ᠥᠪᠥᠷ ᠮᠣᠩᠭᠣᠯ᠎ᠤᠨ ᠵᠠᠮ ᠬᠠᠷᠢᠯᠴᠠᠭ᠎ᠠ
ᠲᠡᠭᠡᠭᠡᠪᠦᠷᠢ᠎ᠶᠢᠨ ᠲᠢᠩᠬᠢᠮ᠎ᠦᠨ ᠮᠡᠳᠡᠭᠡ᠎ᠶᠢ ᠦᠨᠳᠦᠰᠦᠯᠡᠪᠡᠯ᠂ ᠣᠢᠷ᠎ᠠ᠎ᠳᠤ᠂ ᠥᠪᠥᠷ ᠮᠣᠩᠭᠣᠯ᠎ᠤᠨ 《ᠵᠠᠮ ᠬᠠᠷᠢᠯᠴᠠᠭ᠎ᠠ
ᠬᠢᠭᠡᠳ ᠵᠢᠭᠤᠯᠴᠢᠯᠠᠯ᠎ᠢ ᠠᠭᠤᠰᠤᠯᠴᠠᠭᠤᠯᠤᠨ ᠬᠥᠭᠵᠢᠭᠦᠯᠬᠦ》 ᠵᠠᠮ ᠬᠠᠷᠢᠯᠴᠠᠭᠠᠨ᠎ᠤ ᠬᠦᠴᠦᠷᠬᠡᠭ ᠤᠯᠤᠰ᠎ᠤᠨ
ᠪᠦᠳᠦᠭᠡᠨ ᠪᠠᠢᠭᠤᠯᠤᠯᠳᠠ ᠵᠢᠨ ᠲᠤᠷᠰᠢᠯᠲᠠ᠎ᠶᠢᠨ ᠴᠡᠭ᠎ᠤᠨ ᠡᠭᠦᠷᠭᠡ ᠵᠠᠮ ᠬᠠᠷᠢᠯᠴᠠᠭ᠎ᠠ ᠲᠡᠭᠡᠭᠡᠪᠦᠷᠢ᠎ᠶᠢᠨ ᠶᠠᠮᠤᠨ᠎ᠤ ᠰᠢᠯᠭᠠᠨ ᠠᠪᠬᠤ᠎ᠳᠦ
ᠬᠢᠷᠢ ᠲᠡᠩᠴᠡᠵᠦ᠂ ᠥᠪᠡᠷᠲᠡᠭᠡᠨ ᠵᠠᠰᠠᠬᠤ ᠣᠷᠣᠨ᠎ᠤ ᠠᠩᠬᠠᠳᠠᠭ᠍ᠴᠢ ᠰᠢᠯᠭᠠᠨ ᠠᠪᠬᠤ᠎ᠳᠤ ᠬᠢᠷᠢ ᠲᠡᠩᠴᠡᠭᠰᠡᠨ ᠵᠠᠮ
ᠬᠠᠷᠢᠯᠴᠠᠭᠠᠨ᠎ᠤ ᠬᠦᠴᠦᠷᠬᠡᠭ ᠤᠯᠤᠰ᠎ᠤᠨ ᠪᠦᠳᠦᠭᠡᠨ ᠪᠠᠢᠭᠤᠯᠤᠯᠳᠠ ᠵᠢᠨ ᠲᠤᠷᠰᠢᠯᠲᠠ᠎ᠶᠢᠨ ᠴᠡᠭ᠎ᠤᠨ ᠡᠭᠦᠷᠭᠡ
ᠪᠣᠯᠪᠠ᠃
ᠵᠠᠮ ᠬᠠᠷᠢᠯᠴᠠᠭᠠᠨ᠎ᠤ ᠬᠦᠴᠦᠷᠬᠡᠭ ᠤᠯᠤᠰ᠎ᠤᠨ
ᠪᠦᠳᠦᠭᠡᠨ ᠪᠠᠢᠭᠤᠯᠤᠯᠳᠠ ᠵᠢᠨ ᠲᠦᠷᠦᠭᠦᠸ᠋ ᠪᠦᠯᠦᠭ᠎ᠦᠨ ᠲᠤᠷᠰᠢᠯᠲᠠ᠎ᠶᠢᠨ ᠴᠡᠭ ᠪᠣᠯᠤᠭᠰᠠᠨ᠎ᠤ ᠬᠤᠪᠢ᠎ᠳᠤ᠂ 《ᠵᠠᠮ
ᠬᠠᠷᠢᠯᠴᠠᠭ᠎ᠠ ᠬᠢᠭᠡᠳ ᠵᠢᠭᠤᠯᠴᠢᠯᠠᠯ᠎ᠢ ᠠᠭᠤᠰᠤᠯᠴᠠᠭᠤᠯᠤᠨ ᠬᠥᠭᠵᠢᠭᠦᠯᠬᠦ》 ᠲᠤᠷᠰᠢᠯᠲᠠ᠎ᠶᠢᠨ ᠴᠡᠭ ᠨᠢ 2020 ᠣᠨ᠎ᠤ 10 ᠰᠠᠷ᠎ᠠ᠎ᠳᠤ ᠵᠥᠪᠰᠢᠶᠡᠷᠡᠯ
ᠤᠯᠤᠬᠰᠠᠨ᠎ᠡᠴᠡ ᠨᠠᠭᠠᠰᠢ᠂ 1 ᠲᠡᠩᠭᠡᠯᠢᠭ 5 ᠬᠣᠩᠭᠢᠯᠬᠠᠲᠤᠨ ᠭᠣᠣᠯ ᠳᠠᠭᠠᠤ᠎ᠶᠢᠨ ᠵᠢᠭᠤᠯᠴᠢᠯᠠᠯ᠎ᠤᠨ ᠵᠠᠮ ᠬᠠᠷᠢᠯᠴᠠᠭᠠᠨ᠎ᠤ ᠭᠣᠣᠯ ᠨᠢᠷᠤᠭᠤᠪᠴᠢ᠎ᠶᠢ
ᠪᠠᠢᠭᠤᠯᠵᠤ᠂ 《ᠤᠯᠠᠭᠠᠨᠬᠤᠲᠠ ᠷᠠᠰᠢᠶᠠᠨ ᠬᠠᠢᠯᠠᠷ ᠮᠠᠨᠵᠤᠤᠷ》᠎ᠲᠤ ᠲᠦᠷᠭᠡᠨ ᠬᠦᠷᠴᠦ ᠠᠯᠭᠤᠷ ᠵᠢᠭᠤᠯᠴᠢᠯᠠᠬᠤ ᠵᠢᠭᠤᠯᠴᠢᠯᠠᠯ᠎ᠤᠨ
ᠵᠠᠮ ᠬᠠᠷᠢᠯᠴᠠᠭᠠᠨ᠎ᠤ ᠲᠣᠣᠷ᠎ᠢ ᠰᠢᠯᠢᠳᠡᠭᠵᠢᠭᠦᠯᠵᠦ᠂ ᠪᠡᠭᠡᠵᠢᠩ ᠲᠢᠶᠠᠨᠵᠢᠨ ᠾᠧᠪᠧᠢ᠎ᠶᠢ ᠲᠣᠭᠣᠷᠢᠭ᠍ᠰᠠᠨ《3 ᠴᠠᠭ᠎ᠤᠨ ᠲᠦᠷᠭᠡᠨ᠎ᠦ ᠲᠡᠮᠦᠷ ᠵᠠᠮ᠎ᠤᠨ
ᠵᠢᠭᠤᠯᠴᠢᠯᠠᠯ᠎ᠤᠨ ᠲᠣᠭᠣᠷᠢᠭ᠋》 + 《ᠤᠯᠤᠰ᠎ᠤᠨ ᠲᠠᠰ᠎ᠤᠨ ᠰᠡᠯᠡᠭᠦᠴᠠᠵᠦ ᠥᠪᠡᠰᠦᠪᠡᠨ ᠲᠡᠷᠭᠡ ᠵᠢᠯᠤᠭᠤᠳᠬᠤ ᠲᠣᠣᠷ》᠎ᠢ ᠪᠠᠢᠭᠤᠯᠵᠤ᠂
ᠵᠠᠮ ᠬᠠᠷᠢᠯᠴᠠᠭᠠᠨ᠎ᠤ ᠵᠢᠭᠤᠯᠴᠢᠯᠠᠯ᠎ᠤᠨ ᠰᠠᠭᠤᠷᠢ ᠲᠦᠭᠦᠭᠡᠷᠦᠮᠵᠢ ᠵᠢ ᠢᠵᠢ ᠪᠦᠷᠢᠳᠦᠭᠦᠯᠦᠨ ᠲᠡᠭᠦᠯᠳᠡᠷᠵᠢᠭᠦᠯᠵᠦ᠂
ᠬᠠᠲᠤᠨ ᠭᠣᠣᠯ᠎ᠤᠨ ᠰᠣᠶᠣᠯ᠂ ᠣᠷᠣᠨ ᠨᠤᠲᠤᠭ᠎ᠤᠨ ᠣᠨᠴᠠᠯᠢᠬᠳᠤ ᠨᠢᠭᠡ ᠪᠦᠯᠦᠭ ᠵᠢᠭᠤᠯᠴᠢᠯᠠᠯ᠎ᠤᠨ ᠦᠵᠡᠮᠵᠢ᠎ᠶᠢᠨ
ᠵᠠᠮ᠎ᠢ ᠪᠠᠢᠭᠤᠯᠵᠤ᠂ ᠵᠠᠮ ᠬᠠᠷᠢᠯᠴᠠᠭ᠎ᠠ ᠵᠢᠭᠤᠯᠴᠢᠯᠠᠯ ᠠᠭᠤᠰᠤᠯᠴᠠᠬᠤ 5 ᠵᠢᠱ᠌ᠢᠶ᠎ᠡ ᠦᠵᠡᠭᠦᠯᠬᠦ ᠲᠥᠷᠥᠯ ᠵᠦᠢᠯ
ᠢ ᠴᠤᠬᠴᠠᠯᠠᠵᠤ᠂ ᠬᠠᠲᠤᠨ ᠭᠣᠣᠯ ᠳᠠᠭᠠᠤ᠎ᠶᠢᠨ ᠣᠨᠴᠠᠯᠢᠭ᠍ᠲᠤ ᠵᠢᠭᠤᠯᠴᠢᠯᠠᠯ᠎ᠤᠨ ᠵᠠᠮ ᠬᠠᠷᠢᠯᠴᠠᠭᠠᠨ᠎ᠤ ᠦᠵᠡᠮᠵᠢ᠎ᠶᠢᠨ
ᠪᠦᠰᠡ᠂ 《ᠤᠯᠠᠭᠠᠨᠬᠤᠲᠠ ᠷᠠᠰᠢᠶᠠᠨ ᠬᠠᠢᠯᠠᠷ ᠮᠠᠨᠵᠤᠤᠷ》 ᠤᠨ ᠵᠢᠭᠤᠯᠴᠢᠯᠠᠯ ᠤᠨ ᠵᠠᠮ ᠬᠠᠷᠢᠯᠴᠠᠭᠠᠨ᠎ᠤ ᠲᠣᠭᠣᠷᠢᠭ᠋ 《ᠪᠡᠭᠡᠵᠢᠩ
ᠲᠢᠶᠠᠨᠵᠢᠨ ᠾᠧᠪᠧᠢ》᠎ᠶᠢ ᠲᠣᠭᠣᠷᠢᠭᠰᠠᠨ ᠵᠠᠮ ᠬᠠᠷᠢᠯᠴᠠᠭ᠎ᠠ ᠵᠢᠭᠤᠯᠴᠢᠯᠠᠯ ᠠᠭᠤᠰᠤᠯᠴᠠᠭᠰᠠᠨ ᠣᠨᠴᠠᠯᠢᠭ᠍ᠲᠤ
ᠣᠷᠣᠨ᠎ᠤ 《ᠨᠢᠭᠡ ᠪᠦᠰᠡ ᠨᠢᠭᠡ ᠴᠠᠭᠠᠷᠢᠭ ᠨᠢᠭᠡ ᠲᠣᠭᠣᠷᠢᠭ᠋》᠎ᠤᠨ ᠵᠢᠭᠤᠯᠴᠢᠯᠠᠯ᠎ᠤᠨ ᠵᠠᠮ ᠬᠠᠷᠢᠯᠴᠠᠭᠠᠨ᠎ᠤ ᠰᠢᠰᠲᠧᠮ᠎ᠢ
ᠦᠨᠳᠦᠰᠦᠨ᠎ᠳᠡᠭᠡᠨ ᠪᠦᠷᠢᠯᠳᠦᠭᠦᠯᠵᠦ᠂ ᠥᠪᠥᠷ ᠮᠣᠩᠭᠣᠯ᠎ᠤᠨ ᠵᠢᠭᠤᠯᠴᠢᠯᠠᠬᠰᠠᠳ ᠢ ᠭᠥᠯᠢᠶᠡᠨ ᠠᠪᠬᠤ ᠬᠡᠮᠵᠢᠶ᠎ᠡ
ᠪᠠ ᠵᠢᠭᠤᠯᠴᠢᠯᠠᠯ᠎ᠤᠨ ᠣᠷᠣᠯᠭ᠎ᠠ᠎ᠶᠢᠨ ᠬᠣᠣᠰ ᠨᠡᠮᠡᠭᠳᠡᠯ᠎ᠢ ᠳᠠᠶ᠋ᠢᠴᠢᠯᠠᠪᠠ᠃
ᠲᠤᠷᠰᠢᠯᠲᠠ᠎ᠶᠢᠨ ᠴᠡᠭ᠎ᠤᠨ ᠡᠭᠦᠷᠭᠡ᠎ᠶᠢ
ᠬᠡᠷᠡᠭᠵᠢᠭᠦᠯᠬᠦ᠎ᠪᠡᠷ ᠳᠠᠮᠵᠢᠨ᠂ ᠥᠪᠡᠷᠲᠡᠭᠡᠨ ᠵᠠᠰᠠᠬᠤ ᠣᠷᠣᠨ᠎ᠤ ᠣᠷᠣᠨ ᠪᠦᠰᠡ ᠠᠯᠤᠰᠯᠠᠭᠰᠠᠨ ᠵᠠᠮ ᠬᠠᠷᠢᠯᠴᠠᠭᠠᠨ᠎ᠤ
ᠲᠣᠣᠷ ᠰᠦᠯᠵᠢᠶ᠎ᠡ᠎ᠶᠢᠨ ᠪᠠᠢᠭᠤᠯᠤᠯᠲᠠ ᠢᠯᠡᠳᠲᠡ ᠦᠷ᠎ᠡ ᠪᠦᠲᠦᠮᠵᠢ ᠣᠯᠵᠤ᠂ ᠵᠠᠮ ᠬᠠᠷᠢᠯᠴᠠᠭᠠᠨ᠎ᠤ ᠵᠢᠭᠤᠯᠴᠢᠯᠠᠯ᠎ᠤᠨ
ᠰᠠᠭᠤᠷᠢ ᠲᠦᠭᠦᠭᠡᠷᠦᠮᠵᠢ ᠬᠢᠭᠡᠳ ᠦᠢᠯᠡᠴᠢᠯᠡᠭᠡᠨ᠎ᠦ ᠬᠢᠷᠢ ᠲᠦᠪᠰᠢᠨ᠎ᠢ ᠢᠯᠡᠳᠲᠡ ᠳᠡᠭᠡᠭᠰᠢᠯᠡᠭᠦᠯᠦᠨ᠂ ᠵᠢᠭᠤᠯᠴᠢᠯᠠᠯ᠎ᠤᠨ
ᠦᠵᠡᠮᠵᠢ᠎ᠶᠢᠨ ᠵᠠᠮ᠎ᠢ ᠪᠦᠳᠦᠭᠡᠨ ᠪᠠᠢᠭᠤᠯᠬᠤ᠂ ᠵᠠᠮ ᠱᠤᠭᠤᠮ ᠳᠠᠭᠠᠤ᠎ᠶᠢᠨ ᠵᠢᠭᠤᠯᠴᠢᠯᠠᠯ᠎ᠤᠨ ᠡᠬᠢ ᠪᠠᠶᠠᠯᠢᠭ᠋᠎ᠢ
ᠨᠡᠭᠡᠭᠡᠨ ᠬᠥᠭᠵᠢᠭᠦᠯᠬᠦ᠂ ᠵᠠᠮ ᠬᠠᠷᠢᠯᠴᠠᠭᠠᠨ᠎ᠤ ᠵᠢᠭᠤᠯᠴᠢᠯᠠᠯ᠎ᠤᠨ ᠦᠢᠯᠡᠴᠢᠯᠡᠭᠡᠨ᠎ᠦ ᠬᠢᠷᠢ ᠲᠦᠪᠰᠢᠨ᠎ᠢ ᠳᠡᠭᠡᠭᠰᠢᠯᠡᠭᠦᠯᠬᠦ᠂
ᠵᠠᠮ ᠬᠠᠷᠢᠯᠴᠠᠭ᠎ᠠ ᠵᠢᠭᠤᠯᠴᠢᠯᠠᠯ᠎ᠢ ᠠᠭᠤᠰᠤᠯᠴᠠᠭᠤᠯᠬᠤ ᠲᠥᠷᠥᠯ ᠵᠦᠢᠯ᠎ᠦᠨ ᠪᠡᠯᠡ ᠨᠡᠢᠯᠡᠭᠦᠯᠭᠦ ᠵᠡᠷᠭᠡ ᠲᠠᠯ᠎ᠠ᠎ᠪᠠᠷ
ᠬᠠᠭᠤᠯᠪᠤᠷᠢᠯᠠᠵᠤ ᠪᠣᠯᠬᠤᠢᠴᠠ᠂ ᠳᠡᠯᠭᠡᠷᠡᠭᠦᠯᠵᠦ ᠪᠣᠯᠬᠤᠢᠴᠠ ᠨᠢᠭᠡ ᠪᠦᠯᠦᠭ ᠲᠤᠷᠰᠢᠯᠭ᠎ᠠ ᠪᠠ ᠨᠡᠢᠲᠡᠯᠢᠭ ᠦᠷ᠎ᠡ
ᠪᠦᠲᠦᠭᠡᠯ᠎ᠢ ᠪᠤᠢ ᠪᠣᠯᠭᠠᠵᠠᠢ᠃
ᠥᠪᠡᠷᠲᠡᠭᠡᠨ ᠵᠠᠰᠠᠬᠤ ᠣᠷᠣᠨ᠎ᠤ ᠵᠠᠮ
ᠬᠠᠷᠢᠯᠴᠠᠭ᠎ᠠ ᠲᠡᠭᠡᠭᠡᠪᠦᠷᠢ᠎ᠶᠢᠨ ᠲᠢᠩᠬᠢᠮ᠎ᠦᠨ ᠬᠠᠮᠢᠶ᠎ᠠ ᠪᠦᠬᠦᠢ ᠬᠠᠷᠢᠭᠤᠴᠠᠯᠭᠠᠲᠠᠨ ᠢᠯᠡᠷᠬᠡᠢᠯᠡᠬᠦ᠎ᠳᠡᠭᠡᠨ᠂
ᠲᠠᠷᠠᠭᠠᠴᠢ᠎ᠶᠢᠨ ᠠᠯᠬᠤᠮ᠎ᠳᠤ᠂ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ᠎ᠶᠢᠨ ᠲᠢᠩᠬᠢᠮ᠎ᠡᠴᠡ
ᠲᠤᠷᠰᠢᠯᠲᠠ᠎ᠶᠢᠨ ᠴᠡᠭ᠎ᠤᠨ ᠨᠡᠢᠲᠡᠯᠢᠭ ᠲᠤᠷᠰᠢᠯᠭ᠎ᠠ ᠪᠠ ᠲᠡᠷᠢᠭᠦᠨ᠎ᠦ ᠦᠷ᠎ᠡ ᠪᠦᠲᠦᠭᠡᠯ᠎ᠢ ᠭᠦᠢᠴᠡᠳ ᠳ᠋ᠦᠩᠨᠡᠵᠦ᠂
ᠦᠷ᠎ᠡ ᠪᠦᠲᠦᠭᠡᠯ᠎ᠢ ᠤᠯᠠᠷᠢᠭᠤᠯᠤᠨ ᠬᠡᠷᠡᠭᠯᠡᠬᠦ᠎ᠶᠢ ᠴᠢᠩᠭᠠᠳᠬᠠᠨ᠂ ᠪᠥᠬᠥ ᠣᠷᠣᠨ᠎ᠤ ᠵᠠᠮ ᠬᠠᠷᠢᠯᠴᠠᠭ᠎ᠠ ᠬᠢᠭᠡᠳ
ᠵᠢᠭᠤᠯᠴᠢᠯᠠᠯ᠎ᠤᠨ ᠭᠦᠨᠵᠡᠭᠡᠢ ᠠᠭᠤᠰᠤᠯᠴᠠᠨ ᠬᠥᠭᠵᠢᠬᠦ᠎ᠶᠢ ᠤᠯᠠᠮ ᠨᠢᠭᠡ ᠠᠯᠬᠤᠮ ᠠᠬᠢᠭᠤᠯᠵᠤ᠂ ᠥᠪᠡᠰᠦᠪᠡᠨ ᠲᠡᠷᠭᠡ
ᠵᠢᠯᠤᠭᠣᠳᠤᠨ ᠵᠢᠭᠤᠯᠴᠢᠯᠠᠬᠤ ᠲᠡᠷᠢᠭᠦᠨ ᠰᠣᠩᠭᠣᠯᠲᠠ᠎ᠶᠢᠨ ᠭᠠᠵᠠᠷ᠂ ᠬᠡᠭᠡᠷ᠎ᠡ ᠪᠠᠭᠤᠳᠠᠯᠯᠠᠨ ᠵᠢᠭᠤᠯᠴᠢᠯᠠᠬᠤ
ᠣᠨᠴᠠ ᠰᠣᠩᠭᠣᠯᠲᠠ᠎ᠶᠢᠨ ᠭᠠᠵᠠᠷ᠂ ᠠᠮᠠᠷᠠᠵᠤ ᠰᠡᠯᠡᠭᠦᠴᠡᠨ ᠵᠢᠭᠤᠯᠴᠢᠯᠠᠬᠤ ᠵᠠᠪᠠᠯ ᠰᠣᠩᠭᠣᠬᠤ ᠭᠠᠵᠠᠷ᠂ ᠡᠷᠡᠭᠦᠯᠵᠢᠵᠦ
ᠰᠤᠪᠢᠯᠠᠨ ᠵᠢᠭᠤᠯᠴᠢᠯᠠᠬᠤ ᠤᠷᠢᠳᠠᠪᠡᠷ ᠰᠤᠩᠭᠤᠬᠤ ᠭᠠᠵᠠᠷ ᠬᠡᠭᠦ 《ᠵᠢᠭᠤᠯᠴᠢᠯᠠᠯ᠎ᠤᠨ 4 ᠭᠠᠵᠠᠷ》᠎ᠢ ᠴᠤᠬᠴᠠᠯᠠᠬᠤ᠎ᠳᠤ ᠵᠠᠮ
ᠬᠠᠷᠢᠯᠴᠠᠭᠠᠨ᠎ᠤ ᠲᠤᠯᠭᠠᠭᠤᠷᠢᠯᠠᠯ ᠬᠠᠩᠭᠠᠨ᠎ᠠ ᠭᠡᠵᠡᠢ᠃