ᠪᠠᠪᠠᠢ ᠨᠠᠭᠤᠷ᠎ᠤᠨ ᠲᠡᠨᠵᠢᠨ᠎ᠳᠤ
2025-12-15 11:37:44
ᠵᠣᠬᠢᠶᠠᠭ᠍ᠴᠢ᠄
ᠭᠤᠸ᠎ᠠ
ᠣᠩᠱᠢᠭ᠍ᠰᠠᠨ ᠣᠳᠠᠭ᠎ᠠ᠄
★★★☆☆

12 ᠰᠠᠷ᠎ᠠ ᠵᠢᠨ ᠲᠤᠮᠳᠠᠴᠢ ᠪᠠᠷ ᠬᠦᠬᠡᠬᠤᠳᠠ ᠵᠢᠨ ᠶᠡᠭᠡ ᠲᠦᠷᠭᠡᠨ ᠭᠤᠤᠯ ᠭᠡᠰᠡᠭ ᠲᠡᠭᠡᠨ ᠬᠦᠯᠳᠡᠵᠦ᠂ ᠭᠡᠰᠡᠭ ᠲᠡᠭᠡᠨ ᠤᠷᠤᠰᠬᠠᠯ ᠤᠨᠳᠤᠷᠴᠦ᠂ ᠲᠤᠯᠠᠭᠠᠨ ᠡᠪᠦᠯ ᠪᠤᠯᠤᠭᠰᠨᠨ᠎ᠢ ᠭᠡᠷᠡᠴᠢᠯᠡᠨ᠎ᠡ᠃ ᠶᠡᠭᠡ ᠲᠦᠷᠭᠡᠨ ᠭᠤᠤᠯ᠎ᠤᠨ ᠪᠠᠪᠠᠢ ᠨᠠᠭᠤᠷ᠎ᠤᠨ ᠬᠦᠪᠡᠭᠡᠨ᠎ᠳᠤ ᠨᠠᠷᠠᠨ ᠵᠢᠷᠭᠠᠬᠤ ᠵᠢᠨ ᠠᠯᠳᠠ ᠪᠠᠷ ᠬᠦᠷᠬᠦ᠎ᠳᠤ᠂ ᠶᠡᠭᠡ ᠲᠦᠷᠭᠡᠨ ᠭᠤᠤᠯ ᠱᠤᠤᠬᠢᠨ ᠤᠷᠤᠰᠴᠦ᠂ ᠭᠤᠤᠯ᠎ᠤᠨ ᠲᠡᠨᠵᠢᠨ᠎ᠳᠤ ᠱᠠᠭᠠᠵᠠᠭᠠᠢ ᠪᠢᠯᠵᠤᠤᠬᠠᠢ ᠵᠢᠴᠢ ᠨᠡᠷ᠎ᠡ ᠵᠢ ᠨᠢ ᠮᠡᠳᠡᠬᠦ ᠦᠭᠡᠢ ᠵᠢᠵᠢᠭ ᠪᠤᠯᠵᠤᠮᠤᠷ᠎ᠤᠳ ᠱᠤᠯᠤᠭᠠᠨᠠᠯᠳᠤᠨ᠂ ᠨᠢᠯᠬ᠎ᠠ ᠭᠡᠦᠭᠡᠳ ᠵᠢᠡᠨ ᠲᠡᠪᠡᠷᠢᠨ ᠰᠡᠯᠡᠬᠦᠴᠡᠭᠰᠡᠨ᠂ ᠨᠤᠬᠠᠢ ᠪᠠᠨ ᠲᠠᠭᠠᠭᠤᠯᠤᠨ ᠲᠠᠢᠪᠤᠩ ᠠᠯᠬᠤᠭᠰᠠᠨ᠂ ᠵᠢᠷᠭᠠᠬᠤ ᠨᠠᠷᠠᠨ᠎ᠤ ᠰᠢᠷᠭᠠᠯ ᠲᠤᠶᠠᠭᠠᠨ᠎ᠳᠤ ᠭᠤᠤᠯ᠎ᠤᠨ ᠦᠵᠡᠮᠵᠢ ᠲᠠᠢ ᠰᠡᠬᠦᠳᠡᠷ ᠳᠠᠳᠠᠭᠤᠯᠤᠭᠰᠠᠨ᠂ ᠭᠦᠶᠦᠵᠦ ᠪᠤᠯᠪᠠᠰᠤᠷᠠᠭᠰᠠᠨ᠂ ᠪᠠᠰᠠ ᠭᠡᠳᠦ ᠭᠤᠷᠪᠠ ᠪᠠᠷ ᠵᠢᠡᠨ ᠰᠡᠯᠡᠬᠦᠴᠡᠨ ᠲᠤᠭᠤᠷᠢᠭᠰᠠᠨ ᠬᠦᠮᠦᠰ ᠦᠳᠡᠰᠢ ᠵᠢᠨ ᠤᠯᠠᠭᠠᠨ ᠲᠤᠯᠤᠩ᠎ᠳᠤ ᠨᠦᠮᠦᠷᠢᠬᠦᠯᠦᠨ ᠲᠠᠪᠠᠳᠠᠢᠬᠠᠨ ᠵᠤᠭᠠᠯᠠᠨ᠎ᠠ᠃


QQ20251215-113619.png


             ᠭᠤᠤᠯ · ᠮᠤᠳᠤ · ᠵᠠᠮ


QQ20251215-113630.png


              ᠦᠳᠡᠰᠢ  ᠵᠢᠨ  ᠲᠤᠯᠤᠩ


QQ20251215-113638.png

                ᠰᠡᠯᠡᠭᠦᠨ ᠵᠢᠷᠭᠠᠯ 


QQ20251215-113650.png

      

                 ᠲᠡᠷᠭᠡᠯ ᠰᠠᠷᠠ


ᠤᠢᠷ᠎ᠠ ᠵᠢᠨ ᠵᠢᠯ᠎ᠳᠤ ᠬᠦᠬᠡᠬᠤᠳᠠ ᠶᠡᠭᠡ ᠲᠦᠷᠭᠡᠨ ᠭᠤᠤᠯ᠎ᠤᠨ ᠠᠮᠢ ᠠᠬᠤᠢ ᠵᠢᠨ ᠵᠠᠰᠠᠯᠳᠠ ᠵᠢ ᠴᠢᠩᠭᠠᠳᠬᠠᠵᠦ᠂ ᠤᠯᠠᠨ ᠴᠢᠳᠠᠪᠬᠢᠳᠤ ᠵᠢᠭᠤᠯᠴᠢᠯᠠᠯ ᠰᠡᠯᠡᠬᠦᠴᠡᠯ᠎ᠤᠨ ᠴᠡᠴᠡᠷᠯᠢᠭ ᠭᠠᠷᠭᠠᠭᠰᠠᠨ ᠡᠴᠡ ᠬᠤᠳᠠ ᠵᠢᠨ ᠬᠦᠮᠦᠰ ᠪᠠ ᠬᠤᠯᠠ ᠤᠢᠷ᠎ᠠ ᠵᠢᠨ ᠵᠢᠭᠤᠯᠴᠢᠯᠠᠭᠰᠠᠳ᠎ᠤᠨ ᠪᠠᠬᠠᠷᠬᠠᠨ ᠬᠦᠷᠳᠡᠭ ᠦᠵᠡᠮᠵᠢᠳᠤ ᠤᠷᠤᠨ ᠪᠤᠯᠤᠭᠰᠠᠨ ᠪᠠᠢᠨ᠎ᠠ ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号