ᠵᠠᠷᠢᠮ ᠡᠵᠡᠩᠨᠡᠭᠴᠢ ᠬᠡᠷᠡᠭᠯᠡᠭᠴᠢᠳ᠎ᠤᠨ 《ᠲᠠᠪᠤᠨ ᠣᠳᠣᠨ》 ᠰᠠᠢᠨ ᠦᠨᠡᠯᠡᠯᠲᠡ ᠦᠭᠬᠦ ᠵᠢ ᠬᠦᠰᠡᠳᠡᠭ᠃ ᠣᠢᠷ᠎ᠠ᠎ᠳᠤ ᠬᠢᠭᠰᠡᠨ ᠨᠢᠭᠡᠨ ᠪᠠᠢᠴᠠᠭᠠᠯᠲᠠ᠎ᠳᠤ ᠢᠯᠡᠷᠡᠭᠦᠯᠦᠭᠰᠡᠨ᠎ᠢᠶᠡᠷ᠂ ᠬᠢᠴᠢᠶᠡᠯ ᠲᠦᠷᠦᠯ᠂ ᠪᠠᠭᠤᠳᠠᠯ᠂ ᠢᠳᠡᠭᠡᠨ ᠤᠮᠳᠠᠭᠠᠨ ᠵᠡᠷᠭᠡ ᠠᠵᠢᠯ ᠲᠥᠷᠥᠯ᠎ᠦᠨ 《ᠰᠠᠢᠨ ᠦᠨᠡᠯᠡᠯᠲᠡ》 ᠬᠦᠬᠡᠬᠡᠴᠡᠯᠳᠦᠬᠦ ᠦᠵᠡᠭᠳᠡᠯ ᠤᠯᠠᠮ ᠲᠦᠭᠡᠮᠡᠯ ᠪᠣᠯᠵᠠᠢ᠃

ᠮᠢᠨ ᠷᠦ ᠮᠢᠩ ᠵᠢᠷᠤᠪᠠ
ᠬᠤᠳᠠᠯᠳᠤᠭᠠᠴᠢᠳ ᠲᠠᠪᠴᠠᠩ᠎ᠤᠨ ᠤᠷᠤᠰᠴᠠ᠎ᠶᠢᠨ ᠰᠠᠢᠨ ᠦᠨᠡᠯᠡᠯᠲᠡ᠎ᠶᠢ ᠬᠦᠰᠡᠵᠦ ᠪᠠᠢᠬᠣ ᠵᠢ ᠪᠤᠷᠤᠭᠤᠰᠢᠶᠠᠬᠤ᠎ᠶᠢᠨ ᠠᠷᠭ᠎ᠠ ᠦᠭᠡᠢ ᠶᠤᠮ᠂ ᠭᠡᠬᠦ ᠳ᠋ᠡᠭᠡᠨ 《ᠰᠠᠢᠨ ᠦᠨᠡᠯᠡᠯᠲᠡ》 ᠦᠭᠬᠦ ᠵᠢ ᠬᠦᠬᠡᠬᠡᠴᠡᠯᠳᠦᠬᠦ᠂ ᠰᠠᠢᠨ ᠦᠨᠡᠯᠡᠯᠳᠡ ᠬᠡᠳᠦᠢ ᠣᠯᠣᠬᠰᠠᠨ ᠵᠢᠡᠷ ᠠᠵᠢᠯᠳᠠᠨᠦ ᠠᠵᠢᠯ᠎ᠦᠨ ᠬᠢᠷᠢ ᠪᠦᠳᠦᠮᠵᠢ ᠵᠢ ᠦᠨᠡᠯᠡᠬᠦ᠂ ᠠᠰᠢᠬ ᠵᠢᠡᠨ ᠬᠣᠬᠢᠷᠠᠭᠣᠯᠵᠦ ᠪᠠᠢᠭᠠᠳ 《ᠰᠠᠢᠨ ᠦᠨᠡᠯᠡᠯᠳᠡ》 ᠬᠦᠬᠡᠬᠡᠴᠡᠯᠳᠦᠬᠦ ᠵᠡᠷᠭᠡ ᠨᠢ ᠬᠡᠳᠦᠢᠪᠡᠷ 《ᠰᠠᠢᠨ ᠦᠨᠡᠯᠡᠯᠲᠡ》ᠵᠢᠨ ᠨᠣᠷᠮ᠎ᠠ᠎ᠶᠢ ᠳᠡᠭᠡᠭᠰᠢᠯᠡᠭᠦᠯᠦᠭᠰᠡᠨ ᠪᠣᠯᠪᠠᠴᠤ ᠬᠡᠷᠡᠭᠯᠡᠭᠡ ᠵᠢᠨ ᠦᠨᠡᠯᠡᠯᠲᠡ᠎ᠶᠢᠨ ᠲᠣᠰ ᠪᠡᠶ᠎ᠡ᠎ᠶᠢᠨ ᠤᠳᠬ᠎ᠠ ᠠᠭᠤᠯᠭ᠎ᠠ ᠵᠢ ᠠᠯᠳᠠᠭᠣᠯᠵᠦ ᠮᠡᠳᠡᠨ᠎ᠡ᠃ ᠬᠡᠷᠡᠭᠯᠡᠭᠴᠢᠳ ᠦᠨᠡᠯᠡᠯᠳᠡ ᠵᠢ ᠦᠵᠡᠵᠦ ᠪᠠᠢᠬᠣ ᠨᠢ ᠪᠣᠳᠠᠳᠠᠢ ᠪᠠᠶᠠᠴᠢᠯᠡᠨ ᠣᠢᠯᠠᠭᠠᠯᠳᠠ ᠵᠢ ᠦᠵᠡᠵᠦ᠂ ᠥᠪᠡᠷ᠎ᠦᠨ ᠪᠡᠶ᠎ᠡ᠎ᠳᠡᠭᠡᠨ ᠲᠣᠬᠢᠷᠠᠭᠰᠠᠨ ᠬᠤᠳᠠᠯᠳᠤᠭᠠᠴᠢᠨ᠎ᠢ ᠰᠣᠩᠭᠣᠬᠣ ᠵᠢᠨ ᠲᠦᠯᠦᠬᠡ ᠶᠣᠮ᠃ ᠬᠡᠷᠪᠡ ᠦᠨᠡᠯᠡᠯᠳᠡ᠎ᠨᠢ ᠨᠢᠭᠡ ᠯᠡ ᠶᠠᠩᠵᠦ ᠵᠢᠨ 《ᠰᠠᠢᠨ ᠦᠨᠡᠯᠡᠯᠳᠡ》 ᠪᠣᠯᠵᠤ᠂ ᠦᠢᠯᠡᠴᠢᠯᠡᠭᠡ ᠪᠠ ᠦᠢᠯᠡᠳᠬᠦᠨ᠎ᠦ ᠲᠤᠬᠠᠢ ᠪᠤᠰᠤᠳᠴᠢ ᠦᠨᠡᠯᠡᠯᠳᠡ ᠳᠤᠲᠠᠮᠠᠭ ᠪᠣᠯᠪᠠᠯ᠂ ᠠᠯᠤᠰ ᠬᠡᠳᠦ᠎ᠡᠴᠡ ᠦᠵᠡᠪᠡᠯ ᠭᠡᠳᠡᠷᠭᠦ᠎ᠪᠡᠨ ᠬᠡᠷᠡᠭᠯᠡᠭᠴᠢᠳ᠎ᠦᠨ ᠢᠲᠡᠭᠡᠯ᠎ᠢ ᠠᠯᠳᠠᠬᠣ ᠪᠣᠯᠣᠨ᠎ᠠ᠃
ᠬᠤᠳᠠᠯᠳᠤᠭᠠᠴᠢᠨ ᠨᠠᠩ ᠣᠯᠠᠨ ᠣᠶᠤᠨ ᠴᠢᠳᠠᠯ᠎ᠢᠶᠠᠨ ᠪᠦᠲᠦᠭᠡᠭᠳᠡᠬᠦᠨ ᠪᠠ ᠦᠢᠯᠡᠴᠢᠯᠡᠭᠡᠨ᠎ᠦ ᠴᠢᠨᠠᠷ᠎ᠢ ᠳᠡᠭᠡᠭᠰᠢᠯᠡᠭᠦᠯᠬᠦ ᠳᠡᠭᠡᠷ᠎ᠡ ᠬᠡᠷᠡᠭᠯᠡᠪᠡᠯ ᠵᠣᠬᠢᠨ᠎ᠠ᠃ ᠲᠠᠪᠴᠠᠩ ᠨᠢ ᠳᠦᠷᠢᠮ ᠲᠣᠭᠲᠠᠭᠠᠬᠤ ᠦᠶ᠎ᠡ᠎ᠳᠦ ᠵᠦᠢ ᠶᠣᠰᠣᠴᠢ ᠴᠢᠨᠠᠷ ᠪᠠ ᠭᠤᠤᠯᠴᠢ ᠴᠢᠨᠠᠷ᠎ᠢ ᠦᠨᠡᠨ ᠬᠦ᠌ ᠪᠠᠲᠤᠯᠠᠬᠤ ᠬᠡᠷᠡᠭᠲᠡᠢ᠃ ᠢᠯᠡᠴᠢᠯᠡᠨ ᠵᠠᠭᠠᠯᠳᠣᠯᠭ᠎ᠠ᠂ ᠮᠠᠭᠤ ᠦᠨᠡᠯᠡᠯᠲᠡ᠎ᠶᠢ ᠦᠢᠯᠡᠴᠢᠯᠡᠭᠡ ᠬᠠᠩᠭᠠᠭ᠍ᠴᠢ᠎ᠶᠢ ᠦᠨᠡᠯᠡᠬᠦ ᠭᠣᠣᠯ ᠭᠦᠢᠴᠡᠳᠬᠡᠯ ᠲᠣᠭ᠎ᠠ ᠪᠣᠯᠭᠠᠵᠤ᠂ ᠰᠠᠢᠨ ᠦᠨᠡᠯᠡᠯᠲᠡ᠎ᠶᠢ ᠦᠨᠡᠨ ᠬᠦ᠌ ᠬᠡᠷᠡᠭᠯᠡᠭᠡ ᠵᠢᠨ ᠪᠡᠶᠡᠴᠢ ᠣᠢᠯᠠᠭᠠᠯᠲᠠ᠎ᠶᠢᠨ ᠪᠤᠰᠤᠳᠴᠢ ᠲᠤᠰᠬᠠᠯ ᠪᠣᠯᠭᠠᠪᠠᠯ ᠵᠣᠬᠢᠨ᠎ᠠ᠃
—︽ᠠᠵᠦ ᠠᠬᠤᠢ ᠵᠢᠨ ᠡᠳᠦᠷ᠎ᠦᠨ ᠰᠣᠨᠢᠨ︾ ᠡᠴᠡ