ᠲᠠᠨᠢᠯ ᠪᠤᠰᠤ ᠤᠳᠠᠰᠤ ᠵᠢ ᠳᠤᠰᠬᠤ᠎ᠳᠠᠭᠠᠨ ᠬᠢᠴᠢᠶᠡᠮᠵᠢᠳᠠᠢ ᠪᠠᠢᠭᠠᠷᠠᠢ
2025-12-15 10:21:06
ᠵᠣᠬᠢᠶᠠᠭ᠍ᠴᠢ᠄
ᠰᠢᠨᠡᠪᠢᠯᠢᠭ
ᠣᠩᠱᠢᠭ᠍ᠰᠠᠨ ᠣᠳᠠᠭ᠎ᠠ᠄
★★★☆☆

《ᠭᠠᠷ ᠤᠳᠠᠰᠤ ᠶᠠᠭᠠᠬᠢᠬᠰᠠᠨ᠎ᠢ ᠪᠦᠦ ᠮᠡᠳᠡ᠂ ᠬᠠᠷᠠᠵᠤ ᠪᠠᠢᠳᠠᠯ᠎ᠠ ᠵᠤᠭᠤᠰ᠎ᠢ ᠰᠢᠯᠵᠢᠬᠦᠯᠵᠦ ᠶᠠᠪᠤᠭᠤᠯᠪᠠ》᠃ 11 ᠰᠠᠷ᠎ᠠ ᠵᠢᠨ 25 ᠤ᠋ ᠡᠳᠦᠷ᠂ ᠰᠠᠨᠳᠤᠷᠴᠤ ᠪᠠᠯᠢᠳᠠᠬᠰᠠᠨ ᠯᠢᠦ ᠠᠪᠠᠬᠠᠢ ᠬᠦᠬᠡᠬᠤᠳᠠ ᠵᠢᠨ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠵᠢᠨ ᠬᠤᠳᠤᠩ ᠠᠷᠠᠳ ᠤ᠋ᠨ ᠲᠤᠭᠤᠷᠢᠬ ᠤ᠋ᠨ ᠬᠤᠪᠢᠶᠠᠷᠢ ᠲᠤᠪᠴᠢᠶ᠎ᠠ ᠵᠢᠨ ᠡᠷᠡᠬᠦᠦ ᠵᠢᠨ ᠬᠡᠷᠡᠭ ᠎ᠢ ᠲᠠᠩᠨᠠᠨ ᠪᠠᠢᠴᠠᠭᠠᠬᠤ ᠶᠡᠬᠡ ᠠᠩᠬᠢ ᠳ᠋ᠸ᠋ ᠬᠦᠷᠴᠦ ᠬᠡᠷᠡᠭ ᠮᠡᠳᠡᠬᠦᠯᠪᠡ᠃ ᠲᠤᠬᠠᠢ ᠵᠢᠨ ᠡᠳᠦᠷ᠂ ᠯᠢᠦ ᠠᠪᠠᠬᠠᠢ ᠨᠢᠬᠡᠨ ᠳᠠᠨᠢᠯ ᠪᠤᠰᠤ ᠤᠳᠠᠰᠤ ᠵᠢ ᠲᠤᠰᠴᠤ᠂ ᠲᠡᠬᠦᠨ ᠳ᠋ᠸ᠋ ᠨᠢᠬᠡᠨ ᠰᠢᠭᠤᠳ ᠨᠡᠪᠳᠡᠷᠡᠬᠦᠯᠬᠡ ᠵᠢᠨ ᠲᠠᠪᠴᠠᠩ ᠤ᠋ᠨ ᠬᠡᠰᠢᠬᠦᠨ ᠪᠤᠯᠤᠬᠰᠠᠨ᠎ᠢ ᠮᠡᠳᠡᠭᠳᠡᠵᠦ᠂ ᠬᠡᠷᠪᠡ ᠲᠤᠰ ᠦᠢᠯᠡᠴᠢᠯᠡᠬᠡ ᠵᠢ ᠵᠤᠬᠰᠤᠭᠠᠬᠤ ᠬᠡᠪᠡᠯ ᠨᠢᠬᠡᠨ ᠵᠦᠬᠡᠯᠡᠨ ᠲᠤᠨᠤᠬ᠎ᠢ ᠤᠬᠰᠠᠷᠬᠠᠤ ᠬᠡᠷᠡᠭᠳᠡᠢ ᠬᠡᠪᠡ᠃ ᠯᠢᠦ ᠠᠪᠠᠬᠠᠢ ᠨᠦᠬᠦᠬᠡ ᠡᠳᠡᠬᠡᠳ ᠤ᠋ᠨ ᠵᠢᠡᠨ ᠱᠠᠭᠠᠷᠳᠠᠯᠭ᠎ᠠ ᠶᠤᠰᠤᠭᠠᠷ ᠬᠢᠭᠰᠡᠨ᠎ᠳᠦ᠂ ᠰᠦᠯᠵᠢᠶᠡᠨ ᠪᠠᠩᠬᠢ᠎ᠳᠡᠬᠢ ᠠᠷᠪᠠᠨ ᠲᠦᠮᠡᠨ ᠲᠦᠬᠦᠷᠢᠭ ᠵᠤᠭᠤᠰ ᠢ᠋ ᠨᠢ ᠰᠢᠯᠵᠢᠬᠦᠯᠵᠦ ᠠᠪᠠᠴᠢᠬᠰᠠᠨ ᠪᠠᠢᠨ᠎ᠠ᠃

ᠯᠢᠦ ᠠᠪᠠᠬᠠᠢ ᠴᠠᠬ ᠲᠤᠬᠠᠢ ᠳ᠋ᠤᠨᠢ ᠬᠡᠷᠡᠭ ᠮᠡᠳᠡᠬᠦᠯᠦᠭᠰᠡᠨ ᠡᠴᠨ ᠰᠠᠶᠢ ᠴᠠᠬᠳᠠᠭ᠎ᠠ ᠵᠢᠨ ᠮᠡᠬᠡᠯᠡᠯ᠎ᠢ ᠡᠰᠡᠷᠭᠦᠴᠡᠬᠦ ᠠᠵᠢᠯ ᠬᠢᠬᠦ ᠳ᠋ᠸ᠋ ᠠᠰᠢᠬ ᠳᠠᠢ ᠴᠠᠬ᠎ᠢ ᠠᠮᠵᠢᠨ ᠤᠯᠪᠠ᠃ ᠡᠨᠡ ᠬᠦ᠌ ᠮᠡᠬᠡᠯᠡᠯ ᠤ᠋ᠨ ᠡᠳᠡᠬᠡᠳ ᠲᠠᠢ ᠬᠢᠭᠰᠡᠨ 《ᠴᠠᠬ ᠤ᠋ᠨ ᠪᠠᠢᠯᠳᠤᠭᠠᠨ》 ᠳ᠋ᠸ᠋ ᠢᠯᠠᠯᠳᠠ ᠤᠯᠬᠤ ᠵᠢᠨ ᠲᠦᠯᠦᠬᠡ᠂ ᠴᠠᠬᠳᠠᠭ᠎ᠠ ᠡᠴᠨ ᠪᠠᠴᠢᠮ ᠪᠠᠢᠳᠠᠯ᠎ᠢ ᠠᠷᠭᠠᠴᠠᠭᠠᠬᠤ ᠲᠤᠬᠳᠠᠴᠠ ᠵᠢ ᠠᠵᠢᠯᠯᠠᠭᠤᠯᠵᠦ᠂ ᠵᠤᠭᠤᠰ ᠮᠦᠩᠬᠦ ᠵᠢᠨ ᠰᠢᠯᠵᠢᠯᠳᠡ ᠵᠢᠨ ᠵᠠᠮ ᠮᠦᠷ ᠎ᠢ ᠨᠡᠬᠡᠮᠵᠢᠯᠡᠨ ᠮᠦᠷᠳᠡᠪᠡ᠃

ᠡᠮᠬᠢᠯᠡᠵᠦ ᠵᠠᠳᠠᠯᠤᠬᠰᠠᠨ ᠵᠢᠡᠷ᠂ ᠴᠠᠬᠳᠠᠭ᠎ᠠ ᠡᠴᠨ ᠮᠡᠬᠡᠯᠡᠯ ᠤ᠋ᠨ ᠡᠳᠡᠬᠡᠳ ᠯᠢᠦ ᠠᠪᠠᠬᠠᠢ ᠵᠢᠨ ᠵᠤᠭᠤᠰ᠎ᠢ ᠵᠢᠷᠬᠢᠶ᠎ᠡ ᠳ᠋ᠸ᠋ ᠰᠢᠯᠵᠢᠬᠦᠯᠦᠭᠰᠡᠨ᠎ᠢ ᠤᠯᠵᠤ ᠮᠡᠳᠡᠪᠡ᠃ ᠴᠠᠬᠳᠠᠭ᠎ᠠ  ᠨᠠᠷ ᠬᠤᠯᠪᠤᠬᠳᠠᠯ ᠪᠦᠬᠦᠢ ᠲᠠᠪᠴᠠᠩ ᠲᠠᠢ ᠬᠠᠷᠢᠯᠴᠠᠨ ᠲᠤᠰ ᠵᠢᠷᠬᠢᠶ᠎ᠡ ᠵᠢᠨ ᠳ᠋ᠤᠭᠠᠷ᠎ᠤᠨ ᠪᠠᠢᠳᠠᠯ᠎ᠢ ᠦᠢᠯᠡᠭᠠᠪᠠ᠃ ᠲᠠᠪᠴᠠᠩ ᠤ᠋ᠨ ᠲᠠᠯ᠎ᠠ ᠵᠢᠨ ᠬᠢᠨ᠎ᠤ ᠢᠳᠡᠪᠬᠢᠳᠡᠢ ᠬᠠᠮᠵᠢᠯᠴᠠᠭ᠎ᠠ ᠲᠤᠤᠷ᠎ᠠ ᠡᠴᠦᠰ ᠲᠡᠭᠡᠨ ᠮᠡᠬᠡᠯᠡᠭᠳᠡᠭᠰᠡᠨ ᠵᠤᠭᠤᠰ᠎ᠢ ᠰᠢᠯᠵᠢᠬᠦᠯᠬᠦ ᠵᠢ ᠵᠤᠬᠰᠤᠭᠠᠵᠦ᠂ 12 ᠰᠠᠷ᠎ᠠ ᠵᠢᠨ 2 ᠤ᠋ᠨ ᠡᠳᠦᠷ ᠯᠢᠦ ᠠᠪᠠᠬᠠᠢ ᠳ᠋ᠸ᠋ ᠡᠬᠡᠬᠦᠯᠦᠨ ᠦᠭᠪᠡ᠃

《ᠡᠨᠡ ᠪᠤᠯ ᠮᠢᠨᠤ ᠬᠦᠴᠦ ᠬᠦᠳᠡᠯᠮᠦᠷᠢ ᠪᠠᠨ ᠵᠠᠷᠤᠴᠠᠭᠤᠯᠵᠦ ᠬᠤᠷᠠᠮᠳᠤᠭᠤᠯᠤᠬᠰᠠᠨ ᠵᠤᠭᠤᠰ ᠶᠤᠮ᠂ ᠪᠢ ᠡᠳᠡᠭᠡᠷ ᠵᠤᠭᠤᠰ᠎ᠢ ᠡᠭᠡᠬᠦᠯᠵᠦ ᠠᠪᠴᠢᠷᠠᠵᠦ ᠳᠡᠢᠯᠦᠨ᠎ᠡ ᠭᠡᠵᠦ ᠪᠤᠳᠤᠵᠦ ᠪᠠᠢᠬᠰᠠᠨ ᠦᠬᠡᠢ᠂ ᠴᠠᠬᠳᠠᠭ᠎ᠠ ᠨᠠᠷ᠎ᠲᠦ ᠳᠤᠩ ᠲᠠᠯᠠᠷᠬᠠᠵᠤ ᠪᠠᠢᠨ᠎ᠠ》 ᠬᠡᠵᠦ ᠯᠢᠦ ᠠᠪᠠᠬᠠᠢ ᠬᠡᠮᠡᠷᠯᠢᠭ ᠲᠤᠬ ᠠᠪᠴᠤ ᠴᠠᠬᠳᠠᠭ᠎ᠠ ᠳ᠋ᠸ᠋ ᠭᠠᠷᠳᠠᠭᠤᠯᠬᠤ᠎ᠳᠠᠭᠠᠨ ᠡᠢᠨ ᠬᠦ᠌ ᠬᠡᠯᠡᠨ᠎ᠡ᠃

ᠴᠠᠬᠳᠠᠭ᠎ᠠ ᠡᠴᠨ᠂ ᠲᠠᠨᠢᠯ ᠪᠤᠰᠤ ᠤᠳᠠᠰᠤ ᠵᠢ ᠲᠤᠰᠴᠤ ᠰᠦᠯᠵᠢᠶ᠎ᠡ  ᠪᠡᠷ ᠵᠤᠭᠤᠰ ᠰᠢᠯᠵᠢᠬᠦᠯᠬᠦ ᠤᠴᠢᠷ ᠳᠤᠬᠢᠶᠠᠯᠳᠤᠪᠠᠯ ᠡᠷᠬᠡᠪᠰᠢ ᠠᠯᠪᠠᠨ ᠤ᠋ ᠲᠠᠯ᠎ᠠ ᠵᠢᠨ ᠲᠠᠪᠴᠠᠩ ᠲᠠᠢ ᠬᠠᠷᠢᠯᠴᠠᠨ ᠬᠠᠷᠭᠤᠭᠤᠯᠬᠤ ᠴᠢᠬᠤᠯᠠᠳᠠᠢ᠃ ᠨᠦᠬᠦᠬᠡ ᠡᠳᠡᠬᠡᠳ ᠤ᠋ᠨ ᠠᠮᠠᠯᠠᠯᠳᠠ ᠵᠢ ᠬᠦᠩᠬᠡᠨ ᠵᠢᠡᠷ ᠢᠳᠡᠬᠡᠬᠦ ᠦᠭᠡᠢ᠂ ᠲᠠᠨᠢᠯ ᠪᠤᠰᠤ ᠬᠦᠮᠦᠨ᠎ᠳᠦ ᠮᠡᠳᠡᠭᠡ ᠵᠠᠩᠬᠢ ᠪᠠᠨ ᠵᠠᠳᠠᠷᠠᠭᠤᠯᠵᠦ ᠪᠤᠯᠬᠤ ᠦᠬᠡᠢ᠂ ᠨᠡᠩ ᠢᠯᠠᠩᠭᠤᠶ᠎ᠠ ᠳᠤᠷ᠎ᠠ ᠪᠡᠷ ᠵᠢᠡᠨ ᠵᠤᠭᠤᠰ ᠭᠤᠪᠢᠭᠤᠯᠵᠤ ᠪᠤᠯᠬᠤ ᠦᠬᠡᠢ᠃ ᠬᠡᠷᠪᠡ ᠰᠡᠵᠢᠭ ᠶᠡᠬᠡ ᠳᠠᠢ ᠪᠠᠢᠪᠠᠯ ᠴᠠᠬᠳᠠᠭ᠎ᠠ᠎ᠳᠦ ᠬᠡᠷᠡᠭ ᠮᠡᠳᠡᠬᠦᠯᠬᠦ ᠵᠢ ᠰᠠᠨᠠᠭᠤᠯᠵᠦ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号