12 ᠰᠠᠷ᠎ᠠ᠎ᠶ᠋ᠢᠨ 8᠎ᠤ᠋ ᠡᠳᠦᠷ᠂ ᠤᠯᠠᠭᠠᠨᠴᠠᠪ ᠬᠤᠳᠠ᠎ᠠᠴᠠ ᠪᠠᠶᠠᠷ᠎ᠤᠨ ᠴᠢᠮᠡᠭᠡ ᠲᠤᠭᠤᠯᠳᠠᠯ᠎ᠠ᠄ 3 ᠵᠢᠯ᠎ᠦᠨ ᠲᠤᠷᠰᠢ ᠲᠠᠷᠢᠬᠤ ᠬᠦᠷᠦᠰᠤ ᠰᠢᠷᠤᠢ ᠵᠢ ᠰᠤᠡᠭᠭᠤᠬᠤ᠂ ᠰᠠᠯᠬᠢᠨ ᠳ᠋ᠤ ᠳᠠᠭᠠᠭᠠᠪᠤᠷᠢ᠎ᠲᠠᠢ ᠬᠦᠯᠡᠮᠵᠢ ᠵᠢ ᠡᠭᠦᠳᠬᠦ᠂ ᠦᠷ᠎ᠡ ᠰᠣᠩᠭᠣᠬᠤ ᠵᠡᠷᠭᠡ ᠵᠠᠭᠤ ᠭᠠᠷᠤᠢ ᠤᠳᠠᠭᠠᠨ᠎ᠤ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠂ ᠲᠡᠰ ᠲᠡᠪᠰᠢᠭᠦᠯᠦᠨ ᠰᠠᠢᠵᠢᠷᠠᠭᠤᠯᠬᠤ ᠲᠤᠷᠱᠢᠯᠲᠠ᠎ᠪᠠᠷ ᠳᠠᠮᠵᠢᠨ᠂ ᠡᠴᠦᠰ᠎ᠲᠡᠬᠡᠨ ᠳᠥᠷᠪᠡᠳ ᠬᠣᠱᠢᠭᠤᠨ᠎ᠤ 104 ᠺᠢᠯᠤᠮᠸᠲᠷ᠎ᠤᠨ ᠳᠤᠮᠳᠠᠳᠤ ᠮᠣᠩᠭᠣᠯ᠎ᠤᠨ ᠬᠢᠯᠢ᠎ᠶ᠋ᠢᠨ ᠱᠤᠭᠤᠮ᠎ᠳᠡᠬᠢ 321 ᠡᠷᠦᠭᠡ ᠵᠢᠨ ᠬᠢᠯᠢ᠎ᠶ᠋ᠢᠨ ᠮᠠᠯᠴᠢᠤᠨ ᠲᠦᠷᠪᠡᠨ ᠤᠯᠠᠷᠢᠯ᠎ᠳᠤ ᠢᠳᠡᠱᠢᠨ ᠨᠣᠭᠣᠭ᠎ᠠ ᠪᠡᠨ ᠦᠪᠡᠰᠤᠪᠠᠨ ᠬᠠᠡᠭᠭᠠᠵᠤ ᠲᠡᠢᠯᠬᠦ ᠪᠤᠯᠵᠤ᠂ 《ᠡᠪᠦᠯ᠎ᠦᠨ ᠤᠯᠠᠷᠢᠯ᠎ᠳᠤ ᠰᠣᠷᠭᠣᠭ ᠢᠳᠡᠱᠢᠨ ᠨᠣᠭᠣᠭ᠎ᠠ᠎ᠵᠢ ᠥᠪᠡᠷ᠎ᠢᠶᠡᠨ ᠬᠠᠨᠭᠭᠠᠬᠤ》 ᠲᠡᠦᠬᠡᠲᠦ ᠴᠢᠨᠠᠷᠲᠠᠢ ᠱᠢᠪᠲᠤᠯᠤᠯᠲᠠ ᠵᠢ ᠪᠡᠶᠡᠯᠡᠭᠦᠯᠪᠠ᠃
ᠥᠪᠥᠷ ᠮᠣᠩᠭᠣᠯ᠎ᠤᠨ 20 ᠬᠢᠯᠢ᠎ᠶ᠋ᠢᠨ ᠬᠣᠱᠢᠭᠤ ᠬᠣᠲᠠ᠎ᠶ᠋ᠢᠨ ᠨᠢᠭᠡ ᠪᠤᠯᠬᠤ ᠳᠥᠷᠪᠡᠳ ᠬᠣᠱᠢᠭᠤ ᠪᠠᠢᠭᠠᠯᠢ᠎ᠶ᠋ᠢᠨ ᠨᠥᠬᠥᠴᠡᠯ ᠪᠠᠷᠤᠭᠲᠠᠢ ᠭᠣᠪᠢ ᠨᠤᠲᠤᠭ᠎ᠲᠤ ᠣᠷᠣᠱᠢᠨ᠂ ᠬᠠᠬᠢᠷ ᠬᠦᠶ᠋ᠲᠡᠨ᠂ ᠭᠠᠩ ᠬᠠᠭᠤᠷᠠᠶ᠂ ᠰᠠᠯᠬᠢ ᠶᠡᠬᠡ᠂ ᠬᠢᠷᠠᠭᠤ ᠥᠬᠡᠶ ᠬᠤᠭᠤᠴᠠᠭ᠎ᠠ ᠣᠬᠣᠷ ᠪᠠᠢᠵᠤ᠂ ᠬᠢᠯᠢ ᠵᠢᠨ ᠮᠠᠯᠴᠢᠳ ᠪᠥᠬᠥ᠌ ᠵᠢᠯ ᠵᠢᠡᠷ ᠵᠢᠡᠨ ᠰᠣᠷᠭᠣᠭ ᠢᠳᠡᠱᠢᠨ ᠨᠣᠭᠣᠭᠠᠤᠯᠵᠤ ᠢᠳᠡᠬᠦ᠎ᠳᠤ ᠬᠦᠴᠢᠷ ᠪᠠᠢᠵᠠᠢ᠃
《ᠤᠮᠠᠷᠠᠲᠤ ᠬᠢᠯᠢ᠎ᠶ᠋ᠢᠨ ᠵᠢᠱ᠌ᠢᠶᠡᠴᠢ》᠂ ᠤᠯᠠᠭᠠᠨᠴᠠᠪ ᠬᠣᠲᠠ᠎ᠶ᠋ᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠲᠣᠪᠴᠢᠶ᠎ᠠ᠎ᠶ᠋ᠢᠨ ᠬᠦᠶ᠋ᠲᠡᠨ ᠰᠡᠷᠢᠭᠦᠨ ᠢᠳᠡᠱᠢᠨ ᠨᠣᠭᠣᠭ᠎ᠠ ᠵᠢᠨ ᠠᠺᠠᠳᠧᠮᠢᠴᠢ᠎ᠶ᠋ᠢᠨ ᠠᠵᠢᠯ᠎ᠤᠨ ᠥᠷᠲᠡᠭᠡᠨ᠎ᠤ ᠰᠤᠳᠤᠯᠤᠭ᠍ᠴᠢ ᠭᠤᠸᠠᠨ ᠬᠣᠶ ᠮᠢᠩ ᠤᠯᠤᠰ᠎ᠤᠨ 《ᠬᠢᠯᠢ ᠬᠢᠵᠠᠭᠠᠷ ᠣᠷᠣᠨ᠎ᠢ ᠬᠥᠭ᠌ᠵᠢᠭᠦᠯᠦᠨ ᠠᠷᠠᠳ᠎ᠢ ᠪᠠᠶᠠᠵᠢᠭᠤᠯᠬᠤ》᠂ 《ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢᠶᠡᠷ ᠮᠠᠯᠴᠢᠨ ᠲᠠᠷᠢᠶᠠᠴᠢᠨ ᠳ᠋ᠤ ᠠᠱᠢᠭ ᠬᠦᠷᠲᠡᠭᠡᠬᠦ᠌》 ᠪᠠᠢᠯᠳᠤᠬᠤ ᠪᠣᠳᠣᠯᠭ᠎ᠠ᠎ᠶ᠋ᠢ ᠴᠤᠤᠷᠢᠶᠠᠲᠤᠨ ᠳᠠᠭᠠᠵᠤ᠂ ᠰᠠᠢᠨ ᠲᠤᠷ᠎ᠠ ᠡᠴᠡ ᠪᠠᠨ ᠬᠠᠷᠢᠭᠤᠴᠠᠯᠭ᠎ᠠ ᠡᠭᠦᠷᠭᠡᠯᠡᠨ᠂ 《ᠬᠢᠯᠢ ᠬᠢᠵᠠᠭᠠᠷ᠎ᠢ ᠰᠠᠬᠢᠨ ᠬᠠᠮᠠᠭᠠᠯᠠᠬᠤ ᠮᠠᠯᠴᠢᠳ᠎ᠲᠤ ᠰᠣᠷᠭᠣᠭ ᠢᠳᠡᠱᠢᠨ ᠨᠣᠭᠣᠭ᠎ᠠ ᠢᠳᠡᠭᠦᠯᠬᠦ᠌ᠪᠡᠷ ᠠᠮᠠᠯᠳᠠᠨ》 ᠢᠳᠡᠪᠬᠢᠲᠡᠶ ᠴᠢᠷᠮᠠᠢᠬᠰᠠᠨ ᠡᠴᠡ ᠤᠯᠠᠭᠠᠨᠴᠠᠪ ᠬᠣᠲᠠ᠎ᠶ᠋ᠢᠨ ᠨᠠᠮ᠎ᠤᠨ ᠬᠣᠷᠢᠶ᠎ᠠ ᠵᠢᠨ ᠨᠢᠭᠡᠳᠦᠮᠡᠯ ᠹᠷᠣᠨᠲ᠎ᠤᠨ ᠬᠡᠯᠲᠡᠰ ᠲᠦᠷᠦᠭᠦᠯᠡᠨ᠂ ᠳᠥᠷᠪᠡᠳ ᠬᠣᠱᠢᠭᠤᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ ᠬᠠᠷᠢᠭᠤᠴᠠᠨ ᠬᠡᠷᠡᠭ᠌ᠵᠢᠭᠦᠯᠵᠦ᠍᠂ ᠤᠯᠠᠭᠠᠨᠴᠠᠪ ᠬᠣᠲᠠ᠎ᠶ᠋ᠢᠨ ᠠᠵᠢᠯᠴᠢᠨ᠎ᠤ ᠶᠡᠷᠦᠩᠬᠡᠶ ᠡᠪᠯᠡᠯ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠂ ᠦᠶ᠋ᠯᠡᠳᠪᠦᠷᠢ ᠬᠤᠳᠠᠯᠳᠤᠭᠠᠨ᠎ᠤ ᠬᠣᠯᠪᠣᠭ᠎ᠠ᠂ ᠡᠮᠡᠭ᠌ᠲᠡᠢᠴᠦᠳ᠎ᠦᠨ ᠬᠣᠯᠪᠣᠭ᠎ᠠ ᠵᠢᠴᠢ ᠥᠪᠡᠷᠲᠡᠭᠡᠨ ᠵᠠᠰᠠᠬᠤ ᠣᠷᠣᠨ᠎ᠤ 《9·3》 ᠵᠢᠨ ᠡᠷᠳᠡᠮ ᠱᠢᠨᠵᠢᠯᠡᠭᠡᠨ᠎ᠦ ᠨᠡᠢᠭᠡᠮᠯᠢᠭ ᠵᠡᠷᠭᠡ ᠣᠯᠠᠨ ᠰᠠᠯᠠᠭ᠎ᠠ ᠮᠥᠴᠢᠷ ᠬᠠᠮᠵᠢᠯᠴᠠᠨ ᠬᠦᠴᠦᠯᠡᠵᠦ᠍᠂ ᠨᠡᠢᠲᠡ 816 ᠲᠦᠮᠡᠨ ᠲᠦᠭᠦᠷᠢᠭ᠎ᠤᠨ ᠪᠡᠯᠡ ᠤᠷᠤᠭᠤᠯᠤᠨ᠂ ︽ᠢᠳᠡᠰᠢᠨ ᠨᠤᠭᠤᠭ᠎ᠠ ᠬᠠᠩᠭᠠᠬᠤ ᠠᠵᠢᠯᠯᠠᠭ᠎ᠠ︾ ᠦᠷᠨᠢᠭᠦᠯᠵᠠᠢ᠃ ᠣᠳᠣᠬᠠᠨ᠎ᠳᠤ ᠲᠤᠰ ᠬᠣᠱᠢᠭᠤᠨ᠎ᠤ ᠬᠢᠯᠢ᠎ᠶ᠋ᠢᠨ ᠬᠠᠮᠠᠭᠠᠯᠠᠯᠲᠠ᠎ᠶ᠋ᠢᠨ 321 ᠡᠷᠦᠬᠡ᠎ᠶ᠋ᠢᠨ 324 ᠬᠦᠯᠡᠮᠵᠢ᠎ᠶ᠋ᠢ ᠪᠦᠬᠦᠨ ᠢ᠋ ᠪᠠᠢᠭᠤᠯᠤᠨ ᠲᠠᠭᠤᠰᠬᠠᠭᠠᠳ ᠠᠰᠢᠭᠯᠠᠯᠲᠠ ᠳ᠋ᠤ ᠤᠷᠤᠭᠤᠯᠤᠭᠰᠠᠨ ᠪᠠᠢᠨ᠎ᠠ᠃
ᠡᠪᠦᠯ ᠳᠥᠷᠪᠡᠳ᠎ᠤᠨ ᠲᠠᠯ᠎ᠠ᠎ᠳᠤ ᠰᠠᠯᠬᠢ ᠬᠠᠤ᠎ᠬᠢᠨ ᠲᠡᠰᠬᠢᠮ᠎ᠡ ᠬᠦᠢᠲᠡᠨ ᠪᠠᠢᠬᠤᠳ᠋ᠤ ᠬᠢᠯᠢ᠎ᠠᠴᠠ 7 ᠺᠢᠯᠣᠮᠧᠲ᠋ᠷ ᠵᠠᠢᠲᠠᠶ ᠪᠠᠢᠭ᠎ᠠ ᠵᠠᠡᠭᠭᠠᠨ ᠰᠤᠮᠤᠨ᠎ᠤ ᠡᠷᠳᠡᠨᠢ ᠭᠠᠴᠠᠭᠠᠨ᠎ᠤ ᠬᠢᠯᠢ᠎ᠶ᠋ᠢᠨ ᠮᠠᠯᠴᠢᠨ ᠰᠡᠴᠡᠨᠪᠢᠯᠢᠭ᠎ᠦᠨ 23 ᠲᠡᠭ᠌ᠰᠢ ᠳᠥᠷᠪᠡᠯᠵᠢᠨ ᠮᠧᠲ᠋ᠷ᠎ᠦᠨ ᠬᠦᠯᠡᠮᠵᠢᠨ᠎ᠳᠦ ᠬᠠᠷᠢᠨ ᠬᠠᠪᠤᠷ᠎ᠤᠨ ᠤᠷᠢᠨ ᠰᠢᠬ ᠲᠤᠯᠠᠭᠠᠬᠠᠨ ᠪᠠᠢᠵᠤ᠂ ᠲᠥᠪᠡᠳ ᠬᠠᠰᠢ ᠵᠠᠯ᠎ᠠ ᠪᠠᠨ ᠳᠠᠭᠠᠭᠠᠵᠤ ᠶᠠᠳᠠᠳᠠᠯ᠎ᠠ ᠰᠠᠭᠤᠵᠤ᠂ ᠤᠷᠲᠤ ᠪᠤᠷᠤ ᠬᠠᠰᠢ ᠤᠨᠵᠠᠢᠨ ᠤᠷᠭᠤᠨ᠎ᠠ᠃ 63 ᠨᠠᠰᠤᠲᠠᠢ ᠰᠠᠴᠡᠨᠪᠢᠯᠢᠭ᠄ 《ᠲᠥᠪᠡᠳ ᠬᠠᠰᠢ ᠠᠩᠬ᠎ᠠ ᠪᠣᠯᠪᠠᠰᠤᠷᠠᠬᠤ᠎ᠳᠤ ᠪᠢ ᠲᠠᠭᠦᠵᠤ ᠠᠪᠤᠭᠠᠳ ᠭᠠᠷ᠎ᠲᠠᠭᠠᠨ ᠤᠳᠠᠳᠠᠯ᠎ᠠ ᠪᠠᠷᠢᠵᠦ ᠰᠢᠨᠵᠢᠯᠠ᠂ ᠢᠳᠡᠬᠦ ᠡᠴᠡ ᠪᠠᠨ ᠬᠠᠢᠷᠠᠯᠠᠮᠠᠷ ᠡ! ᠮᠠᠨ᠎ᠤ ᠡᠨᠳᠡ ᠰᠠᠯᠬᠢ ᠶᠡᠬᠡ᠂ ᠭᠤᠸᠠᠨ ᠪᠠᠭ᠍ᠰᠢ ᠲᠡᠳᠡᠨᠦᠰ ᠮᠠᠨᠢ ᠬᠠᠪᠰᠤᠷᠤᠨ ᠢᠳᠡᠱᠢᠨ ᠨᠣᠭᠣᠭᠠᠨ᠎ᠤ ᠬᠦᠯᠡᠮᠵᠢ ᠪᠠᠢᠭᠤᠯᠵᠤ ᠦᠭᠴᠠᠢ᠃ ᠲᠦᠷᠦᠬᠦᠦ ᠤᠳᠠᠭ᠎ᠠ ᠪᠠᠢᠭᠤᠯᠬᠤ ᠳ᠋ᠤ ᠬᠦᠯᠡᠮᠵᠢ ᠰᠠᠯᠬᠢᠨ᠎ᠳᠤ ᠬᠡᠢᠰᠦᠭᠡᠳ ᠶᠠᠪᠤᠴᠢᠬᠠᠭᠰᠠᠨ ᠁ ᠢᠢᠨ ᠬᠦ᠌ ᠪᠠᠢᠭᠤᠯᠵᠤ ᠡᠪᠳᠡᠵᠤ 9 ᠤᠳᠠᠭ᠎ᠠ ᠲᠤᠷᠰᠢᠮᠠᠨᠵᠢᠨ ᠰᠠᠶᠢ ᠤᠳᠤ ᠵᠢᠨ ᠬᠦᠯᠡᠮᠵᠢ ᠪᠠᠨ ᠪᠤᠰᠬᠠᠯ᠎ᠠ᠃ ᠬᠦᠯᠡᠮᠵᠢ ᠪᠠᠢᠭᠤᠯᠬᠤ ᠶᠠᠪᠤᠴᠠ ᠳ᠋ᠤ ᠭᠤᠸᠠᠨ ᠪᠠᠭᠰᠢ ᠲᠡᠳᠡᠨᠤᠰ ᠮᠠᠨ ᠤ᠋ ᠬᠢᠨ ᠳ᠋ᠤ 19 ᠤᠳᠠᠭ᠎ᠠ ᠢᠷᠡᠭᠰᠡᠨ ᠰᠢᠦ᠂ ᠡᠨᠡ ᠵᠢᠵᠢᠭ ᠢᠳᠡᠰᠢᠨ ᠨᠤᠭᠤᠭ᠎ᠠ ᠵᠢᠨ ᠬᠦᠯᠡᠮᠵᠢ ᠵᠢᠯ᠎ᠳᠦ ᠰᠠᠶᠢ 4 ᠲᠣᠨ ᠣᠷᠴᠢᠮ ᠤᠰᠤ ᠬᠡᠷᠡᠭ᠌ᠯᠡᠨ᠎ᠡ᠂ ᠦᠨᠡᠬᠡᠷ ᠤᠰᠤᠨ᠎ᠳᠤ ᠠᠷᠪᠢᠲᠠᠢ》 ᠬᠡᠵᠤ ᠶᠠᠷᠢᠨ᠎ᠠ᠃
ᠭᠤᠸᠠᠨ ᠬᠤᠢ ᠮᠢᠩ᠎ᠦᠨ ᠪᠦᠯᠬᠦᠮ ᠳᠥᠷᠪᠡᠳ ᠬᠣᠱᠢᠭᠤᠨ᠎ᠤ ᠬᠢᠯᠢ ᠬᠢᠵᠠᠭᠠᠷ ᠣᠷᠣᠨ᠎ᠤ ᠠᠮᠢᠳᠤᠷᠠᠯ᠎ᠤᠨ ᠨᠥᠬᠥᠴᠡᠯ᠎ᠳᠦ ᠴᠢᠭ᠌ᠯᠡᠭᠦᠯᠦᠨ᠂ ᠴᠥᠬᠥᠷᠡᠰᠢ ᠥᠬᠡᠶ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠪᠣᠭᠣᠮᠲᠠ ᠱᠢᠪᠲᠤᠯᠤᠭᠰᠠᠨᠤ ᠠᠴᠢ ᠪᠡᠷ ᠭᠣᠪᠢ᠎ᠶ᠋ᠢᠨ ᠮᠠᠯᠴᠢᠳ ᠦᠪᠡᠰᠤᠪᠠᠨ ᠲᠠᠷᠢᠬᠰᠠᠨ ᠰᠣᠷᠭᠣᠭ ᠨᠣᠭᠣᠭ᠎ᠠ ᠤᠯᠵᠤ ᠢᠳᠡᠭᠦ ᠪᠤᠯᠵᠠᠢ᠃ ᠡᠨᠡ ᠬᠦ᠌ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠦᠨ ᠦᠷ᠎ᠠ ᠪᠦᠲᠦᠭᠡᠯ᠎ᠳᠦ ᠤᠯᠤᠰ ᠤ᠋ᠨ ᠲᠤᠳᠤᠭᠠᠳᠤ ᠵᠢᠨ ᠰᠢᠨ᠎ᠠ ᠵᠢ ᠡᠭᠦᠳᠦᠭᠰᠡᠨ ᠠᠷᠪᠢᠨ ᠦᠷ᠎ᠠ ᠪᠦᠲᠦᠭᠡᠯ ᠢ᠋ ᠪᠠᠭᠳᠠᠭᠠᠵᠤ ᠪᠠᠢᠨ᠎ᠠ᠃ ᠬᠦᠯᠡᠮᠵᠢ ᠪᠡᠷ ᠵᠢᠱ᠌ᠢᠶᠡᠯᠡᠪᠡᠯ᠂ ᠠᠩᠬ᠎ᠠ ᠡᠭᠦᠳᠦᠭ᠌ᠰᠡᠨ 《ᠵᠢᠵᠢᠭ ᠳᠥᠷᠪᠡᠯᠵᠢᠨ ᠪᠦᠲᠦᠴᠡ + ᠶᠡᠬᠡ ᠲᠠᠯᠠᠪᠠᠢ ᠪᠡᠷ ᠬᠡᠷᠡᠯ ᠲᠣᠰᠬᠠᠬᠤ》 ᠬᠦᠯᠡᠮᠵᠢ ᠵᠢᠨ ᠰᠠᠯᠬᠢᠨ ᠳ᠋ᠤ ᠲᠠᠭᠠᠭᠠᠪᠤᠷᠢᠲᠠᠢ ᠳᠤᠯᠠᠭᠠᠨ᠎ᠢ ᠬᠠᠮᠠᠭᠠᠯᠠᠬᠤ᠎ᠶ᠋ᠢ ᠨᠢᠭᠡ ᠴᠣᠭ᠍ᠴᠠᠵᠢᠭᠤᠯᠤᠭ᠍ᠰᠠᠨ ᠵᠢᠷᠤᠭ ᠲᠥᠯᠥᠪᠯᠡᠭᠡ ᠨᠢ ᠬᠠᠬᠢᠷ ᠬᠦᠶ᠋ᠲᠡᠨ ᠶᠡᠬᠡ ᠰᠠᠯᠬᠢᠨ ᠲᠠᠢ ᠭᠠᠵᠠᠷ ᠣᠷᠣᠨ᠎ᠤ ᠬᠦᠯᠡᠮᠵᠢ᠎ᠶ᠋ᠢᠨ ᠠᠮᠤᠷ ᠲᠦᠪᠱᠢᠨ ᠪᠠ ᠡᠪᠦᠯ᠎ᠤᠨ ᠦᠶ᠋ᠯᠡᠳᠪᠦᠷᠢᠯᠡᠯ᠎ᠦᠨ ᠬᠦᠴᠢᠷ ᠠᠰᠠᠭᠤᠳᠠᠯ᠎ᠢ ᠪᠦᠲᠦᠮᠵᠢᠲᠡᠶ ᠱᠢᠶ᠋ᠳᠪᠦᠷᠢᠯᠡᠪᠡ; ᠳᠠᠷᠢᠵᠤ ᠤᠷᠭᠤᠭᠤᠯᠬᠤ ᠮᠡᠷᠭᠡᠵᠢᠯ᠎ᠦᠨ ᠲᠠᠯ᠎ᠠ᠎ᠪᠠᠷ ᠱᠢᠨ᠎ᠡ᠎ᠶ᠋ᠢ ᠡᠭᠦᠳᠴᠦ᠍᠂ ᠲᠤᠬᠠᠶ᠎ᠶ᠋ᠢᠨ ᠭᠠᠵᠠᠷ᠎ᠤᠨ ᠡᠯᠡᠰᠦ ᠪᠠ ᠬᠣᠨᠢᠨ ᠬᠤᠷᠭᠤᠯ ᠢ᠋ ᠠᠱᠢᠭ᠍ᠯᠠᠭᠠᠳ᠂ 30 ᠰᠠᠨᠲ᠋ᠢᠮᠧᠲ᠋ᠷ ᠵᠤᠵᠠᠭᠠᠨ ᠬᠦᠷᠦᠰᠦ ᠪᠤᠯᠭᠠᠨ᠂ ᠥᠪᠡᠷ᠎ᠦᠨ ᠥᠷᠲᠡᠭ᠎ᠨᠢ ᠳᠤᠤᠷ᠎ᠠ᠂ ᠥᠨᠳᠥᠷ ᠪᠦᠲᠦᠮᠵᠢᠲᠡᠶ ᠭᠣᠪᠢ᠎ᠶ᠋ᠢᠨ ᠲᠠᠷᠢᠶᠠᠯᠠᠩ᠎ᠤᠨ ᠳᠠᠷᠢᠵᠤ ᠤᠷᠭᠤᠭᠤᠯᠬᠤ ᠵᠠᠭ᠍ᠪᠤᠷ᠎ᠢ ᠪᠣᠶ ᠪᠣᠯᠭᠠᠪᠠ; ᠪᠥᠬᠥ᠌ ᠶᠠᠪᠤᠴᠠ᠎ᠳᠤ ᠪᠣᠬᠢᠷᠲᠤᠯ ᠥᠬᠡᠶ ᠰᠡᠷᠭᠡᠢᠯᠡᠨ ᠡᠵᠡᠮᠳᠡᠬᠦ ᠲᠠᠯ᠎ᠠ ᠪᠡᠷ ᠱᠢᠨ᠎ᠡ᠎ᠶ᠋ᠢ ᠡᠭᠦᠳᠦᠨ᠂ ᠢᠳᠡᠭᠡᠨ᠎ᠦ ᠲᠠᠰ᠎ᠤᠨ ᠨᠠᠢᠷᠠᠯᠭ᠎ᠠ ᠲᠠᠢ ᠭᠡᠮ ᠬᠤᠷᠤᠬᠠᠢ ᠵᠢ ᠰᠡᠷᠬᠡᠢᠯᠡᠬᠦ ᠡᠳ᠋ ᠢ᠋ ᠪᠥᠬᠥ᠌ ᠶᠠᠪᠤᠴᠠ᠎ᠳᠤ ᠬᠡᠷᠡᠭ᠌ᠯᠡᠵᠦ᠍᠂ ᠬᠢᠮᠢ᠎ᠶ᠋ᠢᠨ ᠲᠠᠷᠢᠶᠠᠨ ᠡᠮ᠎ᠢ ᠪᠦᠷᠢᠮᠦᠰᠦᠨ ᠣᠷᠣᠯᠠᠭᠤᠯᠤᠨ᠂ ᠲᠠᠷᠢᠶᠠᠯᠠᠩ᠎ᠤᠨ ᠪᠦᠲᠦᠭᠡᠭ᠌ᠳᠡᠬᠦᠨ᠎ᠦ ᠠᠮᠤᠷ ᠲᠦᠪᠱᠢᠨ ᠬᠢᠭᠡᠳ ᠡᠯᠡᠰᠦᠨ ᠤ᠋ ᠠᠮᠢ ᠠᠬᠤᠶ᠎ᠶ᠋ᠢᠨ ᠱᠢᠰᠲ᠋ᠧᠮ ᠢ᠋ ᠬᠠᠮᠠᠭᠠᠯᠠᠵᠠᠢ᠃
ᠵᠢᠱ᠌ᠢᠶ᠎ᠡ ᠦᠵᠡᠭᠦᠯᠬᠦ᠌ ᠡᠷᠦᠬᠡ᠂ ᠵᠠᠡᠭᠭᠠᠨ ᠰᠤᠮᠤᠨ ᠤ᠋ ᠸᠧᠢ ᠵᠢᠩ ᠭᠠᠴᠠᠭᠠᠨ᠎ᠤ ᠮᠠᠯᠴᠢᠨ ᠡᠷᠳᠡᠨᠢᠪᠠᠶᠠᠷ᠄ 《ᠠᠩᠬ᠎ᠠ ᠡᠬᠢᠨ᠎ᠳᠡᠭᠡᠨ ᠪᠢ ᠢᠲᠡᠭᠡᠬᠦ ᠦᠭᠡᠢ ᠪᠠᠢᠭᠰᠠᠨ ᠰᠢᠦ᠂ ᠮᠠᠨ᠎ᠤ ᠡᠨᠳᠡ ᠡᠯᠡᠰᠦ ᠶᠡᠬᠡᠲᠠᠢ᠂ ᠡᠪᠦᠭᠡ ᠳᠡᠭᠡᠳᠦᠰ ᠤ᠋ᠨ ᠦᠶᠠᠡᠴᠡᠪᠡᠨ ᠶᠡᠷᠦ ᠨᠢ ᠨᠣᠭᠣᠭ᠎ᠠ ᠲᠠᠷᠢᠭ᠎ᠠ ᠦᠭᠡᠢ᠂ ᠤᠳᠤ ᠲᠠᠷᠢᠭᠠᠳ ᠳᠡᠢᠯᠴᠢᠬᠡᠨᠡ ᠭᠡᠵᠢ? ᠨᠢᠳᠤᠨᠤᠨ ᠮᠠᠨ᠎ᠤ ᠬᠢ ᠠᠩᠬᠠᠠ᠎ᠤ ᠢᠳᠡᠱᠢᠨ ᠨᠣᠭᠣᠭᠠᠨ᠎ᠤ ᠬᠦᠯᠡᠮᠵᠢ ᠪᠠᠨ ᠪᠠᠢᠭᠤᠯᠤᠭᠰᠠᠨ᠂ ᠭᠤᠸᠠᠨ ᠬᠤᠢ ᠮᠢᠩ ᠪᠠᠭ᠍ᠰᠢ ᠵᠢᠴᠢ ᠲᠡᠭᠦᠨ᠎ᠦ ᠪᠦᠯᠬᠦᠮ᠎ᠦᠨ ᠬᠢᠨ᠎ᠤ ᠵᠢᠯᠣᠭᠣᠳᠤᠯᠭ᠎ᠠ ᠪᠡᠷ ᠵᠥᠪᠬᠡᠨ ᠮᠠᠯ ᠮᠠᠯᠵᠢᠵᠤ ᠴᠢᠳᠠᠳᠠᠭ ᠮᠠᠨᠤᠰ ᠴᠦ᠍ ᠤᠳᠤ ᠨᠣᠭᠣᠭ᠎ᠠ ᠲᠠᠷᠢᠵᠤ ᠴᠢᠳᠠᠬᠤ ᠪᠣᠯᠤᠯ᠎ᠠ᠃ ᠱᠢᠯᠢ᠎ᠶ᠋ᠢᠨ ᠭᠤᠤᠯ ᠠᠢᠮᠠᠭ᠂ ᠪᠠᠶᠠᠨᠨᠠᠭᠤᠷ ᠬᠣᠲᠠ᠎ᠶ᠋ᠢᠨ ᠬᠥᠮᠦᠰ ᠪᠦᠷ ᠮᠠᠨ ᠤ᠋ ᠡᠨᠳᠡ ᠢᠷᠡᠭᠡᠳ ᠲᠣᠭᠣᠷᠢᠨ ᠦᠵᠡᠵᠦ᠍ ᠪᠠᠢᠨ᠎ᠠ ᠰᠢᠦ》 ᠬᠡᠵᠤ ᠰᠤᠷᠪᠤᠯᠵᠢᠯᠠᠭᠴᠢ᠎ᠳᠤ ᠶᠠᠷᠢᠨ᠎ᠠ᠃
ᠡᠳᠦᠭᠡ᠂ 《ᠵᠢᠵᠢᠭ ᠢᠳᠡᠰᠢᠨ ᠨᠣᠭᠣᠭ᠎ᠠ᠎ᠶ᠋ᠢᠨ ᠬᠦᠯᠡᠮᠵᠢ》 ᠲᠠᠢ ᠬᠢᠯᠢ ᠬᠢᠵᠠᠭᠠᠷ᠎ᠤᠨ ᠮᠠᠯᠴᠢᠳ ᠬᠥᠮᠦᠰ᠎ᠦᠨ ᠪᠠᠬᠠᠷᠬᠠᠯ᠎ᠢ ᠲᠠᠲᠠᠮ᠎ᠠ ᠠᠮᠢᠳᠤᠷᠠᠵᠤ᠂ 77 ᠨᠠᠰᠤᠲᠠᠢ ᠨᠣᠮᠣᠭᠠᠨ ᠰᠤᠮᠤᠨ᠎ᠤ ᠬᠠᠱᠢᠶ᠎ᠠ᠎ᠲᠤ ᠭᠠᠴᠠᠭᠠᠨ᠎ᠤ ᠮᠠᠯᠴᠢᠨ ᠤᠯᠠᠭᠠᠨ ᠬᠦᠦ ᠵᠢᠨ ᠵᠢᠡᠨ 《ᠵᠢᠵᠢᠭ ᠢᠳᠡᠰᠢᠨ ᠨᠣᠭᠣᠭ᠎ᠠ᠎ᠶ᠋ᠢᠨ ᠬᠦᠯᠡᠮᠵᠢ》 ᠵᠢ ᠨᠢ ᠬᠠᠷᠠᠵᠤ ᠦᠭᠭᠦᠨ᠎ᠠ᠃ ᠨᠠᠰᠤᠲᠠᠨ᠄ 《ᠪᠢ ᠴᠢᠯᠦᠭᠡ ᠲᠠᠢ ᠪᠤᠯ ᠨᠣᠭᠣᠭ᠎ᠠ ᠵᠢᠨ ᠬᠦᠯᠡᠮᠵᠢᠨ᠎ᠳᠦ ᠢᠷᠡᠨ᠎ᠡ᠂ ᠨᠤᠭᠤᠭ᠎ᠠ ᠵᠢᠨ ᠦᠰᠴᠤ ᠤᠷᠭᠤᠬᠤ ᠵᠢ ᠨᠢ ᠬᠠᠷᠠᠬᠤ ᠲᠤᠳᠤᠮ ᠪᠠᠶᠠᠰᠤᠨ᠎ᠠ》 ᠭᠡᠵᠦ᠍ ᠪᠠᠶᠠᠷᠯᠠᠨ ᠶᠠᠷᠢᠬᠰᠠᠨ ᠪᠠᠢᠨ᠎ᠠ᠃