᠤᠰ᠎ᠤᠨ ᠠᠮᠤᠷ ᠲᠦᠪᠱᠢᠨ᠎ᠦ ᠴᠢᠳᠠᠪᠤᠷᠢ᠎ᠶ᠋ᠢᠨ ᠪᠠᠢᠭᠤᠯᠤᠯᠲᠠ᠎ᠶ᠋ᠢ ᠴᠢᠩᠭᠠᠳᠭᠠᠬᠤ᠂ ᠤᠯᠠᠨ ᠨᠡᠢᠲᠡ᠎ᠶ᠋ᠢᠨ ᠠᠮᠤᠷ ᠲᠦᠪᠱᠢᠨ᠎ᠦ ᠵᠠᠰᠠᠯᠲᠠ᠎ᠶ᠋ᠢᠨ ᠲᠦᠪᠱᠢᠨ᠎ᠢ ᠳᠡᠭᠡᠭ᠌ᠰᠢᠯᠡᠭᠦᠯᠬᠦ᠌᠂ ᠨᠡᠢᠭᠡᠮ᠎ᠦᠨ ᠵᠠᠰᠠᠯᠲᠠ᠎ᠶ᠋ᠢᠨ ᠱᠢᠰᠲ᠋ᠧᠮ᠎ᠢ ᠲᠡᠭᠦᠯᠳᠡᠷᠵᠢᠭᠦᠯᠬᠦ᠌᠎ᠶ᠋ᠢ ᠳᠤᠷᠠᠳᠤᠨ ᠭᠠᠷᠭᠠᠪᠠ; ᠤᠯᠤᠰ᠎ᠤᠨ ᠪᠠᠲᠤᠯᠠᠨ ᠬᠠᠮᠠᠭᠠᠯᠠᠯᠲᠠ ᠪᠠ ᠴᠡᠷᠢᠭ ᠠᠩᠭᠢ᠎ᠶ᠋ᠢᠨ ᠣᠳᠣᠬᠢᠴᠢᠯᠠᠯᠲᠠ᠎ᠶ᠋ᠢ ᠴᠢᠨᠠᠷ ᠰᠠᠢᠲᠠᠶ ᠠᠬᠢᠭᠤᠯᠬᠤ ᠵᠢᠨ ᠲᠤᠭᠤᠷᠢᠨ᠎ᠳᠦ᠂ ᠲᠡᠷᠢᠭᠦᠨ᠎ᠦ ᠳᠠᠢᠴᠢᠨ ᠬᠦᠴᠦᠨ᠎ᠦ ᠪᠠᠢᠭᠤᠯᠤᠯᠲᠠ᠎ᠶ᠋ᠢ ᠲᠦᠷᠭᠡᠳᠭᠡᠬᠦ᠌᠂ ᠴᠡᠷᠢᠭ᠎ᠦᠨ ᠶᠠᠪᠤᠳᠠᠯ᠎ᠤᠨ ᠵᠠᠰᠠᠯᠲᠠ᠎ᠶ᠋ᠢᠨ ᠣᠳᠣᠬᠢᠴᠢᠯᠠᠯᠲᠠ᠎ᠶ᠋ᠢ ᠠᠬᠢᠭᠤᠯᠬᠤ᠂ ᠨᠢᠭᠡ ᠴᠤᠭ᠍ᠴᠠᠵᠢᠭ᠍ᠰᠠᠨ ᠤᠯᠤᠰ᠎ᠤᠨ ᠪᠠᠢᠯᠳᠤᠬᠤ ᠪᠣᠳᠣᠯᠭ᠎ᠠ᠎ᠶ᠋ᠢᠨ ᠱᠢᠰᠲ᠋ᠧᠮ ᠪᠠ ᠴᠢᠳᠠᠪᠤᠷᠢ᠎ᠶ᠋ᠢ ᠪᠡᠬᠢᠵᠢᠭᠦᠯᠦᠨ ᠳᠡᠭᠡᠭ᠌ᠰᠢᠯᠡᠭᠦᠯᠬᠦ᠌᠎ᠶ᠋ᠢ ᠳᠤᠷᠠᠳᠤᠨ ᠭᠠᠷᠭᠠᠪᠠ᠃ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠤᠷᠢᠶ᠎ᠠ᠎ᠶᠢᠨ ᠳᠥᠷᠪᠡᠳᠦᠭᠡᠷ ᠪᠦᠬᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠢ ᠰᠤᠷᠤᠯᠴᠠᠨ᠂ ᠦᠨᠡᠨ ᠬᠦ᠌ ᠲᠤᠭᠤᠱᠢᠯᠠᠭᠤᠯᠵᠤ᠂ ᠲᠡᠦᠬᠡ᠎ᠶ᠋ᠢᠨ ᠰᠠᠨᠠᠭᠠᠴᠢᠯᠠᠭᠠᠲᠤ ᠵᠣᠷᠢᠭ ᠰᠠᠨᠠᠭ᠎ᠠ᠎ᠪᠠᠷ ᠬᠦᠴᠢᠷ᠎ᠢ ᠲᠤᠭᠤᠯᠤᠨ ᠪᠡᠷᠬᠡ᠎ᠶ᠋ᠢ ᠳᠠᠪᠠᠵᠤ᠂ ᠠᠶᠤᠯ ᠲᠦᠭ᠌ᠰᠢᠭᠦᠷᠢ᠎ᠶ᠋ᠢ ᠢᠯᠠᠨ ᠳᠠᠪᠠᠵᠤ᠂ ᠥᠷᠢᠰᠥᠯᠳᠦᠭᠡᠨ᠎ᠢ ᠢᠯᠠᠪᠠᠯ᠂ ᠯᠠᠪᠲᠠᠢ ᠡᠯ᠎ᠡ ᠲᠦᠷᠦᠯ᠎ᠦᠨ ᠠᠶᠤᠯ ᠲᠦᠭ᠌ᠰᠢᠭᠦᠷᠢ᠎ᠶ᠋ᠢ ᠪᠦᠲᠦᠮᠵᠢᠲᠡᠢ ᠰᠡᠷᠭᠡᠢᠯᠡᠨ ᠠᠷᠢᠯᠭᠠᠵᠤ᠂ ᠠᠵᠤ ᠠᠬᠤᠢ ᠪᠠ ᠨᠡᠢᠭᠡᠮ᠎ᠦᠨ ᠤᠶᠠᠨ ᠬᠠᠳᠠᠨ ᠴᠢᠨᠠᠷ᠎ᠢ ᠴᠢᠩᠭᠠᠳᠭᠠᠵᠤ ᠴᠢᠳᠠᠨ᠎ᠠ᠃

ᠠᠮᠤᠷ ᠠᠮᠤᠭᠤᠯᠠᠩ ᠪᠣᠯ ᠠᠷᠠᠳ ᠲᠦᠮᠡᠨ᠎ᠦ ᠵᠣᠯ ᠵᠢᠷᠭᠠᠯ᠎ᠤᠨ ᠠᠮᠢᠨ ᠰᠤᠳᠠᠰᠤ ᠮᠥᠨ᠃ ᠡᠨᠳᠡ《ᠨᠡᠩ ᠥᠨᠳᠥᠷ ᠲᠦᠪᠱᠢᠨ ᠪᠦᠬᠦᠢ ᠠᠮᠤᠭᠤᠯᠠᠩᠳᠤ ᠳᠤᠮᠳᠠᠳᠤ ᠤᠯᠤᠰ᠎ᠢ ᠪᠦᠳᠦᠭᠡᠨ ᠪᠠᠢᠭᠤᠯᠬᠤ᠎ᠪᠠᠷ》ᠵᠢᠱ᠌ᠢᠶᠡᠯᠡᠵᠦ᠂ ᠬᠡᠷᠬᠢᠨ ᠬᠥᠭ᠌ᠵᠢᠯᠲᠡ᠎ᠶ᠋ᠢᠨ ᠳᠤᠮᠳᠠ ᠠᠮᠤᠷ ᠲᠦᠪᠱᠢᠨ᠎ᠢ ᠪᠡᠬᠢᠵᠢᠭᠦᠯᠬᠦ᠌᠂ ᠠᠮᠤᠷ ᠲᠦᠪᠱᠢᠨ᠎ᠦ ᠳᠤᠮᠳᠠ ᠬᠥᠭ᠌ᠵᠢᠯᠲᠡ᠎ᠶ᠋ᠢ ᠲᠦᠯᠦᠪᠵᠢᠬᠦᠯᠬᠦ ᠲᠤᠬᠠᠢ ᠣᠢᠯᠠᠭᠠᠯᠲᠠ ᠵᠢ ᠭᠦᠨᠵᠡᠭᠡᠢᠷᠡᠭᠦᠯᠦᠶ᠎ᠡ᠃

ᠲᠣᠭ᠎ᠠ ᠪᠠᠷᠢᠮᠲᠠ ᠡᠴᠡ ᠦᠵᠡᠪᠡᠯ᠂ ᠮᠠᠨ᠎ᠤ ᠤᠯᠤᠰ ᠪᠣᠯ ᠳᠡᠯᠡᠬᠡᠶ ᠳᠡᠭᠡᠷᠡᠬᠢ ᠠᠮᠢᠨ ᠬᠡᠷᠡᠭ ᠭᠠᠷᠬᠤ ᠨᠣᠷᠮ᠎ᠠ᠎ᠪᠠᠷ ᠬᠠᠮᠤᠭ᠎ᠤᠨ ᠳᠤᠤᠷ᠎ᠠ᠂ ᠡᠷᠡᠭᠦᠦ᠍᠎ᠶ᠋ᠢᠨ ᠬᠡᠷᠡᠭ᠎ᠦᠨ ᠶᠠᠯ᠎ᠠ ᠬᠢᠬᠦ᠌ ᠨᠣᠷᠮ᠎ᠠ᠎ᠪᠠᠷ ᠬᠠᠮᠤᠭ᠎ᠤᠨ ᠳᠤᠤᠷ᠎ᠠ᠂ ᠫᠤᠤ ᠵᠡᠪᠰᠡᠭ ᠳᠡᠯᠪᠡᠷᠡᠯᠳᠡ᠎ᠶᠢᠨ ᠬᠡᠷᠡᠭ ᠬᠠᠮᠤᠭ᠎ᠤᠨ ᠴᠥᠭᠡᠨ ᠤᠯᠤᠰ᠎ᠤᠨ ᠨᠢᠭᠡ ᠪᠣᠯᠤᠨ᠎ᠠ᠃ 《2025 ᠣᠨ᠎ᠤ ᠪᠥᠬᠥ᠌ ᠪᠥᠮᠪᠥᠷᠴᠡᠭ᠎ᠦᠨ ᠠᠮᠤᠷ ᠲᠦᠪᠱᠢᠨ᠎ᠦ ᠮᠡᠳᠡᠭᠦᠯᠦᠯᠲᠡ》 ᠳ᠋ᠤ᠂ ᠳᠤᠮᠳᠠᠳᠤ ᠤᠯᠤᠰ ᠪᠣᠯ ᠳᠡᠯᠡᠬᠡᠶ ᠳᠡᠭᠡᠷᠡᠬᠢ ᠬᠠᠮᠤᠭ᠎ᠤᠨ ᠠᠮᠤᠷ ᠲᠦᠪᠱᠢᠨ ᠤᠯᠤᠰ᠎ᠤᠨ ᠨᠢᠭᠡ ᠮᠥᠨ᠂ ᠳᠤᠮᠳᠠᠳᠤ ᠤᠯᠤᠰ᠎ᠤᠨ ᠠᠷᠠᠳ ᠣᠯᠠᠨ᠎ᠤ ᠠᠮᠤᠷ ᠲᠦᠪᠱᠢᠨ᠎ᠦ ᠲᠥᠷᠥᠭ᠌ᠳᠡᠯ ᠭᠡᠰᠡᠨ ᠥᠬᠡᠶ᠂ ᠳᠤᠮᠳᠠᠳᠤ ᠤᠯᠤᠰ᠎ᠤᠨ《ᠬᠠᠤᠯᠢ ᠴᠠᠭᠠᠵᠠ ᠬᠢᠭᠡᠳ ᠡᠮᠬᠢ ᠲᠢᠭᠯᠢᠮ᠎ᠤᠨ ᠵᠢᠭᠠᠯᠲᠠ ᠲᠣᠭ᠎ᠠ》᠎ᠶ᠋ᠢᠨ ᠨᠡᠷᠡᠰ᠎ᠦᠨ ᠵᠢᠭ᠍ᠰᠠᠭᠠᠯᠲᠠ ᠭᠡᠰᠡᠨ ᠥᠬᠡᠶ ᠴᠥᠮ ᠥᠷᠥᠨᠡᠳᠠᠬᠢᠨ᠎ᠤ ᠪᠣᠶ ᠪᠥᠬᠥᠶ ᠲᠣᠮᠣ ᠤᠯᠤᠰ ᠡᠴᠡ ᠬᠣᠯᠠ ᠳᠠᠪᠠᠭ᠍ᠰᠠᠨ ᠪᠠᠢᠨ᠎ᠠ᠃ ᠠᠮᠤᠷ ᠲᠦᠪᠱᠢᠨ ᠨᠢ ᠬᠡᠷᠬᠢᠨ ᠤᠯᠤᠰ᠎ᠤᠨ ᠦᠵᠡᠰᠭᠦᠯᠡᠩᠲᠦ ᠰᠠᠢᠬᠠᠨ ᠨᠡᠷ᠎ᠡ᠎ᠶ᠋ᠢᠨ ᠬᠠᠭᠤᠳᠠᠰᠤ ᠪᠣᠯᠤᠭ᠍ᠰᠠᠨ ᠪᠤᠢ? ᠳᠤᠮᠳᠠᠳᠤ ᠤᠯᠤᠰ ᠨᠡᠢᠭᠡᠮ᠎ᠦᠨ ᠡᠶ᠎ᠡ ᠵᠣᠬᠢᠴᠠᠯ ᠪᠠ ᠲᠣᠭ᠍ᠲᠠᠭᠤᠨ᠂ ᠤᠯᠤᠰ ᠣᠷᠣᠨ᠎ᠤ ᠥᠨᠢ ᠤᠳᠠᠭᠠᠨ ᠠᠮᠤᠷ ᠲᠦᠪᠱᠢᠨ᠎ᠢ ᠪᠡᠶᠡᠯᠡᠭᠦᠯᠬᠦ᠌᠎ᠳᠦ ᠪᠠᠢᠭᠤᠯᠤᠯ᠎ᠳᠤ ᠲᠦᠱᠢᠭ᠌ᠯᠡᠪᠡ᠂ ᠤᠯᠤᠰ᠎ᠢ ᠵᠠᠰᠠᠬᠤ ᠲᠠᠯ᠎ᠠ᠎ᠪᠠᠷ ᠬᠢ ᠬᠡᠲᠦᠢᠳᠦᠭ᠌ᠰᠡᠨ ᠴᠢᠳᠠᠪᠤᠷᠢ᠎ᠳᠤ ᠲᠦᠱᠢᠭ᠌ᠯᠡᠪᠡ ᠭᠡᠳᠡᠭ᠎ᠢ ᠦᠢᠯᠡᠳᠦᠯᠭᠡ ᠪᠢᠳᠡᠨ᠎ᠳᠦ ᠬᠡᠯᠡᠵᠦ᠍ ᠥᠭ᠌ᠭᠦᠭ᠌ᠰᠡᠨ ᠶᠤᠮ᠃

ᠱᠢᠨ᠎ᠡ ᠴᠠᠭ ᠦᠶ᠎ᠡ᠎ᠶ᠋ᠢᠨ《ᠹᠸᠩᠴᠢᠶᠣᠤ᠎ᠶ᠋ᠢᠨ ᠲᠤᠷᠱᠢᠯᠭ᠎ᠠ》 ᠬᠥᠮᠦᠨ ᠪᠦᠬᠦᠨ ᠬᠠᠷᠢᠭᠤᠴᠠᠯᠭ᠎ᠠ᠎ᠲᠠᠶ᠂ ᠬᠥᠮᠦᠨ ᠪᠦᠬᠦᠨ ᠬᠠᠷᠢᠭᠤᠴᠠᠯᠭ᠎ᠠ᠎ᠪᠠᠨ ᠭᠦᠢᠴᠡᠳᠭᠡᠬᠦ᠌ ᠨᠡᠢᠭᠡᠮ᠎ᠦᠨ ᠵᠠᠰᠠᠯᠲᠠ᠎ᠶ᠋ᠢᠨ ᠬᠠᠮᠲᠤ᠎ᠶ᠋ᠢᠨ ᠴᠣᠭ᠍ᠴᠠ᠎ᠶ᠋ᠢ ᠪᠤᠢ ᠪᠣᠯᠭᠠᠭ᠍ᠰᠠᠨ ᠡᠴᠡ ᠠᠪᠤᠭᠠᠳ《ᠱᠢᠨ᠎ᠡ ᠴᠠᠭ ᠦᠶ᠎ᠡ᠎ᠶ᠋ᠢᠨ ᠵᠢᠷᠭᠤᠭᠠᠨ ᠲᠤᠬᠤᠢ ᠭᠤᠳᠤᠮᠵᠢ᠎ᠶ᠋ᠢᠨ ᠠᠵᠢᠯᠯᠠᠬᠤ ᠠᠷᠭ᠎ᠠ》 ᠪᠡᠷ ᠳᠠᠮᠵᠢᠨ ᠡᠬᠢ ᠡᠭᠦᠰᠦᠯ᠎ᠡᠴᠡ ᠨᠢ ᠵᠠᠰᠠᠬᠤ᠂ ᠤᠯᠠᠨ ᠡᠱᠢᠴᠢᠯᠡᠨ ᠬᠠᠮᠲᠤ᠎ᠪᠠᠷ ᠵᠠᠰᠠᠬᠤ᠂ ᠡᠶ᠎ᠡ ᠵᠣᠬᠢᠴᠠᠩᠭᠤᠢ᠎ᠪᠠᠷ ᠬᠠᠮᠲᠤ᠎ᠪᠠᠷ ᠡᠳ᠋ᠯᠡᠬᠦ᠌ ᠦᠨᠳᠦᠰᠦᠨ ᠱᠠᠲᠤᠨ᠎ᠤ ᠵᠠᠰᠠᠯᠲᠠ᠎ᠶ᠋ᠢᠨ ᠵᠠᠮ᠎ᠢᠶᠠᠷ ᠵᠠᠮᠨᠠᠭ᠍ᠰᠠᠨ ᠬᠦᠷᠲᠡᠯ᠎ᠡ᠂ ᠲᠣᠭᠠᠴᠢᠯᠠᠯᠳᠠ ᠤᠶᠤᠨᠴᠢᠯᠠᠯᠳᠠ ᠪᠡᠷ ᠵᠠᠰᠠᠯᠲᠠ᠎ᠶ᠋ᠢᠨ ᠨᠡᠩ ᠣᠨᠣᠪᠴᠢᠲᠠᠢ ᠥᠨᠳᠥᠷ ᠪᠦᠲᠦᠮᠵᠢᠲᠡᠢ ᠪᠣᠯᠬᠤ᠎ᠶ᠋ᠢ ᠠᠬᠢᠭᠤᠯᠬᠤ᠎ᠳᠦ ᠬᠦᠴᠦᠨ ᠴᠢᠳᠠᠯ ᠤᠯᠭᠤᠵᠤ᠂ ᠬᠠᠤᠯᠢ ᠪᠡᠷ ᠵᠠᠰᠠᠬᠤ ᠨᠢ ᠠᠮᠤᠭᠤᠯᠠᠩᠳᠤ ᠳᠤᠮᠳᠠᠳᠤ ᠤᠯᠤᠰ᠎ᠤᠨ ᠰᠠᠭᠤᠷᠢ᠎ᠶ᠋ᠢ ᠪᠠᠲᠤ ᠴᠣᠭ᠍ᠴᠠᠯᠠᠭᠰᠠᠨ ᠬᠦᠷᠲᠡᠯ᠎ᠡ ᠁ 《ᠠᠷᠪᠠᠨ ᠳᠥᠷᠪᠡᠳᠦᠭᠡᠷ ᠲᠠᠪᠤᠨ ᠵᠢᠯ》ᠤ᠋ᠨ ᠬᠤᠭᠤᠴᠠᠭᠠᠨ᠎ᠳᠤ᠂ ᠮᠠᠨ᠎ᠤ ᠤᠯᠤᠰ᠎ᠤᠨ ᠨᠡᠢᠭᠡᠮ᠎ᠦᠨ ᠵᠠᠰᠠᠯᠲᠠ᠎ᠶ᠋ᠢᠨ ᠨᠡᠢᠭᠡᠮᠴᠢᠯᠡᠭ᠌ᠰᠡᠨ᠂ ᠬᠠᠤᠯᠢᠵᠢᠭ᠍ᠰᠠᠨ᠂ ᠤᠶᠤᠨᠴᠢᠯᠠᠭ᠍ᠰᠠᠨ᠂ ᠲᠤᠰᠭᠠᠢᠵᠢᠭ᠍ᠰᠠᠨ ᠲᠦᠪᠱᠢᠨ ᠶᠡᠬᠡ᠎ᠪᠡᠷ ᠳᠡᠭᠡᠭ᠌ᠰᠢᠯᠡᠪᠡ᠃ ᠢᠷᠡᠭᠡᠳᠦᠢ᠎ᠳᠦ ᠬᠠᠨᠳᠤᠵᠤ᠂ ᠬᠥᠭ᠌ᠵᠢᠯᠲᠡ ᠪᠠ ᠠᠮᠤᠷ ᠲᠦᠪᠱᠢᠨ᠎ᠢ ᠨᠢᠭᠡᠳᠦᠯᠲᠡᠢ ᠲᠥᠯᠥᠪᠵᠢᠭᠦᠯᠬᠦ᠌᠎ᠶ᠋ᠢ ᠨᠡᠩ ᠴᠢᠬᠤᠯᠠᠴᠢᠯᠠᠬᠤ᠎ᠳᠦ᠂ ᠪᠢᠳᠡ ᠳᠣᠲᠣᠭᠠᠳᠤ ᠭᠠᠳᠠᠭᠠᠳᠤ᠎ᠶ᠋ᠢᠨ ᠠᠶᠤᠯ ᠲᠦᠭ᠌ᠰᠢᠭᠦᠷᠢ ᠥᠷᠢᠰᠥᠯᠳᠦᠭᠡᠨ᠎ᠢ ᠪᠦᠬᠦ᠌ ᠲᠠᠯ᠎ᠠ᠎ᠪᠠᠷ ᠪᠣᠳᠣᠯᠬᠢᠯᠠᠵᠤ᠂ ᠠᠮᠤᠷ ᠲᠦᠪᠱᠢᠨ᠎ᠢ ᠬᠠᠮᠠᠭᠠᠯᠠᠬᠤ ᠴᠢᠳᠠᠪᠤᠷᠢ᠎ᠪᠠᠨ ᠴᠢᠩᠭᠠᠳᠭᠠᠵᠤ᠂ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠨᠡᠢᠭᠡᠮ᠎ᠦᠨ ᠵᠠᠰᠠᠯᠲᠠ᠎ᠶ᠋ᠢᠨ ᠵᠠᠮ᠎ᠢᠶᠠᠷ ᠡᠷᠡᠰ ᠭᠤᠢᠪᠢᠰᠢ ᠦᠭᠡᠢ ᠵᠠᠮᠨᠠᠵᠤ᠂ ᠥᠨᠳᠥᠷ ᠪᠦᠲᠦᠮᠵᠢᠲᠡᠢ ᠵᠠᠰᠠᠯᠲᠠ᠎ᠪᠠᠷ ᠴᠢᠨᠠᠷ ᠰᠠᠢᠲᠠᠢ ᠬᠥᠭ᠌ᠵᠢᠯᠲᠡ ᠪᠠ ᠥᠨᠳᠥᠷ ᠲᠦᠪᠱᠢᠨ ᠪᠦᠬᠦᠢ ᠠᠮᠤᠷ ᠲᠦᠪᠱᠢᠨ᠎ᠦ ᠰᠠᠢ᠌ᠨ ᠰᠠᠢᠬᠠᠨ ᠬᠦᠳᠡᠯᠦᠯᠴᠡᠬᠡ᠎ᠵᠢ ᠠᠬᠢᠭᠤᠯᠵᠤ᠂ ᠱᠢᠨ᠎ᠡ ᠠᠮᠤᠷ ᠲᠦᠪᠱᠢᠨ᠎ᠦ ᠪᠠᠢᠷᠢᠱᠢᠯ᠎ᠢ ᠪᠦᠲᠦᠮᠵᠢᠲᠡᠢ ᠪᠠᠢᠭᠤᠯᠵᠤ᠂ ᠱᠢᠨ᠎ᠡ ᠬᠥᠭ᠌ᠵᠢᠯᠲᠡ᠎ᠶ᠋ᠢᠨ ᠪᠠᠢᠷᠢᠱᠢᠯ᠎ᠳᠤ ᠪᠠᠲᠤ ᠴᠢᠩᠭ᠎ᠠ ᠪᠠᠲᠤᠯᠠᠭ᠎ᠠ ᠬᠠᠩᠭᠠᠬᠤ ᠬᠡᠷᠡᠭ᠌ᠲᠡᠢ᠃

ᠬᠡᠬᠡᠨ ᠰᠠᠷᠠᠭᠤᠯ ᠵᠠᠮ ᠬᠡᠵᠤ ᠶᠠᠮᠠᠷ ᠴᠤ᠌ ᠬᠠᠷᠰᠢ ᠰᠠᠭᠠᠳ ᠦᠬᠡᠢ ᠠᠭᠤᠳᠠᠮ ᠲᠡᠭᠰᠢ ᠬᠡᠰᠡᠨ ᠶᠠᠪᠤᠳᠠᠯ ᠪᠢᠰᠢ᠃ ᠤᠷᠢᠳ ᠡᠮᠦᠨ᠎ᠡ ᠪᠠᠢᠭ᠎ᠠ ᠦᠭᠡᠢ ᠠᠭᠤᠤ ᠶᠡᠬᠡ ᠦᠢᠯᠡᠰ ᠯᠠᠪᠲᠠᠢ ᠡᠯ᠎ᠡ ᠵᠦᠢᠯ᠎ᠦᠨ ᠬᠦᠴᠢᠷ ᠪᠡᠷᠬᠡᠱᠢᠶᠡᠯ ᠪᠠ ᠥᠷᠢᠰᠥᠯᠳᠦᠭᠡᠨ᠎ᠳᠦ ᠲᠤᠯᠭᠠᠷᠠᠬᠤ ᠶᠤᠮ᠃ ᠰᠢ ᠵᠢᠨ ᠫᠢᠩ ᠨᠥᠬᠥᠷ᠎ᠢᠶᠡᠷ ᠭᠣᠣᠯ ᠪᠣᠯᠭᠠᠭ᠍ᠰᠠᠨ ᠨᠠᠮ᠎ᠤᠨ ᠲᠥᠪ ᠬᠤᠷᠢᠶ᠎ᠠ᠎ᠶᠢᠨ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠬᠡᠬᠦᠳᠡᠭ ᠴᠡᠭᠡᠵᠢᠨ᠎ᠳᠡᠭᠡᠨ《ᠤᠯᠤᠰ᠎ᠤᠨ ᠶᠡᠬᠡ ᠶᠠᠪᠤᠳᠠᠯ》ᠢ᠋ ᠪᠠᠭ᠍ᠲᠠᠭᠠᠵᠤ᠂ ᠬᠣᠷᠢᠭ᠎ᠠ ᠱᠤᠭᠤᠮ᠎ᠤᠨ ᠰᠡᠳᠭᠢᠬᠦᠢ᠎ᠶ᠋ᠢ ᠪᠤᠢ ᠪᠣᠯᠭᠠᠵᠤ᠂ ᠬᠥᠭ᠌ᠵᠢᠯᠲᠡ ᠪᠣᠯᠤᠨ ᠠᠮᠤᠷ ᠲᠦᠪᠱᠢᠨ᠎ᠢ ᠨᠢᠭᠡᠳᠦᠯᠲᠡᠢ ᠲᠥᠯᠥᠪᠵᠢᠭᠦᠯᠬᠦ᠌᠎ᠶ᠋ᠢ ᠮᠠᠨ᠎ᠤ ᠤᠯᠤᠰ᠎ᠤᠨ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢᠨ ᠡᠯ᠎ᠡ ᠲᠠᠯ᠎ᠠ ᠪᠣᠯᠤᠨ ᠪᠦᠬᠦ᠌ ᠶᠠᠪᠤᠴᠠ᠎ᠳᠤ ᠲᠤᠭᠤᠱᠢᠯᠠᠭᠤᠯᠵᠤ᠂ ᠴᠢᠨᠠᠷ ᠰᠠᠢᠲᠠᠢ ᠬᠥᠭ᠌ᠵᠢᠯᠲᠡ᠎ᠪᠡᠷ ᠥᠨᠳᠥᠷ ᠲᠦᠪᠱᠢᠨ ᠪᠦᠬᠦᠢ ᠠᠮᠤᠷ ᠲᠦᠪᠱᠢᠨ᠎ᠢ ᠠᠬᠢᠭᠤᠯᠵᠤ᠂ ᠥᠨᠳᠥᠷ ᠲᠦᠪᠱᠢᠨ ᠪᠦᠬᠦᠢ ᠠᠮᠤᠷ ᠲᠦᠪᠱᠢᠨ᠎ᠢᠶᠡᠷ ᠴᠢᠨᠠᠷ ᠰᠠᠢᠲᠠᠢ ᠬᠥᠭ᠌ᠵᠢᠯᠲᠡ᠎ᠶ᠋ᠢ ᠪᠠᠲᠤᠯᠠᠪᠠᠯ᠂ ᠪᠢᠳᠠ ᠯᠠᠪᠲᠠᠢ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠪᠠᠷ ᠬᠦᠴᠦᠷᠬᠡᠭ ᠤᠯᠤᠰ᠎ᠤᠨ ᠪᠦᠳᠦᠭᠡᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠠᠭᠤᠤ ᠦᠢᠯᠡᠰ᠎ᠢ ᠪᠦᠬᠦ᠌ ᠲᠠᠯ᠎ᠠ᠎ᠪᠠᠷ ᠠᠬᠢᠭᠤᠯᠬᠤ ᠱᠢᠨ᠎ᠡ ᠪᠠᠢᠳᠠᠯ᠎ᠢ ᠲᠠᠰᠤᠷᠠᠯᠳᠠ ᠦᠭᠡᠢ ᠡᠭᠦᠳᠴᠦ᠍ ᠴᠢᠳᠠᠨ᠎ᠠ᠃

(ᠱᠢᠨᠬᠤᠸᠠ ᠬᠤᠷᠢᠶ᠎ᠠ᠎ᠶᠢᠨ ᠪᠡᠭᠡᠵᠢᠩ᠎ᠦᠨ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号