《ᠳᠤᠯᠠᠢᠮ᠎ᠠ ᠳᠤᠸᠠᠯᠠᠮ᠎ᠠ ᠲᠣᠷᠭᠠᠮᠰᠤᠭ ᠲᠤᠶᠠᠭ᠎ᠠ》 ᠭᠠᠨᠰᠤ᠎ᠶ᠋ᠢᠨ ᠪᠤᠳᠤᠭ᠍ᠲᠤ ᠸᠠᠭᠠᠷ᠎ᠤᠨ ᠰᠣᠶᠣᠯ᠎ᠤᠨ ᠦᠵᠡᠰᠭᠦᠯᠡᠩ ᠪᠤᠯᠪᠠᠰᠤᠨ᠎ᠤ ᠡᠬᠢ ᠡᠭᠦᠰᠦᠯ᠎ᠤᠨ ᠲᠡᠦᠬᠡ᠎ᠶ᠋ᠢ ᠬᠦᠦᠷᠨᠢᠨ᠎ᠡ
2025-12-10 10:33:36
ᠵᠣᠬᠢᠶᠠᠭ᠍ᠴᠢ᠄
ᠦᠷᠴᠠᠢᠬᠤ
ᠣᠩᠱᠢᠭ᠍ᠰᠠᠨ ᠣᠳᠠᠭ᠎ᠠ᠄
★★★☆☆

ᠣᠢᠷ᠎ᠠ᠎ᠶ᠋ᠢᠨ ᠡᠳᠦᠷ᠂ 《ᠳᠤᠯᠠᠢᠮ᠎ᠠ ᠳᠤᠸᠠᠯᠠᠮ᠎ᠠ ᠲᠣᠷᠭᠠᠮᠰᠤᠭ ᠲᠤᠶᠠᠭ᠎ᠠ》 ᠭᠠᠨᠰᠤ᠎ᠶ᠋ᠢᠨ ᠪᠤᠳᠤᠭ᠍ᠲᠤ ᠸᠠᠭᠠᠷ᠎ᠤᠨ ᠰᠣᠶᠣᠯ᠎ᠤᠨ ᠦᠵᠡᠰᠭᠦᠯᠡᠩ ᠥᠪᠥᠷ ᠮᠣᠩᠭᠤᠯ᠎ᠤᠨ ᠮᠦᠽᠧᠢ᠎ᠳᠤ ᠳᠡᠯᠭᠡᠭ᠌ᠳᠡᠵᠦ᠍᠂ ᠡᠳᠡᠭᠡᠷ ᠬᠡᠳᠦᠨ ᠮᠢᠩᠭᠠᠨ ᠵᠢᠯ᠎ᠤᠨ ᠴᠠᠭ ᠬᠤᠭᠤᠴᠠᠭ᠎ᠠ᠎ᠶ᠋ᠢ ᠥᠩᠭᠡᠷᠡᠭᠡᠭ᠌ᠰᠡᠨ ᠲᠤᠮᠳᠠᠳᠤ ᠵᠢᠨ ᠦᠨᠳᠦᠰᠦᠲᠡᠨ᠎ᠤ ᠡᠪᠦᠭᠡ ᠳᠡᠭᠡᠳᠦᠰ᠎ᠤᠨ ᠤᠢ ᠪᠢᠯᠢᠭ᠎ᠢ ᠠᠴᠢᠶᠠᠯᠠᠭ᠍ᠰᠠᠨ ᠪᠠᠯᠠᠷ ᠡᠷᠲᠡᠨ᠎ᠤ ᠦᠶ᠎ᠡ᠎ᠶ᠋ᠢᠨ ᠬᠤᠪᠣᠷ ᠨᠠᠨᠳᠢᠨ 《ᠱᠢᠪᠡᠷ ᠡᠷᠳᠡᠨᠢ》 ᠎ᠨᠢ ᠬᠠᠲᠤᠨ ᠭᠤᠣᠯ᠎ᠤᠨ ᠰᠠᠪᠠ ᠭᠠᠵᠠᠷ᠎ᠤᠨ ᠪᠣᠳᠣᠬ᠍ᠳᠤ ᠸᠠᠭᠠᠷ᠎ᠤᠨ ᠪᠣᠯᠪᠠᠰᠤᠨ᠎ᠢ ᠥᠪᠥᠷ ᠮᠣᠩᠭᠤᠯ᠎ᠤᠨ ᠲᠠᠯ᠎ᠠ ᠨᠤᠲᠤᠭ᠎ᠤᠨ ᠰᠣᠶᠣᠯ᠎ᠲᠠᠢ ᠠᠭᠤᠰᠤᠯᠴᠠᠭᠤᠯᠤᠨ᠂ ᠲᠣᠭᠤᠷᠢᠨ ᠰᠣᠨᠢᠷᠬᠠᠭ᠎ᠠ ᠵᠢᠭᠤᠯᠴᠢᠯᠠᠭ᠍ᠰᠠᠳ᠎ᠲᠤ ᠪᠣᠯᠪᠠᠰᠤᠨ᠎ᠤ ᠡᠬᠢ ᠡᠭᠦᠰᠦᠯ᠎ᠢ ᠣᠢᠯᠠᠭᠠᠭᠤᠯᠵᠤ᠂ ᠤᠯᠠᠨ᠎ᠤ ᠠᠩᠬᠠᠷᠤᠯ᠎ᠢ ᠲᠠᠲᠠᠯ᠎ᠠ᠃

  

QQ20251210-101131.png 


ᠲᠤᠭᠤᠷᠢᠭ ᠬᠡ ᠲᠠᠢ ᠬᠤᠤᠰ ᠰᠡᠨᠵᠢᠳᠦ ᠪᠤᠳᠤᠬᠳᠤ ᠸᠠᠭᠠᠷ ᠰᠠᠪᠠ


QQ20251210-101142.png


ᠪᠤᠳᠤᠬᠳᠤ ᠸᠠᠭᠠᠷ ᠎ᠤᠨ  ᠬᠤᠤᠰ ᠲᠠᠪᠤᠷ᠎ᠠ 


QQ20251210-101152.png


ᠡᠷᠳᠡᠨ  ᠬᠦᠮᠦᠰ ᠎ᠤᠨ  ᠠᠮᠢᠳᠤᠷᠠᠯ ᠎ᠤᠨ  ᠵᠢᠷᠤᠭ


QQ20251210-101201.png


ᠬᠤᠤᠰ ᠰᠡᠨᠵᠢᠳᠦ ᠯᠤᠨᠭᠬᠤ ᠪᠠ ᠭᠠᠬᠴᠠ ᠰᠡᠨᠵᠢᠳᠦ ᠯᠤᠨᠭᠬᠤ


QQ20251210-101212.png


ᠬᠠᠷᠢᠴᠠᠭᠤᠯᠤᠯ  ᠵᠢᠷᠤᠭ 


QQ20251210-101223.png


ᠱᠤᠪᠤᠭᠤᠷ ᠢᠷᠤᠭᠠᠷ ᠲᠠᠢ ᠯᠤᠨᠭᠬᠤ


QQ20251210-101234.png


ᠤᠷᠳᠤ ᠬᠦᠵᠦᠬᠦᠳᠦ ᠪᠤᠳᠤᠬᠳᠤ ᠸᠠᠭᠠᠷ ᠯᠤᠨᠭᠬᠤ



QQ20251210-101303.png


ᠬᠤᠤᠰ  ᠰᠡᠨᠵᠢᠳᠦ  ᠪᠤᠳᠤᠬᠳᠤ  ᠸᠠᠭᠠᠷ ᠰᠠᠪᠠ


《ᠪᠤᠳᠤᠭ᠍ᠲᠤ ᠸᠠᠭᠠᠷ᠎ᠤᠨ ᠨᠤᠲᠤᠭ》 ᠬᠡᠮᠡᠨ ᠠᠯᠳᠠᠷᠱᠢᠭ᠍ᠰᠠᠨ ᠭᠠᠨᠰᠤ ᠮᠤᠵᠢ ᠪᠣᠯ ᠳᠡᠯᠡᠬᠡᠢ ᠳᠡᠭᠡᠷᠡᠬᠢ ᠬᠠᠮᠤᠭ᠎ᠠᠴᠠ ᠡᠷᠲᠡ ᠪᠤᠳᠤᠭ᠍ᠲᠤ ᠸᠠᠭᠠᠷ ᠪᠤᠢ ᠪᠣᠯᠤᠭ᠍ᠰᠠᠨ ᠭᠠᠵᠠᠷ ᠨᠤᠲᠤᠭ᠎ᠤᠨ ᠨᠢᠭᠡ ᠪᠠᠢᠵᠤ᠂ ᠮᠥᠨ ᠴᠤ᠌ ᠲᠤᠮᠳᠠᠳᠤ ᠤᠯᠤᠰ᠎ᠤᠨ ᠪᠤᠳᠤᠭ᠍ᠲᠤ ᠸᠠᠭᠠᠷ᠎ᠤᠨ ᠬᠠᠮᠤᠭ᠎ᠠᠴᠠ ᠬᠥᠭ᠌ᠵᠢᠭ᠌ᠰᠡᠨ ᠣᠷᠣᠨ ᠪᠣᠯᠬᠤ ᠶᠤᠮ᠃ ᠲᠤᠰ ᠤᠳᠠᠭᠠᠨ᠎ᠤ ᠦᠵᠡᠰᠭᠦᠯᠡᠩ᠎ᠨᠢ ᠭᠠᠨᠰᠤ᠎ᠠᠴᠠ ᠣᠯᠳᠠᠭ᠍ᠰᠠᠨ 120 ᠭᠠᠷᠤᠢ ᠱᠢᠷᠬᠡᠭ ᠨᠠᠷᠢᠯᠢᠭ ᠰᠠᠢᠬᠠᠨ ᠪᠤᠳᠤᠭ᠍ᠲᠤ ᠸᠠᠭᠠᠷ᠎ᠢ ᠨᠢᠭᠡ ᠳᠣᠣᠷ᠎ᠠ ᠲᠥᠪᠯᠡᠷᠡᠭᠦᠯᠦᠨ ᠳᠡᠯᠭᠡᠨ ᠦᠵᠡᠬᠦᠯᠬᠦ᠌᠎ᠪᠠᠷ ᠳᠠᠮᠵᠢᠭᠤᠯᠤᠨ᠂ ᠭᠠᠨᠰᠤ᠎ᠶ᠋ᠢᠨ ᠪᠤᠳᠤᠭ᠍ᠲᠤ ᠸᠠᠭᠠᠷ᠎ᠤᠨ ᠰᠣᠶᠣᠯ᠎ᠤᠨ ᠱᠢᠨᠵᠢ ᠲᠥᠷᠬᠦ᠌ ᠪᠣᠯᠣᠨ ᠭᠡᠷᠡᠯ ᠰᠠᠴᠤᠷᠠᠩᠭᠤᠢ ᠤᠷᠠᠯᠢᠭ᠎ᠤᠨ ᠠᠮᠵᠢᠯᠲᠠ᠎ᠶ᠋ᠢ ᠪᠦᠬᠦ᠌ ᠲᠠᠯ᠎ᠠ᠎ᠪᠠᠷ ᠲᠣᠯᠢᠯᠠᠭᠤᠯᠤᠨ ᠲᠤᠰᠭᠠᠵᠤ᠂ ᠭᠠᠨᠰᠤ᠎ᠶ᠋ᠢᠨ ᠪᠤᠳᠤᠭ᠍ᠲᠤ ᠸᠠᠭᠠᠷ᠎ᠤᠨ ᠤᠷᠠᠯᠢᠭ᠎ᠤᠨ ᠬᠥᠭ᠌ᠵᠢᠯ᠎ᠤᠨ ᠰᠤᠳᠠᠰᠤ ᠱᠢᠵᠢᠮ᠂ ᠴᠢᠨᠠᠭ᠍ᠰᠢᠯᠠᠭᠠᠳ ᠳᠤᠮᠳᠠᠳᠤ᠎ᠶ᠋ᠢᠨ ᠪᠣᠯᠪᠠᠰᠤᠨ᠎ᠤ ᠡᠬᠢ ᠡᠭᠦᠰᠦᠯ᠎ᠤᠨ ᠶᠠᠪᠤᠴᠠ᠎ᠳᠠᠬᠢ ᠡᠷᠲᠡᠨ᠎ᠤ ᠢᠷᠭᠡᠳ᠎ᠤᠨ ᠲᠡᠦᠬᠡ᠎ᠶ᠋ᠢ ᠪᠦᠲᠦᠭᠡᠵᠦ᠍᠂ ᠪᠠᠷᠠᠭᠤᠨ ᠬᠤᠢᠲᠤ᠎ᠶ᠋ᠢ ᠨᠡᠭᠡᠭᠡᠨ ᠬᠥᠭ᠌ᠵᠢᠭᠦᠯᠦᠭ᠌ᠰᠡᠨ ᠴᠢᠬᠤᠯᠠ ᠲᠡᠦᠬᠡᠲᠦ ᠠᠴᠢ ᠬᠤᠯᠪᠣᠭ᠍ᠳᠠᠯ᠎ᠢ ᠤᠯᠠᠨ᠎ᠳᠤ ᠳᠡᠯᠭᠡᠨ ᠲᠠᠨᠢᠭᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号