ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠤᠰᠤᠨ ᠠᠰᠢᠭᠯᠠᠯᠳᠠ ᠶ᠋ᠢᠨ ᠲᠢᠩᠬᠢᠮ ᠡᠴᠡ ᠤᠢᠯᠠᠭᠠᠭᠰᠠᠨ ᠶ᠋ᠢᠡᠷ᠂ ᠤᠯᠠᠨ ᠵᠢᠯ ᠤ᠋ᠨ ᠰᠢᠰᠲᠧᠮ ᠲᠠᠢ ᠵᠠᠰᠠᠯᠳᠠ ᠪᠠ ᠤᠰᠤᠨ ᠤ᠋ ᠡᠬᠢ ᠪᠠᠶᠠᠯᠢᠭ ᠤ᠋ᠨ ᠳᠤᠬᠢᠷᠠᠭᠤᠯᠤᠯᠳᠠ ᠪᠡᠷ ᠳᠠᠮᠵᠢᠨ ᠪᠠᠷᠠᠭᠤᠨ ᠯᠢᠶᠤᠤᠾᠧ ᠭᠤᠤᠯ ᠤ᠋ᠨ ᠭᠤᠤᠯ ᠤᠷᠤᠰᠬᠠᠯ ᠵᠢᠴᠢ ᠭᠤᠤᠯ ᠪᠤᠯᠬᠤ ᠰᠠᠯᠪᠤᠷᠢ ᠤᠷᠤᠰᠬᠠᠯ ᠤ᠋ᠨ ᠤᠰᠤᠨ ᠤ᠋ ᠵᠠᠮ ᠤ᠋ᠨ ᠤᠰᠤᠨ ᠤ᠋ ᠬᠡᠮᠵᠢᠶ᠎ᠠ ᠪᠠ ᠤᠷᠤᠰᠬᠠᠯ ᠲᠠᠢ ᠪᠠᠢᠬᠤ ᠬᠤᠭᠤᠴᠠᠭ᠎ᠠ ᠢᠯᠡᠳᠳᠡ ᠨᠡᠮᠡᠭᠳᠡᠵᠦ᠂ 27 ᠵᠢᠯ ᠤᠷᠤᠰᠬᠠᠯ ᠲᠠᠰᠤᠷᠠᠭᠰᠠᠨ ᠪᠠᠷᠠᠭᠤᠨ ᠯᠢᠶᠤᠤᠾᠧ ᠭᠤᠤᠯ ᠡᠨᠡ ᠵᠢᠯ ᠤ᠋ᠨ 4 ᠰᠠᠷ᠎ᠠ ᠶ᠋ᠢᠨ 10 ᠪᠠ 9 ᠰᠠᠷ᠎ᠠ ᠶ᠋ᠢᠨ 13 ᠤ᠋ ᠡᠳᠤᠷ ᠬᠤᠶᠠᠷ ᠤᠳᠠᠭ᠎ᠠ ᠪᠦᠬᠦ ᠱᠤᠭᠤᠮ ᠶ᠋ᠢᠡᠷ ᠤᠷᠤᠰᠬᠠᠯ ᠲᠠᠢ ᠪᠤᠯᠤᠭᠰᠠᠨ ᠪᠠᠢᠨ᠎ᠠ᠃
ᠪᠠᠷᠠᠭᠤᠨ ᠯᠢᠶᠤᠤᠾᠧ ᠭᠤᠤᠯ ᠪᠤᠯ ᠯᠢᠶᠤᠤᠾᠧ ᠭᠤᠤᠯ ᠤ᠋ᠨ ᠳᠡᠭᠡᠳᠦ ᠤᠷᠤᠰᠬᠠᠯ ᠳ᠋ᠤ ᠤᠷᠤᠰᠢᠬᠤ᠂ ᠰᠠᠪᠠ ᠭᠠᠵᠠᠷ ᠳᠠᠭᠠᠤ ᠶ᠋ᠢᠨ ᠠᠷᠠᠳ ᠲᠦᠮᠡᠨ ᠤ᠋ ᠡᠵᠢ ᠭᠤᠤᠯ ᠪᠤᠯᠤᠨ᠎ᠠ᠃ ᠪᠠᠢᠭᠠᠯᠢ ᠶ᠋ᠢᠨ ᠬᠦᠴᠦᠨ ᠵᠦᠢᠯ ᠪᠠ ᠬᠦᠮᠦᠨ ᠲᠦᠷᠦᠯᠬᠢᠳᠡᠨ ᠤ᠋ ᠠᠵᠢᠯᠯᠠᠭ᠎ᠠ ᠶ᠋ᠢᠨ ᠬᠤᠤᠰ ᠨᠦᠯᠦᠭᠡ ᠡᠴᠡ ᠪᠤᠯᠵᠤ᠂ ᠪᠠᠷᠠᠭᠤᠨ ᠯᠢᠶᠤᠤᠾᠧ ᠭᠤᠤᠯ 1998 ᠤᠨ ᠤ᠋ ᠦᠶᠡᠷ ᠤ᠋ᠨ ᠬᠤᠭᠤᠴᠠᠭ᠎ᠠ ᠶ᠋ᠢᠨ ᠳᠠᠷᠠᠭ᠎ᠠ ᠤᠷᠤᠰᠬᠠᠯ ᠲᠠᠰᠤᠷᠠᠭᠰᠠᠨ ᠪᠠᠢᠳᠠᠯ ᠳ᠋ᠤ ᠤᠷᠤᠵᠤ᠂ ᠪᠦᠬᠦ ᠤᠯᠤᠰ ᠤ᠋ᠨ 7 ᠶᠡᠬᠡ ᠭᠤᠤᠯ ᠮᠦᠷᠡᠨ ᠤ᠋ ᠲᠤᠳᠤᠷᠠᠬᠢ ᠴᠤᠷ ᠤ᠋ᠨ ᠭᠠᠭᠴᠠ ᠤᠷᠤᠰᠬᠠᠯ ᠲᠠᠰᠤᠷᠠᠭᠰᠠᠨ ᠭᠤᠤᠯ ᠮᠦᠷᠡᠨ ᠪᠤᠯᠵᠠᠢ᠃ ᠡᠨᠡ ᠬᠦ᠌ ᠪᠠᠢᠳᠠᠯ ᠢ᠋ ᠬᠤᠪᠢᠷᠠᠭᠤᠯᠬᠤ ᠶ᠋ᠢᠨ ᠲᠦᠯᠦᠭᠡ᠂ ᠦᠪᠡᠷᠳᠡᠭᠡᠨ ᠵᠠᠰᠠᠬᠤ ᠤᠷᠤᠨ ᠤ᠋ ᠤᠰᠤᠨ ᠠᠰᠢᠭᠯᠠᠯᠳᠠ ᠶ᠋ᠢᠨ ᠲᠢᠩᠬᠢᠮ 2020 ᠤᠨ ᠡᠴᠡ ᠡᠬᠢᠯᠡᠨ ᠪᠠᠷᠠᠭᠤᠨ ᠯᠢᠶᠤᠤᠾᠧ ᠭᠤᠤᠯ ᠤ᠋ᠨ ᠰᠠᠪᠠ ᠭᠠᠵᠠᠷ ᠤ᠋ᠨ ᠤᠰᠤᠨ ᠤ᠋ ᠡᠬᠢ ᠪᠠᠶᠠᠯᠢᠭ ᠢ᠋ ᠰᠢᠨᠵᠢᠯᠡᠬᠦ ᠤᠬᠠᠭᠠᠨᠴᠢ ᠪᠡᠷ ᠨᠢᠭᠡᠳᠦᠯᠳᠠᠢ ᠳᠤᠬᠢᠷᠠᠭᠤᠯᠬᠤ ᠪᠠ ᠬᠠᠮᠢᠶᠠᠷᠤᠨ ᠡᠵᠡᠮᠳᠡᠬᠦ ᠠᠵᠢᠯᠯᠠᠭ᠎ᠠ ᠦᠷᠨᠢᠭᠦᠯᠵᠤ᠂ ᠤᠰᠤᠨ ᠤ᠋ ᠵᠠᠮ ᠪᠠ ᠴᠦᠬᠦᠷᠦᠮ ᠤ᠋ᠨ ᠤᠷᠤᠨ ᠤ᠋ ᠬᠠᠮᠢᠶᠠᠷᠤᠯᠳᠠ ᠶ᠋ᠢ ᠴᠢᠩᠭᠠᠳᠬᠠᠨ᠂ 《ᠤᠰᠤᠨ ᠤ᠋ ᠬᠡᠮᠵᠢᠢ᠎ᠠ ᠪᠡᠷ ᠬᠤᠲᠠ ᠵᠢᠨ ᠪᠦᠳᠦᠬᠡᠨ ᠪᠠᠢᠭᠤᠯᠤᠯᠳᠠ ᠪᠠᠨ ᠲᠣᠭ᠍ᠲᠠᠭᠠᠬᠤ᠂ ᠤᠰᠤᠨ ᠤ᠋ ᠬᠡᠮᠵᠢᠢ᠎ᠠ ᠪᠡᠷ ᠭᠠᠵᠠᠷ ᠳᠠᠷᠢᠶ᠎ᠠ ᠪᠠᠨ ᠲᠣᠭ᠍ᠲᠠᠭᠠᠬᠤ᠂ ᠤᠰᠤᠨ ᠤ᠋ ᠬᠡᠮᠵᠢᠢ᠎ᠠ ᠪᠡᠷ ᠬᠤᠳᠠ ᠵᠢᠨ ᠬᠥᠮᠦᠨ ᠠᠮᠠ ᠵᠢᠨ ᠳᠠᠭᠠᠭᠠᠴᠠ ᠵᠢ ᠲᠣᠭ᠍ᠲᠠᠭᠠᠬᠤ᠂ ᠤᠰᠤᠨ ᠤ᠋ ᠬᠡᠮᠵᠢᠢ᠎ᠠ ᠪᠡᠷ ᠦᠢᠯᠡᠳᠪᠦᠷᠢᠯᠡᠯ ᠵᠢᠡᠨ ᠲᠣᠭ᠍ᠲᠠᠭᠠᠬᠤ》 ᠵᠠᠷᠴᠢᠮ ᠶ᠋ᠢᠡᠷ ᠤᠰᠤ ᠶ᠋ᠢ ᠠᠷᠪᠢᠯᠠᠬᠤ ᠪᠠ ᠭᠠᠵᠠᠷ ᠲᠤᠤᠷᠠᠬᠢ ᠤᠰᠤ ᠶ᠋ᠢ ᠬᠡᠳᠦᠷᠡᠳᠡᠯ᠎ᠠ ᠳᠠᠳᠠᠬᠤ ᠶ᠋ᠢ ᠶᠡᠷᠦᠩᠬᠡᠢᠯᠡᠭᠰᠡᠨ ᠵᠠᠰᠠᠬᠤ ᠶ᠋ᠢ ᠪᠦᠬᠦ ᠲᠠᠯ᠎ᠠ ᠪᠡᠷ ᠴᠢᠩᠭᠠᠳᠬᠠᠭᠰᠠᠨ ᠶ᠋ᠢᠡᠷ ᠤᠢᠷ᠎ᠠ ᠶ᠋ᠢᠨ ᠳᠠᠪᠤᠨ ᠵᠢᠯ ᠳ᠋ᠤ ᠪᠠᠷᠠᠭᠤᠨ ᠯᠢᠶᠤᠤᠾᠧ ᠭᠤᠤᠯ ᠤ᠋ᠨ ᠭᠤᠤᠯ ᠤᠷᠤᠰᠬᠠᠯ ᠤ᠋ᠨ ᠤᠰᠤ ᠲᠠᠢ ᠪᠠᠢᠬᠤ ᠬᠡᠰᠡᠭ ᠵᠢᠯ ᠳᠠᠷᠠᠭᠠᠯᠠᠨ ᠨᠡᠮᠡᠭᠳᠡᠵᠠᠢ᠃
ᠬᠢᠨᠡᠨ ᠬᠡᠮᠵᠢᠯᠳᠠ ᠵᠢᠨ ᠲᠤᠭ᠎ᠠ ᠪᠠᠷᠢᠮᠳᠠ ᠶ᠋ᠢ ᠦᠨᠳᠦᠰᠦᠯᠡᠪᠡᠯ᠂ 2024 ᠤᠨ ᠤ᠋ ᠰᠡᠭᠦᠯᠴᠢ ᠪᠤᠯᠬᠤ ᠳ᠋ᠤ ᠪᠠᠷᠠᠭᠤᠨ ᠯᠢᠶᠤᠤᠾᠧ ᠭᠤᠤᠯ ᠤ᠋ᠨ ᠰᠠᠪᠠ ᠭᠠᠵᠠᠷ ᠤ᠋ᠨ ᠭᠦᠢᠬᠡᠨ ᠳᠠᠪᠬᠤᠷᠭ᠎ᠠ ᠶ᠋ᠢᠨ ᠭᠠᠵᠠᠷ ᠲᠤᠤᠷᠠᠬᠢ ᠤᠰᠤᠨ ᠤ᠋ ᠭᠦᠨᠴᠡ ᠨᠢ 8.9 ᠮᠧᠲᠷ ᠪᠤᠯᠵᠤ᠂ 2020 ᠤᠨ ᠤ᠋ ᠰᠡᠭᠦᠯᠴᠢ ᠵᠢᠨ ᠬᠢ ᠡᠴᠡ 0.55 ᠮᠧᠲᠷ ᠳᠡᠭᠡᠭᠰᠢᠯᠡᠨ᠂ ᠰᠠᠪᠠ ᠭᠠᠵᠠᠷ ᠳᠠᠭᠠᠤ ᠶ᠋ᠢᠨ ᠨᠤᠭᠤ ᠭᠠᠵᠠᠷ ᠪᠠ ᠡᠪᠡᠰᠦᠳᠤ ᠭᠠᠵᠠᠷ ᠤ᠋ᠨ ᠤᠷᠭᠤᠮᠠᠯ ᠤ᠋ᠨ ᠪᠦᠷᠬᠦᠴᠡ ᠠᠭᠠᠵᠢᠮ ᠶ᠋ᠢᠡᠷ ᠰᠡᠷᠭᠦᠵᠤ᠂ ᠬᠦᠮᠦᠨ ᠬᠢᠭᠡᠳ ᠪᠠᠢᠭᠠᠯᠢ ᠶ᠋ᠢᠨ ᠡᠶ᠎ᠠ ᠵᠤᠬᠢᠴᠠᠩᠭᠤᠢ ᠪᠡᠷ ᠬᠠᠮᠳᠤ ᠤᠷᠤᠰᠢᠬᠤ ᠶ᠋ᠢ ᠪᠡᠶᠡᠯᠡᠭᠦᠯᠦᠭᠰᠡᠨ ᠠᠮᠢᠳᠤᠯᠢᠭ ᠦᠢᠯᠡᠳᠦᠯᠭᠡ ᠪᠤᠯᠵᠠᠢ᠃