《60 ᠵᠢᠯ ᠪᠣᠯᠤᠯ᠎ᠠ᠂ ᠨᠠᠮ ᠪᠣᠯᠤᠨ ᠠᠷᠠᠳ ᠲᠦᠮᠡᠨ ᠪᠢᠳᠡᠨ ᠢ᠋ ᠮᠠᠷᠲᠠᠭ᠎ᠠ ᠦᠭᠡᠢ᠂ ᠤᠯᠠᠭᠠᠨᠮᠥ᠋ᠴᠢᠷ ᠪᠢᠳᠡᠨ ᠢ᠋ ᠮᠠᠷᠲᠠᠭ᠎ᠠ ᠦᠭᠡᠢ!》 ᠬᠡᠮᠡᠨ ᠲᠤᠭᠳᠤᠯᠤᠨ ᠪᠢᠴᠢᠭᠰᠡᠨ ᠵᠠᠬᠢᠳᠠᠯ ᠵᠢᠡᠨ 1965 ᠣᠨ ᠤ᠋ 《ᠤᠯᠠᠭᠠᠨᠮᠥ᠋ᠴᠢᠷ ᠤ᠋ᠨ ᠠᠩᠬᠠᠳᠤᠭᠠᠷ ᠤᠳᠠᠭ᠎ᠠ ᠵᠢᠨ ᠪᠥᠬᠥ᠌ ᠤᠯᠤᠰ ᠤ᠋ᠨ ᠲᠣᠭᠣᠷᠢᠨ ᠲᠣᠭ᠍ᠯᠠᠯᠲᠠ》 ᠳ᠋ᠤ ᠣᠷᠣᠯᠴᠠᠭ᠍ᠰᠠᠨ ᠠᠬᠠᠮᠠᠳ ᠭᠡᠱᠢᠭᠦᠳ ᠲᠦᠷᠦᠬᠦᠬᠡᠨ 《ᠤᠯᠠᠭᠠᠨᠮᠥ᠋ᠴᠢᠷ ᠤ᠋ᠨ ᠡᠬᠡ ᠤᠯᠤᠰ ᠲᠡᠬᠢ ᠠᠶᠠᠯᠠᠯ》 ᠪᠥᠬᠥ᠌ ᠤᠯᠤᠰ ᠤ᠋ᠨ ᠲᠣᠭᠣᠷᠢᠨ ᠲᠣᠭ᠍ᠯᠠᠯᠲᠠ ᠵᠢ ᠭᠤᠤᠯᠯᠠᠨ ᠡᠷᠭᠢᠯᠡᠭ᠌ᠰᠡᠨ ᠨᠢᠭᠡᠴᠢ ᠪᠣᠯᠬᠤ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠪᠠ ᠵᠢᠭᠤᠯᠴᠢᠯᠠᠯ ᠤ᠋ᠨ ᠲᠢᠩᠬᠢᠮ᠂ ᠳᠠᠭᠠᠭᠠᠴᠢᠯᠠᠨ ᠡᠷᠭᠢᠯᠡᠭ᠌ᠰᠡᠨ ᠨᠢᠭᠡᠴᠢ ᠪᠣᠯᠬᠤ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠱᠢᠭᠤᠳ ᠬᠠᠷᠢᠶ᠎ᠠ ᠤᠯᠠᠭᠠᠨᠮᠥ᠋ᠴᠢᠷ ᠵᠢᠴᠢ ᠲᠣᠭ᠍ᠯᠠᠯᠲᠠ ᠳ᠋ᠦ ᠣᠷᠣᠯᠴᠠᠭ᠍ᠰᠠᠨ ᠪᠥᠬᠥ᠌ ᠲᠤᠭᠯᠠᠭᠴᠢᠳ ᠲᠦ᠍ ᠢᠯᠡᠭᠡᠵᠦ᠍᠂ ᠪᠠᠶᠠᠷᠯᠠᠨ ᠲᠠᠯᠠᠷᠬᠠᠵᠤ ᠪᠠᠢᠭ᠎ᠠ ᠰᠡᠳᠬᠢᠯ ᠢ᠋ᠶ᠋ᠡᠨ ᠢᠯᠡᠳᠭᠡᠵᠠᠢ᠃
ᠡᠨᠡ ᠬᠦ᠌ ᠣᠨᠴᠠᠭᠠᠢ ᠲᠠᠯᠠᠷᠬᠠᠯ ᠤ᠋ᠨ ᠵᠠᠬᠢᠳᠠᠯ ᠤ᠋ᠨ ᠠᠷᠤ ᠳ᠋ᠦ 60 ᠵᠢᠯ ᠠᠯᠤᠰᠯᠠᠭ᠍ᠰᠠᠨ ᠲᠠᠬᠢᠨ ᠠᠭᠤᠯᠵᠠᠯᠲᠠ ᠪᠠ ᠬᠦᠨᠳᠦᠳᠭᠡᠯ ᠠᠭᠤᠯᠤᠭᠳᠠᠵᠦ ᠪᠤᠢ᠃ 11 ᠰᠠᠷ᠎ᠠ ᠶ᠋ᠢᠨ 11 ᠤ᠋ ᠡᠳᠦᠷ ᠪᠤᠯᠤᠨ 15 ᠤ᠋ ᠡᠳᠦᠷ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠤᠷᠢᠶ᠎ᠠ ᠵᠢᠨ ᠤᠬᠠᠭᠤᠯᠬᠤ ᠬᠡᠯᠲᠡᠰ ᠡᠴᠡ ᠵᠢᠯᠣᠭᠣᠳᠴᠤ᠌᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠰᠣᠶᠣᠯ ᠪᠠ ᠵᠢᠭᠤᠯᠴᠢᠯᠠᠯ ᠤ᠋ᠨ ᠲᠢᠩᠬᠢᠮ ᠡᠴᠡ ᠭᠤᠤᠯᠯᠠᠨ ᠡᠷᠭᠢᠯᠡᠵᠦ᠍᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠱᠢᠭᠤᠳ ᠬᠠᠷᠢᠶ᠎ᠠ ᠤᠯᠠᠭᠠᠨᠮᠥ᠋ᠴᠢᠷ ᠡᠴᠡ ᠳᠠᠭᠠᠭᠠᠴᠢᠯᠠᠨ ᠡᠷᠭᠢᠯᠡᠭ᠌ᠰᠡᠨ 《ᠤᠯᠠᠭᠠᠨᠮᠥ᠋ᠴᠢᠷ ᠤ᠋ᠨ ᠡᠬᠡ ᠤᠯᠤᠰ ᠲᠡᠬᠢ ᠠᠶᠠᠯᠠᠯ》 ᠤ᠋ᠨ ᠪᠥᠬᠥ᠌ ᠤᠯᠤᠰ ᠤ᠋ᠨ ᠲᠣᠭᠣᠷᠢᠨ ᠲᠣᠭ᠍ᠯᠠᠯᠲᠠ ᠤᠷᠢᠳ ᠬᠣᠵᠢᠳ ᠬᠥᠬᠡᠬᠣᠲᠠ ᠪᠠ ᠪᠡᠭᠡᠵᠢᠩ ᠳ᠋ᠤ ᠲᠡᠭᠦᠰ ᠠᠮᠵᠢᠯᠲᠠ ᠲᠠᠶ ᠥᠨᠳᠥᠷᠯᠡᠪᠡ᠃ ᠤᠯᠠᠭᠠᠨᠮᠥ᠋ᠴᠢᠷ ᠤ᠋ᠨ ᠠᠩᠬᠠᠳᠤᠭᠠᠷ ᠤᠳᠠᠭ᠎ᠠ ᠵᠢᠨ ᠪᠥᠬᠥ᠌ ᠤᠯᠤᠰ ᠤ᠋ᠨ ᠲᠣᠭᠣᠷᠢᠨ ᠲᠣᠭ᠍ᠯᠠᠯᠲᠠ ᠳ᠋ᠦ ᠣᠷᠣᠯᠴᠠᠵᠤ ᠥᠩᠭᠡᠷᠡᠭ᠌ᠰᠡᠨ ᠠᠬᠠᠮᠠᠳ ᠭᠡᠱᠢᠭᠦᠳ ᠤᠷᠢᠯᠭ᠎ᠠ ᠪᠠᠷ ᠠᠵᠢᠯᠯᠠᠭ᠎ᠠ ᠳ᠋ᠦ ᠣᠷᠣᠯᠴᠠᠭ᠍ᠰᠠᠨ ᠪᠥᠭᠡᠳ ᠲᠤᠬᠠᠶ ᠶ᠋ᠢᠨ ᠲᠠᠯᠠᠪᠠᠶ ᠳ᠋ᠦ ᠲᠡᠳᠡᠨ ᠳ᠋ᠤ ᠳᠤᠷᠠᠰᠭᠠᠯ ᠤ᠋ᠨ ᠲᠡᠮᠳᠡᠭ ᠪᠣᠯᠤᠨ ᠢᠷᠠᠭᠤ ᠠᠯᠳᠠᠷ ᠤ᠋ᠨ ᠦᠨᠡᠮᠯᠡᠯ ᠢ᠋ ᠭᠠᠷᠳᠠᠭᠤᠯᠵᠠᠢ᠃ ᠲᠡᠭᠡᠬᠦ ᠳ᠋ᠤ ᠡᠨᠡ ᠬᠦ᠌ ᠲᠠᠯᠠᠷᠬᠠᠯ ᠤ᠋ᠨ ᠵᠠᠬᠢᠳᠠᠯ ᠢ᠋ ᠠᠬᠠᠮᠠᠳ ᠲᠤᠭᠯᠠᠭᠴᠢᠳ ᠪᠤᠴᠠᠬᠤ ᠵᠠᠮ ᠳ᠋ᠠᠭᠠᠨ ᠭᠠᠯᠲᠤ ᠲᠡᠷᠭᠡᠨ ᠳᠡᠭᠡᠷ᠎ᠡ ᠬᠠᠮᠲᠤ ᠪᠠᠷ ᠲᠤᠭᠤᠷᠪᠢᠭ᠍ᠰᠠᠨ ᠪᠠᠢᠯ᠎ᠠ᠃
ᠵᠠᠬᠢᠳᠠᠯ ᠳ᠋ᠦ ᠲᠠᠯᠠᠷᠬᠠᠯ ᠤ᠋ᠨ ᠰᠡᠳᠭᠢᠯᠭᠡ ᠪᠡᠨ ᠢᠯᠡᠳᠭᠡᠭ᠌ᠰᠡᠨ ᠡᠴᠡ ᠭᠠᠳᠠᠨ᠎ᠠ ᠤᠯᠠᠭᠠᠨᠮᠥ᠋ᠴᠢᠷ ᠤ᠋ᠨ ᠦᠢᠯᠡᠰ ᠤ᠋ᠨ ᠲᠤᠬᠠᠢ ᠬᠦᠰᠡᠯ ᠡᠷᠡᠮᠡᠯᠵᠡᠯ ᠠᠭᠤᠯᠤᠭ᠍ᠳᠠᠵᠤ ᠪᠠᠢᠯ᠎ᠠ᠄《ᠦᠶ᠎ᠡ ᠦᠶ᠎ᠡ ᠶ᠋ᠢᠨ ᠤᠯᠠᠭᠠᠨᠮᠥ᠋ᠴᠢᠷ ᠤ᠋ᠨ ᠭᠡᠱᠢᠭᠦᠳ ᠤᠯᠠᠭᠠᠨᠮᠥ᠋ᠴᠢᠷ ᠤ᠋ᠨ ᠲᠤᠭ ᠢ᠋ ᠥᠨᠳᠥᠷ ᠮᠠᠨᠳᠤᠭᠤᠯᠵᠤ᠂ ᠲᠥᠪ ᠶᠣᠰᠣ ᠵᠢ ᠪᠠᠷᠢᠮᠲᠠᠯᠠᠨ ᠱᠢᠨ᠎ᠡ ᠵᠢ ᠡᠭᠦᠳᠴᠦ᠍᠂ ᠠᠷᠠᠳ ᠲᠦᠮᠡᠨ ᠤ᠋ ᠲᠥᠯᠥᠭᠡ ᠳᠠᠭᠤᠯᠠᠨ ᠪᠦᠵᠢᠭᠯᠡᠵᠤ ᠪᠠᠢᠬᠤ ᠵᠢ ᠪᠢᠳᠡ ᠣᠯᠵᠤ ᠬᠠᠷᠠᠯ᠎ᠠ᠃ ᠪᠢᠳᠡ ᠱᠢᠨ᠎ᠡ ᠬᠡᠰᠢᠬᠦᠳ ᠤ᠋ᠨ ᠲᠠᠰᠤᠷᠠᠯᠲᠠ ᠦᠭᠡᠢ ᠢᠳᠡᠷᠡᠭᠦᠨ ᠢ᠋ᠶ᠋ᠡᠷ ᠦᠰᠦᠨ ᠪᠣᠢᠵᠢᠵᠤ᠂ ᠱᠢᠨ᠎ᠡ ᠪᠦᠳᠦᠬᠡᠯ ᠢ᠋ ᠲᠠᠰᠤᠷᠠᠯᠲᠠ ᠦᠭᠡᠢ ᠵᠣᠬᠢᠶᠠᠨ ᠪᠦᠲᠦᠭᠡᠵᠦ᠍᠂ ᠦᠨᠳᠦᠰᠦᠲᠡᠨ ᠨᠤᠭᠦᠳ ᠤ᠋ᠨ ᠠᠷᠠᠳ ᠲᠦᠮᠡᠨ ᠤ᠋ ᠬᠦᠷᠢᠶᠡᠯᠡᠯ ᠢ᠋ ᠶᠡᠬᠡᠳᠡ ᠣᠯᠤᠭ᠍ᠰᠠᠨ ᠢ᠋ ᠣᠯᠵᠤ ᠬᠠᠷᠠᠪᠠ᠃ ᠡᠨᠡ ᠪᠦᠬᠦᠨ ᠪᠣᠯ ᠲᠠᠨᠠᠷ ᠤ᠋ᠨ ᠱᠢᠷᠭᠠᠭᠤ ᠬᠥᠳᠡᠯᠮᠦᠷᠢ ᠪᠠ ᠴᠢᠷᠮᠠᠢᠯᠭ᠎ᠠ ᠶ᠋ᠢᠨ ᠦᠷ᠎ᠡ ᠳ᠋ᠦᠩ ᠮᠥᠨ᠂ ᠪᠢᠳᠡ ᠶᠡᠬᠡᠳᠡ ᠣᠮᠣᠭ᠍ᠰᠢᠨ ᠪᠠᠬᠠᠷᠬᠠᠵᠦ ᠪᠠᠢᠨ᠎ᠠ》 ᠭᠡᠵᠡᠢ᠃ ᠣᠯᠠᠨ ᠢ᠋ᠶ᠋ᠠᠷ ᠢ᠋ᠶ᠋ᠠᠨ ᠠᠬᠠᠮᠠᠳ ᠭᠡᠱᠢᠭᠦᠳ ᠤ᠋ᠨ ᠲᠠᠯᠠᠷᠬᠠᠯ ᠤ᠋ᠨ ᠵᠠᠬᠢᠳᠠᠯ ᠢ᠋ ᠣᠯᠤᠭ᠍ᠰᠠᠨ ᠤ᠋ ᠳᠠᠷᠠᠭ᠎ᠠ ᠴᠥᠮ ᠶᠡᠬᠡᠳᠡ ᠰᠡᠳᠭᠢᠯ ᠬᠥᠳᠡᠯᠪᠡ᠃
ᠠᠬᠠᠮᠠᠳ ᠭᠡᠱᠢᠭᠦᠳ ᠵᠠᠯᠠᠭᠤ ᠨᠠᠰᠤ ᠬᠠᠯᠠᠭᠤᠨ ᠬᠠᠢᠷ᠎ᠠ ᠪᠠᠨ ᠤᠳᠭ᠎ᠠ ᠤᠷᠠᠯᠢᠭ ᠤ᠋ᠨ ᠦᠢᠯᠡᠰᠲᠦ ᠵᠤᠷᠢᠭᠤᠯᠵᠤ᠂ ᠲᠡᠳᠡᠨ ᠤ᠋ ᠵᠣᠷᠢᠭ ᠰᠠᠨᠠᠭ᠎ᠠ ᠪᠣᠯ ᠤᠯᠠᠭᠠᠨᠮᠥ᠋ᠴᠢᠷ ᠤ᠋ᠨ ᠦᠨᠳᠦᠰᠦ ᠪᠠ ᠰᠦᠭ ᠰᠦᠨᠡᠰᠦ ᠮᠥᠨ᠃ ᠲᠣᠰ ᠤᠳᠠᠭ᠎ᠠ ᠵᠢᠨ ᠪᠥᠬᠥ᠌ ᠤᠯᠤᠰ ᠤ᠋ᠨ ᠲᠣᠭᠣᠷᠢᠨ ᠲᠣᠭ᠍ᠯᠠᠯᠲᠠ 7 ᠰᠠᠷ᠎ᠠ ᠶ᠋ᠢᠨ ᠰᠡᠭᠦᠯᠴᠢ ᠪᠡᠷ ᠡᠬᠢᠯᠡᠭ᠌ᠰᠡᠨ ᠡᠴᠡ ᠨᠠᠭᠠᠰᠢ᠂ ᠪᠥᠬᠥ᠌ ᠤᠯᠤᠰ ᠤ᠋ᠨ 26 ᠮᠤᠵᠢ ᠣᠷᠣᠨ ᠬᠣᠲᠠ ᠳ᠋ᠦ ᠨᠡᠢᠳᠡ 152 ᠲᠠᠯᠠᠪᠠᠶ ᠲᠣᠭ᠍ᠯᠠᠯᠲᠠ ᠭᠠᠷᠭᠠᠵᠤ᠂ 《ᠬᠤᠪᠢᠰᠭᠠᠯᠲᠤ ᠤᠳᠭ᠎ᠠ ᠤᠷᠠᠯᠢᠭ ᠤ᠋ᠨ ᠬᠥᠩᠭᠡᠨ ᠮᠣᠷᠢᠲᠤ ᠴᠡᠷᠢᠭ》 ᠤ᠋ᠨ ᠲᠣᠭ ᠢ᠋ ᠱᠢᠨ᠎ᠡ ᠴᠠᠭ ᠦᠶ᠎ᠡ ᠳ᠋ᠤ ᠱᠢᠨ᠎ᠡ ᠬᠡᠷᠡᠯ ᠭᠢᠯᠪᠠᠭ᠎ᠠ ᠰᠠᠴᠤᠷᠠᠭᠤᠯᠵᠠᠢ᠃