ᠬᠦ᠋ᠦᠳᠠᠭᠤᠯᠠ ᠶᠠᠷᠢᠶ᠎ᠠ ᠲᠠᠯᠪᠢᠵᠠᠢ
12 ᠰᠠᠷ᠎ᠠ᠎ᠶ᠋ᠢᠨ 13 ᠤ᠋ ᠡᠳᠦᠷ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠤᠸᠠᠩᠫᠦ᠋ ᠴᠡᠷᠢᠭ᠎ᠦᠨ ᠰᠤᠷᠭᠠᠭᠤᠯᠢ᠎ᠶ᠋ᠢᠨ ᠬᠠᠮᠲᠤ ᠰᠤᠷᠤᠯᠭᠠᠳᠠᠨᠤ ᠡᠪᠯᠡᠯ᠎ᠤᠨ ᠬᠣᠶᠠᠳᠤᠭᠠᠷ ᠤᠳᠠᠭ᠎ᠠ᠎ᠶ᠋ᠢᠨ ᠭᠡᠱᠢᠭᠦᠳ᠎ᠦᠨ ᠲᠥᠯᠥᠭᠡᠯᠡᠭ᠌ᠴᠢᠳ᠎ᠦᠨ ᠬᠤᠷᠠᠯ ᠬᠥᠬᠡᠬᠣᠲᠠ᠎ᠳᠤ ᠬᠤᠷᠠᠯᠳᠤᠪᠠ᠃ ᠬᠤᠸᠠᠩᠫᠦ᠋ ᠴᠡᠷᠢᠭ᠎ᠦᠨ ᠰᠤᠷᠭᠠᠭᠤᠯᠢ᠎ᠶ᠋ᠢᠨ ᠬᠠᠮᠲᠤ ᠰᠤᠷᠤᠯᠭᠠᠳᠠᠨᠤ ᠡᠪᠯᠡᠯ᠎ᠦᠨ ᠬᠠᠮᠢᠶ᠎ᠠ ᠪᠥᠬᠥᠶ ᠬᠠᠷᠢᠭᠤᠴᠠᠯᠭᠠᠲᠠᠨ ᠬᠤᠷᠠᠯ᠎ᠳᠤ ᠣᠷᠣᠯᠴᠠᠵᠤ ᠵᠢᠭᠠᠨ ᠵᠢᠯᠣᠭᠣᠳᠴᠤ᠌᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠪᠠᠢᠩᠭᠤ᠎ᠶ᠋ᠢᠨ ᠭᠡᠱᠢᠭᠦᠨ᠂ ᠨᠢᠭᠡᠳᠦᠮᠡᠯ ᠹᠷᠣᠨᠲ᠎ᠤᠨ ᠬᠡᠯᠲᠡᠰ᠎ᠦᠨ ᠳᠠᠷᠤᠭ᠎ᠠ ᠬᠦᠦᠳᠠᠭᠤᠯᠠ ᠬᠤᠷᠠᠯ᠎ᠳᠤ ᠣᠷᠣᠯᠴᠠᠵᠤ ᠶᠠᠷᠢᠶ᠎ᠠ ᠲᠠᠯᠪᠢᠵᠠᠶ᠃
ᠬᠤᠷᠠᠯ᠎ᠡᠴᠡ᠂ ᠥᠪᠥᠷ ᠮᠣᠩᠭᠣᠯ᠎ᠤᠨ ᠬᠤᠸᠠᠩᠫᠦ᠋ ᠴᠡᠷᠢᠭ᠎ᠦᠨ ᠰᠤᠷᠭᠠᠭᠤᠯᠢ᠎ᠶ᠋ᠢᠨ ᠬᠠᠮᠲᠤ ᠰᠤᠷᠤᠯᠭᠠᠳᠠᠨᠤ ᠡᠪᠯᠡᠯ ᠪᠠᠢᠭᠤᠯᠤᠭ᠍ᠳᠠᠭ᠍ᠰᠠᠨ᠎ᠡᠴᠡ ᠨᠠᠭᠠᠰᠢ᠂ ᠬᠤᠸᠠᠩᠫᠦ᠋ ᠵᠢᠨ ᠵᠣᠷᠢᠭ ᠰᠠᠨᠠᠭ᠎ᠠ᠎ᠶ᠋ᠢ ᠢᠮᠠᠭ᠍ᠲᠠ ᠪᠠᠳᠠᠷᠠᠭᠤᠯᠵᠤ᠂ ᠬᠤᠪᠢᠰᠭᠠᠯ᠎ᠤᠨ ᠤᠳᠤᠮᠱᠢᠯ᠎ᠢ ᠵᠠᠯᠭᠠᠮᠵᠢᠯᠠᠬᠤ᠂ ᠨᠢᠭᠡᠳᠦᠮᠡᠯ ᠹᠷᠣᠨᠲ᠎ᠤᠨ ᠬᠦᠴᠦᠨ᠎ᠢ ᠨᠢᠭ᠍ᠲᠠᠷᠠᠭᠤᠯᠬᠤ᠂ ᠲᠠᠢᠸᠠᠨ ᠬᠣᠭᠣᠯᠠᠢ᠎ᠶ᠋ᠢᠨ ᠬᠣᠶᠠᠷ ᠬᠥᠪᠡᠭᠡᠨ᠎ᠦ ᠰᠣᠯᠢᠯᠴᠠᠭ᠎ᠠ ᠶ᠋ᠢ ᠭᠦᠨᠵᠡᠭᠡᠢᠷᠡᠭᠦᠯᠬᠦ᠌᠂ ᠭᠤᠤᠯᠳᠠᠯᠭ᠎ᠠ ᠵᠢᠨ ᠲᠤᠭᠤᠷᠢᠨ ᠳ᠋ᠤ ᠶᠡᠬᠡ ᠲᠠᠯ᠎ᠠ᠎ᠳᠤ ᠦᠢᠯᠡᠴᠢᠯᠡᠬᠦ᠌ ᠵᠡᠷᠭᠡ ᠲᠠᠯ᠎ᠠ᠎ᠪᠠᠷ ᠴᠢᠬᠤᠯᠠ ᠦᠢᠯᠡᠳᠦᠯ ᠦᠵᠡᠭᠦᠯᠵᠡᠢ᠃ ᠱᠢᠨ᠎ᠡ ᠪᠠᠢᠳᠠᠯ ᠱᠢᠨ᠎ᠡ ᠡᠭᠦᠷᠭᠡ᠎ᠶ᠋ᠢᠨ ᠡᠮᠦᠨ᠎ᠡ᠂ ᠬᠥᠭᠥᠷᠭᠡ ᠬᠣᠯᠪᠣᠭᠠᠰᠤ᠎ᠶ᠋ᠢᠨ ᠦᠢᠯᠡᠳᠦᠯ᠎ᠢᠶᠡᠨ ᠦᠷᠭᠦᠯᠵᠢᠯᠡᠨ ᠪᠠᠳᠠᠷᠠᠭᠤᠯᠵᠤ᠂ ᠪᠦᠬᠦ᠌ ᠣᠷᠣᠨ᠎ᠤ ᠬᠤᠸᠠᠩᠫᠦ᠋ ᠵᠢᠨ ᠬᠠᠮᠲᠤ ᠰᠤᠷᠤᠯᠭᠠᠳᠠᠨ ᠵᠢᠴᠢ ᠲᠡᠳᠡᠨ᠎ᠦ ᠲᠦᠷᠦᠯ ᠰᠠᠳᠤᠨ᠎ᠢ ᠪᠦᠯᠬᠦᠮᠳᠡᠭᠦᠯᠦᠨ ᠳᠠᠭᠠᠭᠤᠯᠵᠤ᠂ ᠰᠢ ᠵᠢᠨ ᠫᠢᠩ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠰᠡᠳᠭᠢᠯ᠎ᠢᠶᠡᠨ ᠨᠢᠭ᠍ᠲᠠᠷᠠᠭᠤᠯᠵᠤ ᠰᠦᠭ ᠰᠦᠨᠡᠰᠦ᠎ᠪᠡᠨ ᠱᠤᠭᠤᠬᠤ᠎ᠶ᠋ᠢ ᠪᠠᠷᠢᠮᠲᠠᠯᠠᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠎ᠪᠠᠷ ᠭᠣᠣᠯ ᠱᠢᠵᠢᠮ ᠪᠣᠯᠭᠠᠵᠤ᠂ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠬᠤᠸᠠᠩᠫᠦ᠋ ᠵᠢᠨ ᠬᠠᠮᠲᠤ ᠰᠤᠷᠤᠯᠭᠠᠳᠠᠨ ᠵᠢᠴᠢ ᠲᠡᠳᠡᠨ᠎ᠦ ᠲᠦᠷᠦᠯ ᠰᠠᠳᠤᠨᠯᠤᠭᠠᠶ᠋ᠢᠨ ᠬᠠᠷᠢᠯᠴᠠᠭ᠎ᠠ ᠰᠣᠯᠢᠯᠴᠠᠭ᠎ᠠ᠎ᠪᠠᠨ ᠴᠢᠩᠭᠠᠳᠭᠠᠵᠤ᠂ ᠲᠠᠢᠸᠠᠨᠯᠤᠭᠠᠶ᠋ᠢᠨ ᠰᠣᠯᠢᠯᠴᠠᠭ᠎ᠠ᠎ᠶ᠋ᠢ ᠭᠦᠨᠵᠡᠭᠡᠢᠷᠡᠭᠦᠯᠬᠦ᠌ ᠳᠤᠮᠳᠠ ᠱᠢᠨ᠎ᠡ ᠵᠢᠳᠬᠦᠯ ᠴᠢᠷᠮᠠᠢᠯᠭ᠎ᠠ ᠭᠠᠷᠭᠠᠵᠤ᠂ ᠲᠠᠢᠸᠠᠨ ᠬᠣᠭᠣᠯᠠᠢ᠎ᠶ᠋ᠢᠨ ᠬᠣᠶᠠᠷ ᠬᠥᠪᠡᠭᠡᠨ᠎ᠦ ᠬᠠᠷᠢᠯᠴᠠᠭ᠎ᠠ᠎ᠶ᠋ᠢᠨ ᠡᠩᠬᠡ ᠲᠠᠢᠪᠤᠩ ᠬᠥᠭ᠌ᠵᠢᠯᠲᠡ᠎ᠶ᠋ᠢ ᠠᠬᠢᠭᠤᠯᠬᠤ᠂ ᠡᠬᠡ ᠤᠯᠤᠰ᠎ᠤᠨ ᠨᠢᠭᠡᠳᠦᠯ᠎ᠦᠨ ᠶᠡᠬᠡ ᠦᠢᠯᠡᠰ᠎ᠢ ᠠᠬᠢᠭᠤᠯᠬᠤ ᠪᠠ ᠳᠤᠮᠳᠠᠳᠤ᠎ᠶ᠋ᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶ᠋ᠢ ᠪᠡᠶᠡᠯᠡᠭᠦᠯᠬᠦ᠌᠎ᠳᠦ ᠬᠤᠸᠠᠩᠫᠦ᠋ ᠵᠢᠨ ᠬᠦᠴᠦᠨ ᠴᠢᠳᠠᠯ᠎ᠢᠶᠠᠨ ᠡᠷᠭᠦᠬᠦ᠌ ᠬᠡᠷᠡᠭ᠌ᠲᠡᠢ ᠭᠡᠵᠦ᠍ ᠵᠢᠭᠠᠵᠤ ᠭᠠᠷᠭᠠᠪᠠ᠃
2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号