ᠡᠮᠦᠨᠡᠬᠡᠨ ᠨᠡᠢᠳᠡᠯᠡᠭᠰᠡᠨ 《ᠦᠪᠦᠷ ᠮᠤᠩᠭᠤᠯ ᠤ᠋ᠨ ᠡᠨᠧᠷᠬᠢ ᠶ᠋ᠢᠨ ᠠᠵᠤ ᠠᠬᠤᠢ ᠶ᠋ᠢᠨ ᠴᠢᠨᠠᠷ ᠰᠠᠢᠳᠠᠢ ᠬᠦᠭᠵᠢᠯᠳᠡ ᠳ᠋ᠤ ᠬᠦᠴᠦᠨ ᠨᠡᠮᠡᠷᠢᠯᠡᠭᠰᠡᠨ ᠵᠢᠭᠠᠯᠳᠠ ᠲᠤᠭ᠎ᠠ ᠶ᠋ᠢᠨ ᠮᠡᠳᠡᠭᠦᠯᠦᠯᠳᠡ (2025)》 ᠶ᠋ᠢ ᠦᠨᠳᠦᠰᠦᠯᠡᠪᠡᠯ᠂ ᠦᠪᠦᠷ ᠮᠤᠩᠭᠤᠯ ᠤ᠋ᠨ ᠡᠨᠧᠷᠬᠢ ᠶ᠋ᠢᠨ ᠲᠤᠤᠷ᠎ᠠ ᠨᠡᠭᠦᠷᠡᠰᠦᠳᠦ᠋ᠷᠦᠭᠴᠢᠳᠤ ᠲᠡᠢᠰᠢ ᠬᠡᠯᠪᠡᠷᠢ ᠪᠡᠨ ᠬᠤᠪᠢᠷᠠᠭᠤᠯᠤᠭᠰᠠᠨ ᠪᠠᠢᠳᠠᠯ᠂ ᠰᠢᠨ᠎ᠠ ᠶ᠋ᠢ ᠡᠭᠦᠳᠬᠦ ᠪᠡᠷ ᠬᠦᠳᠡᠯᠭᠡᠭᠦᠷ ᠪᠤᠯᠭᠠᠭᠰᠠᠨ ᠪᠠᠢᠳᠠᠯ ᠪᠠ ᠨᠡᠢᠭᠡᠮ ᠨᠡᠢᠳᠡ ᠳ᠋ᠤ ᠦᠵᠡᠭᠦᠯᠦᠭᠰᠡᠨ ᠬᠤᠪᠢ ᠨᠡᠮᠡᠷᠢ ᠵᠡᠷᠭᠡ《ᠭᠤᠷᠪᠠᠨ ᠵᠦᠢᠯ ᠤ᠋ᠨ ᠭᠦᠢᠴᠡᠳᠭᠡᠯ ᠲᠤᠭ᠎ᠠ》ᠨᠢ ᠤᠤᠯᠤᠨ ᠬᠢ ᠡᠴᠡ ᠳᠠᠬᠢᠨ ᠶ᠋ᠢᠡᠷ ᠳᠡᠭᠡᠭᠰᠢᠯᠡᠵᠦ᠂ ᠦᠪᠦᠷ ᠮᠤᠩᠭᠤᠯ ᠨᠢᠭᠡᠨᠳᠡ 《ᠨᠡᠭᠦᠷᠡᠰᠦ ᠮᠠᠯᠳᠠᠵᠤ ᠨᠡᠭᠦᠷᠡᠰᠦ ᠪᠡᠨ ᠬᠤᠳᠠᠯᠳᠤᠬᠤ》 ᠡᠴᠡ 《ᠰᠠᠯᠬᠢᠨ ᠬᠦᠴᠦᠨ ᠨᠡᠷᠡᠨ ᠤ᠋ ᠡᠨᠧᠷᠬᠢ ᠶ᠋ᠢ ᠠᠰᠢᠭᠯᠠᠨ ᠬᠦᠭᠵᠢᠭᠦᠯᠬᠦ》 ᠪᠤᠯᠤᠭᠰᠠᠨ᠂ 《 ᠡᠨᠧᠷᠬᠢ ᠶ᠋ᠢᠨ ᠰᠠᠭᠤᠷᠢᠨ 》 ᠡᠴᠡ 《 ᠪᠤᠬᠢᠷᠳᠦᠯ ᠦᠭᠡᠢ ᠡᠨᠧᠷᠬᠢ ᠶ᠋ᠢᠨ ᠦᠨᠳᠦᠷᠯᠢᠭ》 ᠪᠤᠯᠤᠭᠰᠠᠨ ᠦᠪᠡᠷᠮᠢᠴᠡ ᠤᠨᠴᠠᠯᠢᠭᠳᠤ ᠡᠨᠧᠷᠬᠢ ᠶ᠋ᠢᠨ ᠬᠤᠪᠢᠰᠬᠠᠯ ᠤ᠋ᠨ ᠵᠠᠮ ᠢ᠋ ᠨᠡᠭᠡᠭᠡᠭᠰᠡᠨ ᠪᠠᠢᠨ᠎ᠠ᠃
ᠤᠢᠯᠠᠭᠠᠭᠰᠠᠨ ᠶ᠋ᠢᠡᠷ᠂ ᠤᠢᠷ᠎ᠠ ᠶ᠋ᠢᠨ ᠵᠢᠯ ᠳ᠋ᠤ ᠦᠪᠦᠷ ᠮᠤᠩᠭᠤᠯ ᠤ᠋ᠨ ᠡᠨᠧᠷᠬᠢ ᠶ᠋ᠢᠨ ᠦᠢᠯᠡᠰ ᠰᠢᠪᠳᠤᠯᠤᠯᠳᠠ ᠶ᠋ᠢᠨ ᠴᠢᠨᠠᠷᠳᠠᠢ ᠠᠬᠢᠴᠠ ᠪᠠ ᠲᠡᠦᠬᠡᠳᠦ ᠴᠢᠨᠠᠷᠳᠠᠢ ᠠᠮᠵᠢᠯᠳᠠ ᠤᠯᠵᠤ᠂ ᠦᠪᠡᠷᠳᠡᠭᠡᠨ ᠵᠠᠰᠠᠬᠤ ᠤᠷᠤᠨ ᠤ᠋ ᠠᠵᠤ ᠠᠬᠤᠢ ᠶ᠋ᠢᠨ ᠴᠢᠨᠠᠷ ᠰᠠᠢᠳᠠᠢ ᠬᠦᠭᠵᠢᠯᠳᠡ ᠶ᠋ᠢ ᠠᠬᠢᠭᠤᠯᠬᠤ᠂ ᠤᠯᠤᠰ ᠤ᠋ᠨ ᠡᠨᠧᠷᠬᠢ ᠶ᠋ᠢᠨ ᠠᠮᠦᠷ ᠲᠦᠪᠰᠢᠨ ᠢ᠋ ᠪᠠᠳᠤᠯᠠᠬᠤ ᠳ᠋ᠤ ᠡᠷᠴᠢᠮᠳᠠᠢ ᠲᠤᠯᠭᠠᠭᠤᠷᠢᠯᠠᠯ ᠬᠠᠩᠭᠠᠪᠠ᠃ ᠡᠨᠡ ᠵᠢᠯ ᠤ᠋ᠨ 10 ᠰᠠᠷ᠎ᠠ ᠶ᠋ᠢᠨ ᠰᠡᠭᠦᠯᠴᠢ ᠪᠤᠯᠳᠠᠯ᠎ᠠ᠂ ᠪᠦᠬᠦ ᠤᠷᠤᠨ ᠤ᠋ ᠰᠢᠨ᠎ᠠ ᠡᠨᠧᠷᠬᠢ ᠶ᠋ᠢᠨ ᠮᠠᠰᠢᠨ ᠴᠤᠭᠴᠠᠯᠠᠪᠤᠷᠢ ᠶ᠋ᠢᠨ ᠶᠡᠷᠦᠩᠬᠡᠢ ᠪᠠᠭᠳᠠᠭᠠᠮᠵᠢ ᠪᠦᠬᠦ ᠤᠯᠤᠰ ᠲᠤ᠌ ᠬᠠᠮᠤᠭ ᠤ᠋ᠨ ᠲᠦᠷᠦᠭᠦᠨ ᠳ᠋ᠤ 1.5 ᠳ᠋ᠦᠩᠰᠢᠭᠤᠷ ᠺᠢᠯᠤᠸᠠᠲ ᠢ᠋ ᠳᠠᠪᠠᠵᠤ᠂ ᠳᠠᠬᠢᠨᠳᠠ ᠰᠢᠨ᠎ᠠ ᠲᠡᠮᠳᠡᠭᠯᠡᠯ ᠢ᠋ ᠡᠭᠦᠳᠦᠭᠰᠡᠨ ᠪᠠᠢᠨ᠎ᠠ᠃
ᠰᠢᠨᠡᠭᠡᠨ ᠨᠡᠢᠳᠡᠯᠡᠭᠰᠡᠨ 《ᠦᠪᠦᠷ ᠮᠤᠩᠭᠤᠯ ᠤ᠋ᠨ ᠡᠨᠧᠷᠬᠢ ᠶ᠋ᠢᠨ ᠠᠵᠤ ᠠᠬᠤᠢ ᠶ᠋ᠢᠨ ᠴᠢᠨᠠᠷ ᠰᠠᠢᠳᠠᠢ ᠬᠦᠭᠵᠢᠯᠳᠡ ᠳ᠋ᠤ ᠬᠦᠴᠦᠨ ᠨᠡᠮᠡᠷᠢᠯᠡᠭᠰᠡᠨ ᠵᠢᠭᠠᠯᠳᠠ ᠲᠤᠭ᠎ᠠ ᠶ᠋ᠢᠨ ᠮᠡᠳᠡᠭᠦᠯᠦᠯᠳᠡ (2025)》 ᠶ᠋ᠢ ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠡᠨᠧᠷᠬᠢ ᠶ᠋ᠢᠨ ᠲᠤᠪᠴᠢᠶ᠎ᠠ ᠪᠤᠯᠤᠨ ᠳᠤᠮᠳᠠᠳᠤ ᠤᠯᠤᠰ ᠤ᠋ᠨ ᠠᠵᠤ ᠠᠬᠤᠢ ᠶ᠋ᠢᠨ ᠮᠡᠳᠡᠭᠡ ᠵᠠᠩᠬᠢ ᠶ᠋ᠢᠨ ᠬᠤᠷᠢᠶ᠎ᠠ ᠡᠴᠡ ᠬᠠᠮᠳᠤᠷᠠᠨ ᠲᠤᠭᠤᠷᠪᠢᠵᠤ᠂ ᠡᠨᠧᠷᠬᠢ ᠶ᠋ᠢᠨ ᠦᠢᠯᠡᠳᠪᠤᠷᠢᠯᠡᠯ᠂ ᠬᠡᠷᠡᠭᠯᠡᠭᠡ᠂ ᠬᠡᠯᠪᠡᠷᠢ ᠶ᠋ᠢᠨ ᠬᠤᠪᠢᠷᠠᠭᠤᠯᠤᠯᠳᠠ᠂ ᠵᠠᠬ᠎ᠠ ᠳᠡᠯᠭᠡᠭᠦᠷ᠂ ᠦᠷ᠎ᠠ ᠠᠰᠢᠭ ᠵᠡᠷᠭᠡ ᠤᠯᠠᠨ ᠬᠠᠷᠠᠭᠠᠰᠤ ᠶ᠋ᠢᠨ ᠦᠨᠡᠯᠡᠬᠦ ᠰᠢᠰᠲᠧᠮ ᠢ᠋ ᠰᠢᠨᠵᠢᠯᠡᠬᠦ ᠤᠬᠠᠭᠠᠨᠴᠢ ᠪᠡᠷ ᠴᠤᠭᠴᠠᠯᠠᠵᠤ᠂ ᠤᠯᠠᠮᠵᠢᠯᠠᠯᠳᠤ ᠡᠨᠧᠷᠬᠢ ᠶ᠋ᠢᠨ ᠳᠡᠰ ᠳᠡᠪᠰᠢᠯᠳᠡ᠂ ᠴᠡᠪᠡᠷ ᠡᠨᠧᠷᠬᠢ ᠳᠡᠢᠰᠢ ᠬᠡᠯᠪᠡᠷᠢ ᠪᠡᠨ ᠬᠤᠪᠢᠷᠠᠭᠤᠯᠬᠤ᠂ ᠠᠮᠢ ᠠᠬᠤᠢ ᠠᠵᠤ ᠠᠬᠤᠢ ᠶ᠋ᠢ ᠬᠠᠮᠵᠢᠯᠴᠠᠭᠤᠯᠤᠨ ᠬᠦᠭᠵᠢᠭᠦᠯᠬᠦ᠂ ᠤᠷᠤᠨ ᠪᠦᠰᠡ ᠶ᠋ᠢᠨ ᠡᠨᠧᠷᠬᠢ ᠶ᠋ᠢᠨ ᠦᠢᠯᠡᠴᠢᠯᠡᠭᠡ᠂ ᠠᠵᠤ ᠠᠬᠤᠢ ᠨᠡᠢᠭᠡᠮ ᠤ᠋ᠨ ᠬᠦᠭᠵᠢᠯᠳᠡ ᠵᠡᠷᠭᠡ 5 ᠶᠡᠬᠡ ᠬᠠᠷᠠᠭᠠᠰᠤ ᠡᠴᠡ ᠦᠪᠦᠷ ᠮᠤᠩᠭᠤᠯ ᠤ᠋ᠨ ᠡᠨᠧᠷᠬᠢ ᠶ᠋ᠢᠨ ᠠᠵᠤ ᠦᠢᠯᠡᠰ ᠤ᠋ᠨ ᠪᠦᠬᠦ ᠬᠡᠯᠬᠢᠶ᠎ᠠ ᠶ᠋ᠢᠨ ᠬᠦᠭᠵᠢᠯᠳᠡ ᠶ᠋ᠢᠨ ᠠᠮᠵᠢᠯᠳᠠ ᠪᠦᠲᠦᠮᠵᠢ ᠶ᠋ᠢ ᠰᠢᠰᠲᠧᠮ ᠲᠠᠢ ᠦᠨᠡᠯᠡᠵᠠᠢ᠃
ᠮᠡᠳᠡᠭᠦᠯᠤᠯᠳᠡ ᠳ᠋ᠤ᠂ 2024 ᠤᠨ ᠳ᠋ᠤ ᠦᠪᠦᠷ ᠮᠤᠩᠭᠤᠯ ᠤ᠋ᠨ ᠡᠨᠧᠷᠬᠢ ᠶ᠋ᠢᠨ ᠠᠵᠤ ᠠᠬᠤᠢ ᠶ᠋ᠢᠨ ᠴᠢᠨᠠᠷ ᠰᠠᠢᠳᠠᠢ ᠬᠦᠭᠵᠢᠯᠳᠡ ᠳ᠋ᠤ ᠬᠦᠴᠦᠨ ᠨᠡᠮᠡᠷᠢᠯᠡᠭᠰᠡᠨ ᠲᠠᠯ᠎ᠠ ᠪᠡᠷ 209.32ᠤᠨ ᠶᠡᠷᠦᠩᠬᠡᠢᠯᠡᠭᠰᠡᠨ ᠬᠤᠪᠢ ᠤᠯᠵᠤ᠂ 2023 ᠤᠨ ᠤ᠋ ᠬᠢ ᠡᠴᠡ 24.21% ᠪᠡᠷ ᠳᠡᠭᠡᠭᠰᠢᠯᠡᠪᠡ᠃ ᠡᠭᠦᠨ ᠳ᠋ᠤ ᠡᠯ᠎ᠠ ᠵᠦᠢᠯ ᠤ᠋ᠨ ᠬᠤᠪᠢᠶᠠᠷᠢ ᠵᠢᠭᠠᠯᠳᠠ ᠲᠤᠭ᠎ᠠ ᠨᠢ ᠴᠦᠮ ᠳᠤᠭᠳᠠᠭᠤᠨ ᠶ᠋ᠢᠡᠷ ᠳᠡᠭᠡᠭᠰᠢᠯᠡᠬᠦ ᠬᠠᠨᠳᠤᠰᠢ ᠪᠡᠨ ᠪᠠᠳᠤᠯᠠᠵᠠᠢ᠃ ᠦᠢᠯᠡᠳᠪᠤᠷᠢᠯᠡᠯ ᠤ᠋ᠨ ᠬᠦᠴᠦᠨ ᠤ᠋ ᠬᠤᠪᠢ ᠳ᠋ᠤ᠂ ᠦᠪᠦᠷ ᠮᠤᠩᠭᠤᠯ ᠤ᠋ᠨ ᠪᠤᠬᠢᠷᠳᠦᠯ ᠦᠭᠡᠢ ᠡᠨᠧᠷᠬᠢ ᠶ᠋ᠢᠨ ᠦᠢᠯᠡᠰ ᠡᠷᠴᠢᠮᠳᠠᠢ ᠬᠦᠭᠵᠢᠵᠦ᠂ 2024 ᠤᠨ ᠳ᠋ᠤ ᠰᠢᠨ᠎ᠠ ᠡᠨᠧᠷᠬᠢ ᠶ᠋ᠢᠨ ᠮᠠᠰᠢᠨ ᠴᠤᠭᠴᠠᠯᠠᠪᠤᠷᠢ ᠶ᠋ᠢᠨ ᠶᠡᠷᠦᠩᠬᠡᠢ ᠪᠠᠭᠳᠠᠭᠠᠮᠵᠢ ᠢᠯᠴᠢ ᠶ᠋ᠢᠨ ᠴᠠᠬᠢᠯᠭᠠᠨ ᠡᠴᠡ ᠳᠠᠪᠠᠵᠤ᠂ ᠰᠢᠨ᠎ᠠ ᠡᠨᠧᠷᠬᠢ ᠶ᠋ᠢᠨ ᠦᠢᠯᠡᠰ ᠴᠢᠨᠠᠷ ᠰᠠᠢᠳᠠᠢ ᠬᠦᠭᠵᠢᠯᠳᠠ ᠶ᠋ᠢ ᠪᠡᠶᠡᠯᠡᠭᠦᠯᠦᠨ᠂ ᠴᠡᠪᠡᠷ ᠡᠨᠧᠷᠬᠢ ᠶ᠋ᠢᠨ ᠬᠠᠩᠭᠠᠯᠭ᠎ᠠ ᠶ᠋ᠢᠨ ᠵᠢᠭᠠᠯᠳᠠ ᠲᠤᠭ᠎ᠠ ᠢᠯᠡᠳᠳᠡ ᠳᠡᠭᠡᠭᠰᠢᠯᠡᠵᠦ᠂ 2023 ᠤᠨ ᠤ᠋ ᠬᠢ ᠡᠴᠡ 44.5% ᠪᠡᠷ ᠳᠡᠭᠡᠭᠰᠢᠯᠡᠪᠡ; ᠬᠡᠷᠡᠭᠯᠡᠭᠡ ᠶ᠋ᠢᠨ ᠬᠤᠪᠢ ᠳ᠋ᠤ᠂ ᠦᠪᠦᠷ ᠮᠤᠩᠭᠤᠯ ᠰᠢᠨ᠎ᠠ ᠪᠠᠢᠳᠠᠯ ᠳᠤᠤᠷᠠᠬᠢ ᠪᠤᠬᠢᠷᠳᠦᠯ ᠦᠭᠡᠢ ᠴᠠᠬᠢᠯᠭᠠᠨ ᠢ᠋ ᠭᠠᠳᠠᠭᠰᠢ ᠬᠦᠷᠭᠡᠬᠦ ᠪᠠ ᠤᠷᠤᠨ ᠨᠤᠳᠤᠭ ᠲᠠᠭᠠᠨ ᠰᠢᠩᠭᠡᠭᠡᠬᠦ ᠬᠤᠶᠠᠷ ᠲᠠᠯ᠎ᠠ ᠶ᠋ᠢᠨ ᠠᠵᠢᠯ ᠢ᠋ ᠨᠢᠭᠡᠳᠦᠯᠳᠠᠢ ᠲᠦᠯᠦᠪᠵᠢᠭᠦᠯᠦᠨ ᠰᠠᠢᠳᠦᠷ ᠠᠬᠢᠭᠤᠯᠵᠤ᠂ ᠰᠢᠨ᠎ᠠ ᠬᠡᠯᠪᠡᠷᠢ ᠶ᠋ᠢᠨ ᠡᠨᠧᠷᠬᠢ ᠶ᠋ᠢᠨ ᠰᠢᠰᠲ᠋ᠧᠮ ᠢ᠋ ᠱᠠᠯᠠᠪᠳᠠᠨ ᠪᠠᠢᠭᠤᠯᠵᠤ᠂ 2024 ᠤᠨ ᠳ᠋ᠤ ᠪᠠᠭ᠎ᠠ ᠨᠡᠭᠦᠷᠡᠰᠦᠳ᠋ᠦ᠋ᠷᠦᠭᠴᠢᠳᠤ ᠡᠨᠧᠷᠬᠢ ᠶ᠋ᠢᠨ ᠬᠡᠷᠡᠭᠯᠡᠭᠡ ᠶ᠋ᠢᠨ ᠵᠢᠭᠠᠯᠳᠠ ᠲᠤᠭ᠎ᠠ ᠳᠤᠭᠳᠠᠭᠤᠨ ᠶ᠋ᠢᠡᠷ ᠳᠡᠭᠡᠭᠰᠢᠯᠡᠬᠦ ᠬᠠᠨᠳᠤᠰᠢ ᠶ᠋ᠢ ᠪᠠᠳᠤᠯᠠᠨ᠂ 2023 ᠤᠨ ᠤ᠋ ᠬᠢ ᠡᠴᠡ 3.03% ᠪᠡᠷ ᠳᠡᠭᠡᠭᠰᠢᠯᠡᠵᠠᠢ;ᠬᠡᠯᠪᠡᠷᠢ ᠶ᠋ᠢᠨ ᠬᠤᠪᠢᠷᠠᠯᠳᠠ ᠶ᠋ᠢᠨ ᠬᠤᠪᠢ ᠳ᠋ᠤ᠂ ᠦᠪᠦᠷ ᠮᠤᠩᠭᠤᠯ ᠤ᠋ᠨ ᠰᠢᠨ᠎ᠠ ᠡᠨᠧᠷᠬᠢ ᠶ᠋ᠢᠨ ᠨᠡᠭᠡᠭᠡᠯᠳᠡ ᠪᠦᠲᠦᠭᠡᠨ ᠪᠠᠢᠭᠤᠯᠤᠯᠳᠠ᠂ ᠪᠡᠯᠡ ᠤᠷᠤᠭᠤᠯᠤᠯᠳᠠ ᠬᠠᠮᠳᠤᠷᠠᠯᠴᠠᠭ᠎ᠠ ᠵᠢᠴᠢ ᠪᠤᠬᠢᠷᠳᠦᠯ ᠦᠭᠡᠢ ᠴᠠᠬᠢᠯᠭᠠᠨ ᠢ᠋ ᠰᠢᠩᠭᠡᠭᠡᠬᠦ ᠳᠤᠭᠳᠠᠴᠠ ᠲᠠᠰᠤᠷᠠᠯᠳᠠ ᠦᠭᠡᠢ ᠲᠡᠭᠦᠯᠳᠡᠷᠵᠢᠵᠦ᠂ ᠨᠡᠭᠦᠷᠡᠰᠦ ᠶ᠋ᠢ ᠠᠷᠢᠭᠤᠨ ᠴᠡᠪᠡᠷ ᠦᠨᠳᠦᠷ ᠪᠦᠲᠦᠮᠵᠢᠳᠠᠢ ᠠᠰᠢᠭᠯᠠᠬᠤ ᠳᠤᠭᠳᠠᠴᠠ ᠪᠠ ᠴᠠᠬᠢᠯᠭᠠᠨ ᠬᠦᠴᠦᠨ ᠤ᠋ ᠵᠠᠬ᠎ᠠ ᠳᠡᠯᠭᠡᠭᠦᠷ ᠤ᠋ᠨ ᠳᠤᠭᠳᠠᠴᠠ ᠲᠠᠰᠤᠷᠠᠯᠳᠠ ᠦᠭᠡᠢ ᠰᠢᠯᠢᠳᠡᠭᠵᠢᠨ᠂ 2024 ᠤᠨ ᠤ᠋ ᠪᠠᠢᠭᠤᠯᠤᠮᠵᠢ ᠶ᠋ᠢᠨ ᠰᠢᠯᠢᠳᠡᠭᠵᠢᠯᠳᠡ ᠶ᠋ᠢᠨ ᠵᠢᠭᠠᠯᠳᠠ ᠲᠤᠭ᠎ᠠ ᠨᠢ 2023 ᠤᠨ ᠤ᠋ ᠡᠬᠢ ᠡᠴᠡ 9.4% ᠪᠡᠷ ᠳᠡᠭᠡᠭᠰᠢᠯᠡᠪᠡ; ᠵᠠᠬ᠎ᠠ ᠳᠡᠯᠭᠡᠭᠦᠷ ᠤ᠋ᠨ ᠬᠤᠪᠢ ᠳ᠋ᠤ᠂ ᠦᠪᠦᠷ ᠮᠤᠩᠭᠤᠯ ᠤ᠋ᠨ ᠨᠡᠭᠦᠷᠡᠰᠦ ᠶ᠋ᠢ ᠭᠠᠳᠠᠭᠰᠢ ᠵᠦᠭᠡᠭᠡᠪᠤᠷᠢᠯᠡᠬᠦ ᠬᠡᠮᠵᠢᠶ᠎ᠠ ᠨᠢ ᠪᠦᠬᠦ ᠤᠯᠤᠰ ᠤ᠋ᠨ ᠮᠤᠵᠢ ᠠᠯᠤᠰᠯᠠᠭᠰᠠᠨ ᠭᠠᠳᠠᠭᠰᠢ ᠵᠦᠭᠡᠭᠡᠪᠤᠷᠢᠯᠡᠬᠦ ᠬᠡᠮᠵᠢᠶ᠎ᠠ ᠶ᠋ᠢᠨ 1/3 ᠶ᠋ᠢ ᠡᠵᠡᠯᠡᠵᠦ᠂ ᠭᠠᠳᠠᠭᠰᠢ ᠬᠦᠷᠭᠡᠭᠰᠡᠨ ᠴᠠᠬᠢᠯᠭᠠᠨ ᠤ᠋ ᠬᠡᠮᠵᠢᠶ᠎ᠠ ᠨᠢ ᠪᠦᠬᠦ ᠤᠯᠤᠰ ᠤ᠋ᠨ ᠮᠤᠵᠢ ᠠᠯᠤᠰᠯᠠᠭᠰᠠᠨ ᠭᠠᠳᠠᠭᠰᠢ ᠬᠦᠷᠭᠡᠭᠰᠡᠨ ᠴᠠᠬᠢᠯᠭᠠᠨ ᠤ᠋ ᠬᠡᠮᠵᠢᠶ᠎ᠠ ᠶ᠋ᠢᠨ1/6 ᠶ᠋ᠢ ᠡᠵᠡᠯᠡᠪᠠ᠃ ᠡᠭᠦᠨ ᠳ᠋ᠤ ᠮᠤᠩᠭᠤᠯ ᠤᠯᠤᠰ ᠲᠤ᠌ ᠴᠠᠬᠢᠯᠭᠠᠨ ᠬᠦᠷᠭᠡᠬᠦ ᠱᠤᠭᠤᠮ ᠢ᠋ 9 ᠵᠤᠷᠪᠤᠰ ᠪᠠᠢᠭᠤᠯᠵᠤ᠂ 《ᠠᠷᠪᠠᠨ ᠳᠦᠷᠪᠡᠳᠦᠭᠡᠷ ᠳᠠᠪᠤᠨ ᠵᠢᠯ》 ᠳ᠋ᠤ ᠮᠤᠩᠭᠤᠯ ᠤᠯᠤᠰ ᠲᠤ᠌ ᠨᠡᠢᠳᠡ160 ᠳ᠋ᠦᠩᠰᠢᠭᠤᠷ ᠺᠢᠯᠤᠸᠠᠲ ᠴᠠᠭ ᠤ᠋ᠨ ᠴᠠᠬᠢᠯᠭᠠᠨ ᠪᠤᠷᠤᠯᠠᠭᠤᠯᠤᠨ᠂ 2024 ᠤᠨ ᠤ᠋ ᠤᠯᠠᠨ ᠤᠯᠤᠰ ᠤ᠋ᠨ ᠬᠠᠮᠳᠤᠷᠠᠯᠴᠠᠭ᠎ᠠ ᠶ᠋ᠢᠨ ᠵᠢᠭᠠᠯᠳᠠ ᠲᠤᠭ᠎ᠠ ᠦᠷᠭᠦᠯᠵᠢᠯᠡᠨ ᠳᠡᠭᠡᠭᠰᠢᠯᠡᠵᠦ᠂ 2023 ᠤᠨ ᠤ᠋ ᠬᠢ ᠡᠴᠡ 16.18% ᠪᠡᠷ ᠳᠡᠭᠡᠭᠰᠢᠯᠡᠵᠠᠢ; ᠦᠷ᠎ᠠ ᠠᠰᠢᠭ ᠤ᠋ᠨ ᠬᠤᠪᠢ ᠳ᠋ᠤ᠂ 2024 ᠤᠨ ᠳ᠋ᠤ ᠦᠪᠦᠷ ᠮᠤᠩᠭᠤᠯ ᠤ᠋ᠨ ᠬᠡᠪᠴᠢᠶᠠᠵᠢᠯ ᠡᠴᠡ ᠳᠡᠭᠡᠭᠰᠢᠬᠢ ᠡᠨᠧᠷᠬᠢ ᠶ᠋ᠢᠨ ᠠᠵᠤ ᠦᠢᠯᠡᠳᠪᠤᠷᠢ ᠶ᠋ᠢᠨ ᠨᠡᠮᠡᠭᠳᠡᠯ ᠦᠷᠳᠡᠭ ᠤ᠋ᠨ ᠬᠡᠪᠴᠢᠶᠠᠵᠢᠯ ᠡᠴᠡ ᠳᠡᠭᠡᠭᠰᠢᠬᠢ ᠠᠵᠤ ᠦᠢᠯᠡᠳᠪᠤᠷᠢ ᠶ᠋ᠢᠨ ᠨᠡᠮᠡᠭᠳᠡᠯ ᠦᠷᠳᠡᠭ ᠤ᠋ᠨ ᠨᠡᠮᠡᠭᠳᠡᠯ ᠳ᠋ᠤ ᠦᠵᠡᠭᠦᠯᠦᠭᠰᠡᠨ ᠬᠤᠪᠢ ᠨᠡᠮᠡᠷᠢ ᠨᠢ 51.8% ᠳ᠋ᠤ ᠬᠦᠷᠴᠤ᠂ ᠪᠦᠬᠦ ᠦᠪᠦᠷ ᠮᠤᠩᠭᠤᠯ ᠤ᠋ᠨ ᠠᠵᠤ ᠦᠢᠯᠡᠳᠪᠤᠷᠢ ᠶ᠋ᠢᠨ ᠨᠡᠮᠡᠭᠳᠡᠯ ᠦᠷᠳᠡᠭ ᠢ᠋ ᠲᠦᠮᠡᠨ ᠳ᠋ᠦᠩᠰᠢᠭᠤᠷ ᠲᠦᠭᠦᠷᠢᠭ ᠤ᠋ᠨ ᠪᠤᠭᠤᠮᠳᠠ ᠶ᠋ᠢ ᠳᠠᠪᠠᠭᠤᠯᠤᠭᠰᠠᠨ ᠭᠤᠤᠯᠯᠠᠬᠤ ᠬᠦᠴᠦᠨ ᠪᠤᠯᠪᠠ᠃ ᠡᠭᠦᠨ ᠤ᠋ ᠬᠠᠮᠳᠤ ᠪᠦᠬᠦ ᠤᠷᠤᠨ ᠤ᠋ ᠰᠢᠨ᠎ᠠ ᠡᠨᠧᠷᠬᠢ ᠶ᠋ᠢᠨ ᠲᠤᠨᠤᠭᠯᠠᠯ ᠦᠢᠯᠡᠳᠬᠦ ᠦᠢᠯᠡᠰ ᠤ᠋ᠨ ᠨᠡᠮᠡᠭᠳᠡᠯ ᠦᠷᠳᠡᠭ 42.4% ᠪᠡᠷ ᠨᠡᠮᠡᠭᠳᠡᠵᠦ᠂ ᠪᠦᠬᠦ ᠤᠷᠤᠨ ᠤ᠋ ᠠᠵᠤ ᠦᠢᠯᠡᠳᠪᠤᠷᠢ ᠶ᠋ᠢᠨ ᠠᠵᠤ ᠠᠬᠤᠢ ᠶ᠋ᠢᠨ ᠨᠡᠮᠡᠭᠳᠡᠯ ᠢ᠋ ᠡᠷᠴᠢᠮᠳᠠᠢ ᠠᠬᠢᠭᠤᠯᠪᠠ᠃ ᠪᠦᠬᠦ ᠤᠷᠤᠨ ᠤ᠋ ᠡᠨᠧᠷᠬᠢ ᠶ᠋ᠢᠨ ᠠᠵᠢᠯ ᠲᠦᠷᠦᠯ ᠤ᠋ᠨ ᠠᠰᠢᠭ ᠤᠯᠵᠠᠪᠤᠷᠢ ᠨᠢ ᠪᠦᠬᠦ ᠤᠷᠤᠨ ᠤ᠋ ᠬᠡᠪᠴᠢᠶᠠᠵᠢᠯ ᠡᠴᠡ ᠳᠡᠭᠡᠭᠰᠢᠬᠢ ᠠᠵᠤ ᠦᠢᠯᠡᠳᠪᠤᠷᠢ ᠶ᠋ᠢᠨ 78% ᠶ᠋ᠢ ᠡᠵᠡᠯᠡᠵᠦ᠂ ᠪᠦᠬᠦ ᠤᠷᠤᠨ ᠤ᠋ ᠠᠵᠤ ᠦᠢᠯᠡᠳᠪᠤᠷᠢ ᠶ᠋ᠢᠨ ᠠᠵᠤ ᠠᠬᠤᠢ ᠶ᠋ᠢᠨ ᠴᠢᠨᠠᠷ ᠰᠠᠢᠳᠠᠢ ᠬᠦᠭᠵᠢᠯᠳᠡ ᠳ᠋ᠤ ᠡᠷᠴᠢᠮᠳᠠᠢ ᠦᠷ᠎ᠠ ᠠᠰᠢᠭ ᠤ᠋ᠨ ᠲᠤᠯᠭᠠᠭᠤᠷᠢᠯᠠᠯ ᠬᠠᠩᠭᠠᠭᠰᠠᠨ ᠪᠠᠢᠨ᠎ᠠ ᠭᠡᠪᠠ᠃