— ᠡᠷᠡᠮᠡᠬᠡᠢᠯᠡᠨ ᠲᠡᠮᠡᠴᠡᠭᠰᠡᠨ 2025·ᠵᠢᠯ ᠤᠨ ᠡᠴᠤᠰ ᠤᠨ ᠠᠵᠢᠬᠯᠠᠯᠳᠠ (ᠨᠢᠭᠡ)
ᠠᠮᠢᠳᠤᠯᠢᠭ ᠬᠢᠴᠢᠶᠡᠯ᠎ᠦᠨ ᠲᠠᠩᠬᠢᠮ᠎ᠤᠨ ᠦᠵᠡᠭᠦᠯᠭᠡ᠎ᠶ᠋ᠢᠨ ᠣᠷᠳᠣᠨ᠎ᠳᠤ᠂ ᠦᠨᠳᠦᠰᠦᠲᠡᠨ᠎ᠦ ᠪᠦᠯᠬᠦᠮᠳᠡᠯ᠎ᠦᠨ ᠦᠯᠢᠭᠡᠷ ᠨᠢ ᠶᠠᠭ ᠪᠤᠯᠠᠭ᠎ᠤᠨ ᠤᠰᠤ ᠮᠡᠲᠦ ᠤᠨᠳᠤᠷᠤᠨ᠎ᠠ; ᠥᠷᠭᠡᠨ ᠠᠭᠤᠳᠠᠮ ᠮᠠᠯᠵᠢᠬᠤ ᠲᠠᠷᠢᠶᠠᠯᠠᠬᠤ ᠣᠷᠣᠨ᠎ᠳᠤ᠂ ᠬᠥᠭ᠌ᠵᠢᠯᠲᠡ᠎ᠶ᠋ᠢᠨ ᠠᠮᠵᠢᠯᠲᠠ ᠪᠦᠲᠦᠮᠵᠢ ᠪᠠ ᠲᠥᠷᠥ᠎ᠶ᠋ᠢᠨ ᠪᠣᠳᠣᠯᠭ᠎ᠠ᠎ᠶ᠋ᠢᠨ ᠬᠠᠢᠷ᠎ᠠ ᠬᠠᠯᠠᠮᠵᠢ ᠨᠢ ᠺᠠᠳ᠋ᠷ ᠣᠯᠠᠨ ᠲᠦᠮᠡᠨ᠎ᠦ ᠶᠠᠷᠢᠯᠴᠠᠬᠤ ᠭᠤᠤᠯ ᠰᠡᠳᠦᠪ ᠪᠣᠯᠵᠠᠢ ᠁
ᠤᠳᠠᠯ ᠦᠬᠡᠢ ᠥᠩᠭᠡᠷᠡᠨ ᠤᠳᠬᠤ 2025 ᠣᠨ᠎ᠢ ᠡᠷᠭᠢᠴᠡᠭᠦᠯᠬᠦᠶ᠎ᠡ᠂ ᠣᠮᠣᠭ ᠲᠡᠭᠦᠯᠳᠡᠷ᠎ᠢᠶᠡᠷ ᠡᠷᠡᠯᠬᠡᠭ᠌ᠯᠡᠨ ᠤᠷᠤᠭ᠍ᠰᠢᠯᠠᠬᠤ ᠬᠦᠭ ᠠᠶᠠᠰ ᠦᠷᠭᠦᠯᠵᠢᠯᠡᠨ ᠴᠤᠤᠷᠢᠶᠠᠳᠤᠨ᠎ᠠ — ᠥᠪᠥᠷ ᠮᠣᠩᠭᠣᠯ᠎ᠤᠨ ᠠᠵᠤ ᠠᠬᠤᠢ᠎ᠶ᠋ᠢᠨ ᠪᠠᠢᠭᠤᠯᠤᠯᠲᠠ᠂ ᠤᠯᠤᠰ ᠳᠦᠷᠦ᠍᠎ᠶ᠋ᠢᠨ ᠪᠠᠢᠭᠤᠯᠤᠯᠲᠠ᠂ ᠰᠣᠶᠣᠯ᠎ᠤᠨ ᠪᠠᠢᠭᠤᠯᠤᠯᠲᠠ᠂ ᠨᠡᠢᠭᠡᠮ᠎ᠦᠨ ᠪᠠᠢᠭᠤᠯᠤᠯᠲᠠ᠂ ᠠᠮᠢ ᠠᠬᠤᠢ᠎ᠶ᠋ᠢᠨ ᠪᠣᠯᠪᠠᠰᠤᠨ᠎ᠤ ᠪᠠᠢᠭᠤᠯᠤᠯᠲᠠ ᠪᠣᠯᠤᠨ ᠨᠠᠮ᠎ᠤᠨ ᠪᠠᠢᠭᠤᠯᠤᠯᠲᠠ ᠵᠡᠷᠭᠡ ᠨᠢ ᠢᠮᠠᠭ᠍ᠲᠠ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠭᠡᠬᠦ ᠡᠨᠡ ᠬᠦ᠌ ᠭᠣᠣᠯ ᠱᠢᠵᠢᠮ᠎ᠲᠡᠶ ᠨᠢᠭ᠍ᠲᠠ ᠤᠶᠠᠯᠳᠤᠵᠤ᠂ ᠥᠴᠦᠬᠡᠨ ᠴᠦ᠍ ᠬᠡᠯᠪᠡᠢᠭᠰᠡᠨ ᠦᠬᠡᠢ᠃
ᠥᠨᠭᠭᠡᠷᠡᠭᠰᠡᠨ ᠵᠢᠯ ᠤᠨ ᠲᠤᠷᠰᠢ᠂ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ ᠡᠷᠡᠮᠡᠬᠡᠢᠯᠡᠨ ᠤᠷᠤᠭ᠍ᠰᠢᠯᠠᠬᠤ ᠳᠤᠮᠳᠠ ᠬᠠᠳᠠᠨ ᠵᠣᠷᠢᠭ᠎ᠢ ᠢᠯᠡᠷᠡᠭᠦᠯᠵᠦ᠍᠂ ᠮᠢᠩᠭᠠᠨ ᠤᠩᠭᠤᠴᠠ ᠳᠠᠷᠪᠠᠭᠤᠯ ᠬᠡᠢᠰᠭᠡᠨ ᠤᠷᠤᠭ᠍ᠰᠢᠯᠠᠬᠤ ᠳᠤᠮᠳᠠ ᠣᠮᠣᠭ ᠵᠣᠷᠢᠭ ᠪᠠᠳᠠᠷᠠᠵᠤ᠂ ᠠᠮᠤᠷ ᠲᠠᠢᠪᠤᠩ ᠠᠵᠤ ᠲᠦᠷᠦᠭᠦ᠌᠂ ᠢᠲᠡᠭᠡᠯ ᠲᠡᠭᠦᠯᠳᠡᠷ ᠨᠡᠭᠡᠭᠡᠯᠲᠡᠲᠦ ᠰᠦᠷᠯᠢᠭ ᠰᠠᠢᠬᠠᠨ ᠦᠵᠡᠮᠵᠢᠳᠤ ᠵᠢᠷᠤᠭ᠎ᠢ ᠬᠠᠮᠲᠤ᠎ᠪᠠᠷ ᠵᠢᠷᠤᠭ᠍ᠯᠠᠪᠠ᠃
ᠦᠨᠳᠦᠰᠦ ᠵᠢ ᠪᠡᠬᠢᠵᠢᠬᠦᠯᠦᠨ ᠰᠦᠭ ᠰᠦᠨᠡᠰᠦ᠎ᠶ᠋ᠢ ᠱᠤᠭᠤᠵᠤ ᠦᠵᠡᠯ ᠰᠠᠨᠠᠭ᠎ᠠ᠎ᠪᠠᠷ ᠬᠦᠳᠦᠯᠦᠨ ᠲᠠᠭᠠᠭᠤᠯᠵᠤ ᠬᠥᠮᠦᠰ᠎ᠦᠨ ᠰᠡᠳᠭᠢᠯ᠎ᠢ ᠨᠢᠭ᠍ᠲᠠᠷᠠᠭᠤᠯᠪᠠ
10 ᠰᠠᠷ᠎ᠠ᠎ᠶ᠋ᠢᠨ 16 ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠨᠢᠭᠡᠳᠦᠮᠡᠯ ᠹᠷᠣᠨᠲ᠎ᠤᠨ ᠬᠡᠯᠲᠡᠰ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠦ ᠬᠡᠷᠡᠭ ᠡᠷᠭᠢᠯᠡᠬᠦ᠌ ᠵᠥᠪᠯᠡᠯ᠎ᠡᠴᠡ ᠭᠤᠤᠯᠯᠠᠨ ᠡᠷᠭᠢᠯᠡᠭ᠌ᠰᠡᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠣᠨᠣᠯ᠎ᠤᠨ ᠰᠤᠳᠤᠯᠭᠠᠨ᠎ᠤ ᠦᠷ᠎ᠡ ᠪᠦᠲᠦᠭᠡᠯ᠎ᠦᠨ ᠦᠵᠡᠭᠦᠯᠭᠡ ᠥᠪᠥᠷ ᠮᠣᠩᠭᠣᠯ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠳᠤ ᠡᠬᠢᠯᠡᠵᠦ᠍ ᠂ ᠪᠥᠬᠥ᠌ ᠣᠷᠣᠨ᠎ᠤ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠪᠠᠢᠭᠤᠯᠤᠯᠲᠠ᠎ᠶ᠋ᠢ ᠠᠬᠢᠭᠤᠯᠬᠤ ᠶᠠᠪᠤᠴᠠ᠎ᠳᠤ ᠣᠯᠤᠭ᠍ᠰᠠᠨ ᠡᠯᠪᠡᠭ ᠪᠠᠶᠠᠯᠢᠭ ᠦᠷ᠎ᠡ ᠪᠦᠲᠦᠭᠡᠯ᠎ᠢ ᠱᠢᠰᠲ᠋ᠧᠮ᠎ᠲᠡᠶ ᠢᠯᠡᠷᠡᠭᠦᠯᠪᠡ᠃
ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠢ᠎ᠠ ᠢᠮᠠᠭ᠍ᠲᠠ ᠶᠡᠷᠦᠩᠬᠡᠢ ᠱᠦᠵᠢ ᠰᠢ ᠵᠢᠨ ᠫᠢᠩ᠎ᠦᠨ ᠬᠦᠰᠡᠯ ᠨᠠᠢᠳᠠᠯᠭ᠎ᠠ᠎ᠶ᠋ᠢ ᠪᠠᠲᠤ ᠴᠡᠭᠡᠵᠢᠯᠡᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠪᠠᠢᠭᠤᠯᠤᠯᠲᠠ᠎ᠶ᠋ᠢ ᠠᠬᠢᠭᠤᠯᠬᠤ᠎ᠶ᠋ᠢ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠥᠪᠥᠷ ᠮᠣᠩᠭᠣᠯ᠎ᠤᠨ ᠪᠦᠳᠦᠭᠡᠨ ᠪᠠᠢᠭᠤᠯᠤᠯᠲᠠ᠎ᠶ᠋ᠢᠨ ᠪᠦᠬᠦ᠌ ᠲᠠᠯ᠎ᠠ᠎ᠶ᠋ᠢᠨ ᠴᠢᠨᠠᠷᠲᠠᠢ᠂ ᠪᠠᠢᠯᠳᠤᠬᠤ ᠪᠤᠳᠤᠯᠭ᠎ᠠ᠎ᠶ᠋ᠢᠨ ᠴᠢᠨᠠᠷᠲᠠᠢ᠂ ᠰᠠᠭᠤᠷᠢ ᠴᠢᠨᠠᠷᠲᠠᠢ ᠠᠵᠢᠯ ᠪᠣᠯᠭᠠᠨ ᠠᠳᠭᠤᠵᠠᠢ᠃
ᠰᠠᠭᠤᠷᠢ᠎ᠶ᠋ᠢ ᠪᠠᠳᠤᠳᠬᠠᠨ᠎ᠠ᠂ ᠤᠨᠤᠯ᠎ᠤᠨ ᠪᠠᠢᠭᠤᠯᠤᠯᠲᠠ ᠪᠣᠯᠤᠨ ᠰᠤᠳᠤᠯᠭᠠᠨ᠎ᠤ ᠱᠢᠰᠲ᠋ᠧᠮ ᠦᠷᠭᠦᠯᠵᠢᠯᠡᠨ ᠭᠦᠨᠵᠡᠭᠡᠢᠷᠡᠪᠠ —
ᠣᠳᠣᠬᠠᠨ᠎ᠳᠤ᠂ ᠪᠥᠬᠥ᠌ ᠣᠷᠣᠨ᠎ᠳᠤ ᠤᠯᠤᠰ᠎ᠤᠨ ᠲᠠᠰ᠎ᠤᠨ ᠰᠤᠳᠤᠯᠭᠠᠨ᠎ᠤ ᠰᠠᠭᠤᠷᠢᠨ᠎ᠢ 2᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠰᠤᠳᠤᠯᠭᠠᠨ᠎ᠤ(ᠪᠣᠢᠵᠢᠭᠤᠯᠬᠤ) ᠰᠠᠭᠤᠷᠢᠨ ᠢ 19 ᠪᠠᠢᠭᠤᠯᠵᠤ᠂ ᠥᠪᠥᠷ ᠮᠣᠩᠭᠣᠯ᠎ᠤᠨ ᠪᠠᠭ᠍ᠰᠢ᠎ᠶ᠋ᠢᠨ ᠶᠡᠬᠡ ᠰᠤᠷᠭᠠᠭᠤᠯᠢ᠎ᠳᠤ ᠲᠦᠱᠢᠭ᠌ᠯᠡᠨ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠰᠤᠳᠤᠯᠭᠠᠨ᠎ᠤ ᠲᠥᠪ᠎ᠢ ᠪᠠᠢᠭᠤᠯᠵᠤ᠂ ᠪᠥᠬᠥ᠌ ᠣᠷᠣᠨ᠎ᠤ ᠰᠤᠳᠤᠯᠭᠠᠨ᠎ᠤ ᠰᠠᠭᠤᠷᠢᠨ᠎ᠤ ᠬᠣᠯᠪᠣᠭ᠎ᠠ᠎ᠶ᠋ᠢ ᠪᠠᠢᠭᠤᠯᠵᠤ᠂ 《ᠰᠤᠳᠤᠯᠭᠠᠨ᠎ᠤ ᠲᠥᠪ + ᠰᠠᠭᠤᠷᠢᠨ᠎ᠤ ᠬᠣᠯᠪᠣᠭ᠎ᠠ + ᠰᠤᠳᠤᠯᠭᠠᠨ᠎ᠤ ᠰᠠᠭᠤᠷᠢᠨ》 ᠤ᠋ ᠣᠨᠣᠯ᠎ᠤᠨ ᠰᠤᠳᠤᠯᠭᠠᠨ᠎ᠤ ᠠᠵᠢᠯ᠎ᠤᠨ ᠲᠣᠭ᠍ᠲᠠᠴᠠ᠎ᠶ᠋ᠢ ᠪᠦᠷᠢᠯᠳᠦᠭᠦᠯᠪᠡ᠃
ᠦᠨᠳᠦᠰᠦ ᠵᠢ ᠪᠡᠬᠢᠵᠢᠭᠦᠯᠦᠨ᠎ᠠ ᠂ ᠰᠤᠷᠭᠠᠨ ᠬᠥᠮᠥᠵᠢᠭᠦᠯᠵᠦ ᠬᠥᠲᠥᠯᠥᠨ ᠵᠢᠯᠤᠭᠣᠳᠬᠤ ᠪᠠ ᠤᠬᠠᠭᠤᠯᠤᠨ ᠲᠦᠭᠡᠮᠡᠯᠵᠢᠭᠦᠯᠬᠦ᠎ᠶᠢ ᠪᠦᠬᠦ ᠲᠠᠯ᠎ᠠ᠎ᠪᠠᠷ ᠪᠦᠷᠬᠦᠭᠦᠯᠪᠡ ︱
ᠥᠪᠥᠷ ᠮᠣᠩᠭᠣᠯ ᠶᠡᠷᠦᠩᠬᠡᠢ ᠱᠦᠵᠢ ᠰᠢ᠎ᠶᠢᠨ ᠫᠢᠩ᠎ᠤᠨ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠭᠴᠠᠯᠠᠬᠤ ᠲᠤᠬᠠᠢ ᠴᠢᠬᠤᠯᠠ ᠥᠭᠦᠯᠡᠯᠲᠡ᠎ᠶᠢ ᠡᠯ᠎ᠡ ᠱᠠᠲᠤᠨ᠎ᠦ ᠨᠠᠮ᠎ᠦᠨ ᠬᠣᠷᠢᠶ᠎ᠠ (ᠨᠠᠮ᠎ᠦᠨ ᠤᠳᠤᠷᠢᠳᠬᠤ ᠳᠤᠭᠤᠢᠯᠠᠩ ) ᠶ᠋ᠢᠨ ᠤᠨᠤᠯ ᠰᠤᠷᠤᠯᠴᠠᠬᠤ ᠭᠣᠣᠯ ᠳᠤᠭᠤᠢᠯᠠᠩ᠎ᠦᠨ ᠰᠤᠷᠤᠯᠴᠠᠬᠤ ᠴᠢᠬᠤᠯᠠ ᠠᠭᠤᠯᠭ᠎ᠠ ᠪᠣᠯᠭᠠᠵᠤ᠂ ᠨᠠᠮ᠎ᠦᠨ ᠭᠡᠰᠢᠭᠦᠨ ᠺᠠᠳ᠋ᠷ᠎ᠦᠨ ᠰᠤᠷᠤᠯᠴᠠᠬᠤ ᠲᠥᠯᠥᠪᠯᠡᠭᠡ ᠪᠣᠯᠣᠨ ᠬᠥᠮᠦᠵᠢᠯ ᠪᠣᠯᠪᠠᠰᠤᠷᠠᠯ᠎ᠦᠨ ᠲᠥᠯᠦᠪᠵᠢᠭᠦᠯᠭᠡ᠎ᠳᠤ ᠣᠷᠣᠭᠤᠯᠵᠤ᠂ ᠡᠯ᠎ᠡ ᠱᠠᠲᠤᠨ᠎ᠦ ᠨᠠᠮ᠎ᠦᠨ ᠰᠤᠷᠭᠠᠭᠤᠯᠢ (ᠵᠠᠰᠠᠭ ᠵᠠᠬᠢᠷᠭᠠᠨ᠎ᠦ ᠳᠡᠭᠡᠳᠦ ᠰᠤᠷᠭᠠᠭᠤᠯᠢ)᠂ ᠨᠡᠢᠭᠡᠮ ᠵᠢᠷᠤᠮ᠎ᠦᠨ ᠳᠡᠭᠡᠳᠦ ᠰᠤᠷᠭᠠᠭᠤᠯᠢ᠎ᠶᠢᠨ ᠲᠤᠰᠬᠠᠢ ᠰᠡᠳᠦᠪᠲᠦ ᠬᠢᠴᠢᠶᠡᠯ᠎ᠦᠨ ᠡᠵᠡᠯᠡᠬᠦ ᠬᠠᠷᠢᠴᠠᠯ᠎ᠢ 20% ᠡᠴᠡ ᠳᠡᠭᠡᠭᠰᠢ ᠪᠣᠯᠭᠠᠨ ᠳᠡᠭᠡᠭᠰᠢᠯᠡᠭᠦᠯᠪᠡ ᠃ ᠮᠤᠵᠢ᠎ᠶᠢᠨ ᠱᠠᠲᠤᠨ᠎ᠤ ᠤᠳᠤᠷᠢᠳᠬᠤ ᠨᠥᠬᠥᠳ ᠶᠡᠬᠡ ᠳᠡᠭᠡᠳᠦ ᠰᠤᠷᠭᠠᠭᠤᠯᠢ᠎ᠳᠤ ᠬᠦᠷᠴᠦ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠭᠴᠠᠯᠠᠬᠤ ᠤᠬᠠᠭᠤᠯᠭ᠎ᠠ᠎ᠶᠢ ᠥᠷᠨᠢᠭᠦᠯᠵᠦ᠂ ᠶᠡᠬᠡ ᠳᠡᠭᠡᠳᠦ ᠰᠤᠷᠭᠠᠭᠤᠯᠢ᠎ᠳᠤ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠬᠤᠷᠢᠶᠠᠩᠭᠤᠢ ᠵᠢᠨ ᠵᠠᠪᠠᠯ ᠰᠤᠷᠬᠤ ᠬᠢᠴᠢᠶᠡᠯ᠎ᠢ ᠪᠦᠬᠦ ᠲᠠᠯ᠎ᠠ᠎ᠪᠠᠷ ᠨᠡᠭᠡᠭᠡᠵᠦ᠂ 《 ᠠᠨᠠᠷ᠎ᠤᠨ ᠤᠯᠠᠭᠠᠨ 》 ᠵᠡᠷᠭᠡ ᠣᠨᠴᠠᠯᠢᠭ᠍ᠲᠤ ᠦᠵᠡᠯ ᠰᠠᠨᠠᠭ᠎ᠠ ᠤᠯᠤᠰ ᠲᠦᠷᠦ᠎ᠶᠢᠨ ᠬᠢᠴᠢᠶᠡᠯ᠎ᠢ ᠨᠡᠬᠡᠬᠡᠵᠤ ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠭᠴᠠᠯᠠᠬᠤ᠎ᠶᠢ ᠡᠯ᠎ᠡ ᠱᠠᠲᠤᠨ᠎ᠤ ᠡᠯ᠎ᠡ ᠲᠦᠷᠦᠯ᠎ᠦᠨ ᠰᠤᠷᠭᠠᠭᠤᠯᠢ᠎ᠶᠢᠨ ᠰᠤᠷᠭᠠᠭᠤᠯᠢ ᠡᠷᠬᠢᠯᠡᠵᠤ ᠰᠤᠷᠭᠠᠭᠤᠯᠢ᠎ᠶᠢ ᠵᠠᠰᠠᠬᠤ᠂ ᠪᠢᠴᠢᠭ ᠵᠢᠭᠠᠵᠤ ᠬᠥᠮᠥᠨ᠎ᠢ ᠬᠥᠮᠥᠵᠢᠭᠦᠯᠬᠦ ᠪᠦᠬᠦ ᠶᠠᠪᠤᠴᠠ᠎ᠳᠤ ᠠᠭᠤᠰᠤᠯᠴᠠᠭᠤᠯᠪᠠ᠃
ᠰᠢᠨ᠎ᠡ᠎ᠶᠢ ᠡᠭᠦᠳᠦᠨ᠎ᠠ᠂ ᠤᠬᠠᠭᠤᠯᠭ᠎ᠠ᠎ᠶᠢᠨ ᠬᠡᠯᠪᠡᠷᠢ ᠬᠢᠭᠡᠳ ᠰᠣᠶᠣᠯ᠎ᠤᠨ ᠤᠮᠳᠠᠯᠠᠯ ᠪᠠᠶᠠᠯᠢᠭ᠋ ᠠᠭᠤᠯᠭ᠎ᠠ᠎ᠲᠠᠢ ᠪᠣᠯᠪᠠ ︱
ᠥᠪᠡᠷᠲᠡᠭᠡᠨ ᠵᠠᠰᠠᠬᠤ ᠣᠷᠣᠨ᠎ᠤ ᠲᠥᠴᠢᠨ ᠬᠤᠶᠠᠳᠡᠬᠢ ᠦᠨᠳᠦᠰᠦᠲᠡᠨ᠎ᠦ ᠪᠦᠯᠬᠦᠮᠳᠡᠯ ᠳᠠᠪᠰᠢᠯᠲᠠ ᠶᠢᠨ ᠠᠵᠢᠯᠯᠠᠭ᠎ᠠ᠎ᠶᠢᠨ ᠰᠠᠷ᠎ᠠ᠎ᠶᠢᠨ ᠬᠤᠭᠤᠴᠠᠭᠠᠨ᠎ᠳᠤ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠦ ᠬᠡᠷᠡᠭ ᠡᠷᠭᠢᠯᠡᠬᠦ ᠵᠥᠪᠯᠡᠯ ᠣᠯᠠᠨ ᠰᠠᠯᠠᠭ᠎ᠠ ᠮᠥᠴᠢᠷ᠎ᠲᠠᠢ ᠬᠠᠮᠲᠤᠷᠠᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠭᠴᠠᠯᠠᠬᠤ ᠲᠡᠦᠬᠡ᠎ᠶᠢᠨ ᠳᠤᠷᠠᠰᠬᠠᠯᠲᠤ ᠵᠦᠢᠯᠡᠰ ᠡᠷᠲᠡᠨ᠎ᠦ ᠨᠣᠮ ᠪᠢᠴᠢᠭ᠎ᠦᠨ ᠦᠵᠡᠰᠭᠦᠯᠡᠩ (ᠣᠷᠳᠣᠰ ᠥᠷᠲᠡᠭᠡ) ᠵᠢᠴᠢ ᠦᠨᠳᠦᠰᠦᠲᠡᠨ᠎ᠦ ᠡᠷᠲᠡᠨ᠎ᠦ ᠨᠣᠮ ᠪᠢᠴᠢᠭ ᠲᠤᠯᠭᠤᠷ ᠪᠢᠴᠢᠭ ᠵᠢᠴᠢ ᠦᠷ᠎ᠡ ᠪᠦᠲᠦᠭᠡᠯ᠎ᠦᠨ ᠦᠵᠡᠰᠭᠦᠯᠡᠩ》 ᠢ᠋ ᠡᠷᠭᠢᠯᠡᠵᠦ᠂ ᠡᠷᠲᠡᠨ᠎ᠦ ᠨᠣᠮ ᠪᠢᠴᠢᠭ ᠲᠤᠯᠭᠤᠷ ᠪᠢᠴᠢᠭ᠎ᠢᠶᠡᠷ ᠵᠠᠭᠤᠴᠢ ᠪᠣᠯᠭᠠᠨ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠥᠯᠢᠭᠡᠷ᠎ᠢ ᠶᠠᠷᠢᠪᠠ; ᠥᠪᠥᠷ ᠮᠣᠩᠭᠣᠯ᠎ᠤᠨ ᠮᠦᠽᠧᠢ ᠲᠣᠭᠠᠴᠢᠯᠠᠭᠰᠠᠨ ᠮᠦᠽᠧᠢ᠂ ᠨᠡᠭᠦᠳᠡᠯ ᠮᠦᠽᠧᠢ᠎ᠳᠦ ᠲᠦᠰᠢᠭᠯᠡᠵᠤ᠂ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠠᠷᠤ᠎ᠳᠠᠬᠢ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠦᠯᠢᠭᠡᠷ᠎ᠢ ᠨᠡᠢᠭᠡᠮ ᠲᠣᠭᠣᠷᠢᠭ᠋᠂ ᠰᠤᠷᠭᠠᠭᠤᠯᠢ᠎ᠳᠤ ᠬᠦᠷᠭᠡᠪᠡ; ᠬᠥᠬᠡᠬᠣᠲᠠ 《ᠠᠨᠠᠷ᠎ᠤᠨ ᠴᠡᠴᠡᠭ ᠳᠡᠯᠭᠡᠷᠡᠨᠡᠮ ᠬᠥᠬᠡᠬᠣᠲᠠ᠎ᠶᠢ ᠬᠠᠷᠠᠬᠤᠢ》 ᠵᠠᠭᠤᠴᠢᠯᠠᠭᠤᠷ᠎ᠤᠨ ᠰᠣᠷᠪᠤᠯᠵᠢᠯᠠᠭ᠎ᠠ᠎ᠶᠢᠨ ᠠᠵᠢᠯᠯᠠᠭ᠎ᠠ᠎ᠶᠢ ᠥᠷᠨᠢᠭᠦᠯᠵᠦ᠂ ᠲᠦᠩᠯᠢᠶᠣᠣ ᠬᠤᠲᠠ《ᠦᠨᠳᠦᠰᠦᠲᠡᠨ᠎ᠦ ᠠᠭᠤᠰᠤᠯᠴᠠᠯ᠎ᠤᠨ ᠦᠵᠡᠮᠵᠢᠳᠤ ᠵᠢᠷᠤᠭ ︱ ᠲᠦᠩᠯᠢᠶᠣᠣ᠎ᠶᠢᠨ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ᠎ᠦᠨ ᠰᠠᠢᠨ ᠰᠠᠢᠬᠠᠨ ᠠᠮᠢᠳᠤᠷᠠᠯ᠎ᠢ ᠬᠠᠮᠲᠤ ᠪᠠᠷ ᠴᠣᠭᠴᠠᠯᠠᠭᠰᠠᠨ ᠭᠡᠷᠡᠯ ᠵᠢᠷᠤᠭ᠎ᠤᠨ ᠦᠵᠡᠰᠬᠦᠯᠡᠩ》 ᠵᠡᠷᠭᠡ ᠠᠵᠢᠯᠯᠠᠭ᠎ᠠ᠎ᠶᠢ ᠥᠷᠨᠢᠭᠦᠯᠵᠦ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠰᠡᠳᠬᠢᠯ ᠨᠢᠭᠡᠳᠦᠨ ᠬᠦᠴᠦ᠎ᠪᠡᠨ ᠬᠠᠮᠲᠤᠳᠬᠠᠵᠤ᠂ ᠪᠦᠯᠬᠦᠮᠳᠡᠨ ᠲᠡᠮᠡᠴᠡᠭᠰᠡᠨ ᠠᠮᠢᠳᠤᠯᠢᠭ᠋ ᠦᠵᠡᠭᠳᠡᠯ ᠪᠠᠢᠳᠠᠯ᠎ᠢ ᠢᠯᠡᠷᠡᠭᠦᠯᠪᠡ᠃
ᠥᠪᠡᠷᠲᠡᠭᠡᠨ ᠵᠠᠰᠠᠬᠤ ᠣᠷᠣᠨ᠂ ᠠᠢᠮᠠᠭ ᠬᠣᠲᠠ᠂ ᠬᠣᠰᠢᠭᠤ ᠰᠢᠶᠠᠨ ᠭᠤᠷᠪᠠᠨ ᠱᠠᠲᠤᠨ᠎ᠤ ᠤᠬᠠᠭᠤᠯᠤᠨ ᠲᠠᠢᠯᠪᠤᠷᠢᠯᠠᠬᠤ ᠪᠦᠯᠬᠦᠮ᠎ᠢ ᠪᠠᠢᠭᠤᠯᠤᠨ ᠬᠦᠴᠦᠷᠬᠡᠭᠵᠢᠭᠦᠯᠬᠦ᠎ᠡᠴᠡ ᠠᠪᠤᠭᠠᠳ 《ᠨᠠᠮ᠎ᠤᠨ ᠠᠴᠢ᠎ᠳᠦ ᠲᠠᠯᠠᠷᠬᠠᠵᠤ᠂ ᠨᠠᠮ᠎ᠤᠨ ᠦᠭᠡ᠎ᠶᠢ ᠰᠣᠨᠣᠰᠴᠤ᠂ ᠨᠠᠮ᠎ᠢᠶᠠᠨ ᠳᠠᠭᠠᠵᠤ ᠤᠷᠤᠬᠰᠢᠯᠠᠨ᠎ᠠ》 ᠣᠯᠠᠨ ᠲᠦᠮᠡᠨᠴᠢ ᠬᠥᠮᠦᠵᠢᠯ ᠦᠢᠯᠡᠳᠦᠯᠭᠡ᠎ᠶᠢᠨ ᠠᠵᠢᠯᠯᠠᠭ᠎ᠠ᠎ᠶᠢ ᠪᠠᠢᠩᠭᠤᠵᠢᠭᠤᠯᠤᠨ ᠥᠷᠨᠢᠭᠦᠯᠦᠭᠰᠡᠨ ᠬᠦᠷᠲᠡᠯ᠎ᠡ᠂ ᠳᠠᠬᠢᠭᠠᠳ ᠥᠪᠡᠷᠲᠡᠭᠡᠨ ᠵᠠᠰᠠᠬᠤ ᠣᠷᠣᠨ᠎ᠤ ᠵᠠᠭᠤᠴᠢᠯᠠᠭᠤᠷ 《ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ ᠵᠢᠨ ᠤᠬᠠᠮᠰᠠᠷ᠎ᠢ ᠪᠠᠲᠤ ᠴᠤᠭᠴᠠᠯᠠᠬᠤ ᠵᠢ ᠭᠦᠨᠵᠡᠭᠡᠢᠷᠡᠭᠦᠯᠦᠨ ᠪᠣᠳᠠᠲᠠᠢᠵᠢᠭᠤᠯᠬᠤ᠎ᠶᠢ ᠠᠬᠢᠭᠤᠯᠬᠤ》ᠵᠡᠷᠭᠡ ᠲᠤᠰᠬᠠᠢ ᠪᠤᠯᠤᠩ ᠲᠤᠰᠬᠠᠢ ᠰᠡᠳᠦᠪ᠎ᠢ ᠪᠠᠢᠩᠭᠤᠵᠢᠭᠤᠯᠤᠨ ᠨᠡᠭᠡᠭᠡᠭᠰᠡᠨ ᠬᠦᠷᠲᠡᠯ᠎ᠡ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠤᠨ ᠦᠷ᠎ᠡ᠎ᠵᠢ ᠤᠮᠠᠷᠠᠲᠤ ᠬᠢᠯᠢ᠎ᠶᠢᠨ ᠥᠩ ᠰᠢᠮᠡᠯᠢᠭ ᠬᠥᠷᠥᠰᠥᠨ᠎ᠳᠦ ᠦᠨᠳᠦᠰᠦᠯᠡᠭᠦᠯᠵᠦ᠂ ᠦᠰᠭᠡᠨ ᠪᠤᠢᠵᠢᠭᠤᠯᠵᠤ᠂ ᠴᠡᠴᠡᠭᠯᠡᠭᠦᠯᠦᠨ ᠳᠡᠯᠭᠡᠷᠡᠭᠦᠯᠪᠡ᠃
ᠬᠢᠯᠢ ᠬᠢᠵᠠᠭᠠᠷ᠎ᠢ ᠬᠥᠭᠵᠢᠭᠦᠯᠦᠨ ᠠᠷᠠᠳ᠎ᠢ ᠪᠠᠶᠠᠵᠢᠭᠤᠯᠵᠤ ᠬᠥᠭᠵᠢᠯᠲᠡ᠎ᠶᠢᠨ ᠦᠷ᠎ᠡ ᠪᠦᠲᠦᠭᠡᠯ᠎ᠢ ᠲᠦᠭᠡᠮᠡᠯ ᠬᠦᠷᠲᠡᠭᠡᠵᠦ ᠬᠠᠮᠲᠤ ᠪᠠᠷ ᠡᠳ᠋ᠯᠡᠪᠡ
5 ᠰᠠᠷ᠎ᠠ᠎ᠶᠢᠨ 29 ᠤ᠋ ᠡᠳᠦᠷ᠂ ᠵᠤᠨ᠎ᠤ ᠤᠯᠠᠷᠢᠯ᠎ᠤᠨ ᠪᠣᠷᠣᠳᠣᠬᠣᠢ᠎ᠶᠢᠨ ᠡᠬᠡ ᠭᠠᠵᠠᠷ ᠬᠦᠬᠡᠷᠡᠨ ᠨᠤᠭᠤᠭᠠᠷᠠᠵᠤ᠂ ᠲᠦᠮᠡᠨ ᠪᠣᠳᠠᠰ ᠠᠮᠢᠯᠠᠨ ᠲᠥᠯᠵᠢᠨ᠎ᠡ᠃《ᠠᠷᠠᠳ᠎ᠤᠨ ᠡᠵᠡᠩᠨᠡᠯᠲᠡ᠎ᠶᠢᠨ ᠠᠵᠤ ᠠᠬᠤᠢᠯᠠᠯ ᠬᠢᠯᠢ ᠬᠢᠵᠠᠭᠠᠷᠤᠷᠤᠨ ᠳ᠋ᠤ ᠣᠷᠣᠬᠤ·ᠥᠪᠥᠷ ᠮᠣᠩᠭᠣᠯ᠎ᠳᠠᠬᠢ ᠠᠶᠠᠯᠠᠯ》 ᠤ᠋ᠨ ᠠᠵᠢᠯᠯᠠᠭ᠎ᠠ ᠪᠠᠶᠠᠨᠨᠠᠭᠤᠷ ᠬᠣᠲᠠ᠎ᠳᠤ ᠡᠬᠢᠯᠡᠪᠡ᠃ ᠠᠵᠢᠯᠯᠠᠭ᠎ᠠ᠎ᠶᠢᠨ ᠲᠤᠬᠠᠢ᠎ᠶᠢᠨ ᠲᠠᠯᠠᠪᠠᠶ᠎ᠳᠤ 40 ᠲᠥᠷᠥᠯ ᠵᠦᠢᠯ ᠳ᠋ᠤ ᠬᠡᠷ᠎ᠡ ᠲᠣᠭᠲᠠᠵᠤ᠂ ᠵᠣᠭᠣᠰ᠎ᠤᠨ ᠲᠣᠭ᠎ᠠ ᠨᠢ 500 ᠳ᠋ᠦᠩᠰᠢᠭᠤᠷ ᠲᠥᠭᠥᠷᠢᠭ᠎ᠢ ᠳᠠᠪᠠᠵᠤ᠂ ᠬᠢᠯᠢ ᠬᠢᠵᠠᠭᠠᠷ ᠣᠷᠣᠨ᠎ᠤ ᠠᠵᠤ ᠠᠬᠤᠢ ᠨᠡᠢᠭᠡᠮ᠎ᠦᠨ ᠬᠥᠭᠵᠢᠯᠲᠡ᠎ᠳᠦ ᠬᠦᠴᠦᠨ ᠨᠡᠮᠡᠷᠢᠯᠡᠬᠦ᠂ ᠬᠢᠯᠢ᠎ᠬᠢᠵᠠᠭᠠᠷ᠎ᠢ ᠰᠠᠬᠢᠵᠤ ᠬᠢᠯᠢ᠎ᠬᠢᠵᠠᠭᠠᠷ᠎ᠢ ᠪᠡᠬᠢᠵᠢᠭᠦᠯᠬᠦ ᠴᠢᠳᠠᠪᠤᠷᠢ᠎ᠶᠢ ᠴᠢᠨᠠᠭᠰᠢᠳᠠ ᠳᠡᠭᠡᠭᠰᠢᠯᠡᠭᠦᠯᠬᠦ᠎ᠳᠦ ᠬᠦᠴᠦᠲᠡᠢ ᠬᠥᠳᠡᠯᠭᠡᠬᠦ ᠡᠨᠧᠷᠭᠢ ᠨᠡᠮᠡᠷᠢᠯᠡᠪᠡ᠃
ᠡᠨᠡ ᠬᠦ᠌ ᠠᠵᠢᠯᠯᠠᠭ᠎ᠠ ᠪᠣᠯ ᠥᠪᠥᠷ ᠮᠣᠩᠭᠣᠯ᠎ᠤᠨ ᠪᠣᠳᠠᠲᠠᠢ᠎ᠶᠢ ᠡᠷᠬᠢᠮᠯᠡᠭᠰᠡᠨ ᠠᠵᠢᠯᠯᠠᠭ᠎ᠠ᠎ᠪᠠᠷ᠎ᠢᠶᠠᠨ ᠦᠨᠳᠦᠰᠦᠲᠡᠨ᠎ᠦ ᠪᠦᠯᠬᠦᠮᠳᠡᠯ᠎ᠢ ᠠᠬᠢᠭᠤᠯᠤᠭᠰᠠᠨ ᠠᠮᠢᠳᠤᠯᠢᠭ᠋ ᠬᠤᠷᠢᠶᠠᠩᠭᠤᠢ ᠳᠦᠷᠰᠦ ᠪᠣᠯᠣᠨ᠎ᠠ᠃ ᠪᠥᠬᠥ ᠣᠷᠣᠨ᠎ᠤ ᠡᠯ᠎ᠡ ᠭᠠᠵᠠᠷ᠎ᠤᠨ ᠬᠢᠨ ᠬᠠᠮᠲᠤ᠎ᠪᠠᠷ ᠪᠠᠶᠠᠵᠢᠬᠤ ᠪᠠ ᠬᠠᠢᠷ᠎ᠠ ᠰᠡᠳᠬᠢᠯᠭᠡ᠎ᠶᠢᠨ ᠠᠭᠤᠰᠤᠯᠴᠠᠯ᠎ᠢ ᠠᠬᠢᠭᠤᠯᠬᠤ ᠤᠶᠠᠯᠳᠤᠯ᠎ᠤᠨ ᠴᠡᠭ᠎ᠢ ᠢᠳᠡᠪᠬᠢᠲᠡᠢ ᠰᠦᠪᠡᠭᠴᠢᠯᠡᠵᠦ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠳᠦ ᠣᠳᠣᠬᠢᠴᠢᠯᠠᠯᠲᠠ᠎ᠶᠢᠨ ᠪᠦᠲᠦᠭᠡᠨ ᠪᠠᠢᠭᠤᠯᠤᠯᠲᠠ᠎ᠶᠢᠨ ᠦᠷ᠎ᠡ ᠪᠦᠲᠦᠭᠡᠯ᠎ᠢ ᠬᠠᠮᠲᠤ᠎ᠪᠠᠷ ᠡᠳ᠋ᠯᠡᠭᠦᠯᠵᠦ᠂ ᠵᠣᠯ ᠵᠢᠷᠭᠠᠯᠲᠤ ᠰᠠᠢᠨ ᠰᠠᠢᠬᠠᠨ ᠠᠮᠢᠳᠤᠷᠠᠯ᠎ᠢ ᠬᠠᠮᠲᠤ᠎ᠪᠠᠷ ᠡᠳ᠋ᠯᠡᠭᠦ ᠵᠢ ᠪᠡᠶᠡᠯᠡᠬᠦᠯᠪᠡ᠃
ᠪᠡᠭᠡᠵᠢᠩ ᠥᠪᠥᠷ ᠮᠣᠩᠭᠣᠯ᠎ᠤᠨ ᠬᠠᠮᠵᠢᠯᠴᠠᠭ᠎ᠠ᠎ᠵᠢᠨ ᠬᠡᠷᠡᠭᠯᠡᠭᠡ᠎ᠪᠡᠷ ᠬᠠᠪᠰᠤᠷᠤᠨ ᠲᠡᠳᠬᠦᠬᠦ ᠲᠦᠷᠭᠡᠨ ᠲᠡᠷᠭᠡᠨ᠎ᠳᠦ ᠰᠠᠭᠤᠵᠤ᠂ ᠬᠢᠩᠭᠠᠨ ᠠᠢᠮᠠᠭ᠎ᠤᠨ ᠵᠠᠯᠠᠢᠳ ᠬᠣᠰᠢᠭᠤᠨ᠎ᠤ ᠲᠦᠮᠡᠯᠵᠢ ᠪᠠᠯᠭᠠᠰᠤ᠎ᠶᠢᠨ ᠱᠤᠸᠠᠩ ᠾᠧ ᠭᠠᠴᠠᠭᠠᠨ᠎ᠤ 《ᠱᠤᠸᠠᠩ ᠾᠧ ᠨᠠᠷᠢᠮᠤ》 ᠨᠢ ᠨᠡᠢᠰᠯᠡᠯ᠎ᠦᠨ ᠵᠠᠬ᠎ᠠ ᠳᠡᠯᠭᠡᠭᠦᠷ᠎ᠲᠦ ᠣᠷᠣᠪᠠ᠃ ᠠᠯᠲᠠᠨ ᠰᠢᠷᠭᠠᠯ ᠨᠠᠷᠢᠮᠤ᠎ᠶᠢ ᠡᠮᠬᠢ ᠵᠢᠷᠤᠮ᠎ᠲᠠᠢ᠎ᠪᠠᠷ ᠤᠭᠤᠲᠠᠯᠠᠨ ᠲᠡᠭᠡᠭᠡᠪᠦᠷᠢᠯᠡᠵᠦ ᠪᠠᠢᠬᠤ᠎ᠶᠢ ᠬᠠᠷᠠᠭᠠᠳ᠂ ᠲᠦᠮᠡᠯᠵᠢ ᠪᠠᠯᠭᠠᠰᠤ᠎ᠶᠢᠨ ᠱᠤᠸᠠᠩ ᠾᠧ ᠭᠠᠴᠠᠭᠠᠨ᠎ᠤ ᠨᠠᠮ᠎ᠤᠨ ᠡᠭᠦᠷ᠎ᠦᠨ ᠱᠦᠵᠢ ᠯᠢᠦ ᠭᠠᠩ᠄ 《ᠡᠨᠡ ᠬᠡᠳᠦᠨ ᠵᠢᠯ᠎ᠳᠦ ᠱᠤᠸᠠᠨᠭ᠌ ᠾᠧ ᠨᠠᠷᠢᠮᠤ᠎ᠶᠢᠨ ᠪᠣᠷᠤᠯᠠᠭᠤᠯᠭ᠎ᠠ᠎ᠶᠢᠨ ᠬᠡᠮᠵᠢᠶ᠎ᠡ ᠡᠳᠦᠷ ᠢᠷᠡᠬᠦᠶ᠎ᠡ ᠨᠡᠮᠡᠭᠳᠡᠵᠦ᠂ ᠨᠡᠩ ᠣᠯᠠᠨ ᠲᠣᠰᠬᠣᠨ᠎ᠤ ᠠᠷᠠᠳ ᠲᠠᠷᠢᠮᠠᠯ᠎ᠤᠨ ᠡᠩᠨᠡᠭᠡᠨ᠎ᠳᠦ ᠣᠷᠣᠯᠴᠠᠵᠤ᠂ ᠣᠯᠠᠨᠵᠢᠡᠷᠵᠢᠡᠨ ᠤᠯᠠᠮ ᠵᠤᠭᠤᠰ ᠲᠠᠢ ᠪᠤᠯᠪᠠ!》 ᠭᠡᠵᠦ ᠪᠠᠶᠠᠷᠯᠠᠨ ᠬᠡᠯᠡᠪᠡ᠃ ᠪᠡᠭᠡᠵᠢᠩ ᠥᠪᠥᠷ ᠮᠣᠩᠭᠣᠯ᠎ᠤᠨ ᠬᠠᠮᠵᠢᠯᠴᠠᠭ᠎ᠠ ᠨᠢ ᠲᠠᠷᠢᠶᠠᠯᠠᠩ᠎ᠤᠨ ᠪᠦᠲᠦᠭᠡᠭᠳᠡᠬᠦᠨ᠎ᠢ ᠲᠠᠯ᠎ᠠ ᠨᠤᠲᠤᠭ᠎ᠡᠴᠡ ᠭᠠᠷᠭᠠᠭᠰᠠᠨ᠎ᠢᠶᠠᠷ ᠪᠠᠷᠠᠬᠤ ᠦᠭᠡᠢ᠂ ᠦᠨᠳᠦᠰᠦᠲᠡᠨ᠎ᠨᠦᠭᠦᠳ᠎ᠦᠨ ᠬᠣᠭᠣᠷᠣᠨᠳᠣᠬᠢ ᠠᠵᠤ ᠠᠬᠤᠢ᠎ᠶᠢᠨ ᠰᠣᠯᠢᠯᠴᠠᠭ᠎ᠠ ᠪᠠ ᠪᠦᠯᠬᠦᠮᠳᠡᠨ ᠬᠠᠪᠰᠤᠷᠤᠯᠴᠠᠬᠤ᠎ᠶᠢ ᠠᠬᠢᠭᠤᠯᠪᠠ᠃
ᠬᠥᠭᠵᠢᠯᠲᠡ᠎ᠪᠡᠷ ᠠᠷᠠᠳ᠎ᠤᠨ ᠠᠮᠢᠳᠤᠷᠠᠯ᠎ᠢ ᠠᠬᠢᠭᠤᠯᠵᠤ᠂ ᠠᠷᠠᠳ᠎ᠤᠨ ᠠᠮᠢᠳᠤᠷᠠᠯ᠎ᠢᠶᠠᠷ ᠪᠦᠯᠬᠦᠮᠳᠡᠯ᠎ᠢ ᠠᠬᠢᠭᠤᠯᠪᠠ᠃ ᠣᠷᠳᠣᠰ ᠬᠣᠲᠠ᠎ᠶᠢᠨ ᠡᠵᠡᠨ ᠬᠣᠷᠣᠭ᠎ᠠ ᠬᠣᠰᠢᠭᠤᠨ᠎ᠤ 《ᠠᠨᠠᠷ᠎ᠤᠨ ᠦᠷ᠎ᠡ ᠲᠤᠮᠤ ᠴᠤᠬᠯᠠᠭ᠎ᠠ》 ᠳ᠋ᠤ᠂ ᠮᠣᠩᠭᠣᠯ ᠦᠨᠳᠦᠰᠦᠲᠡᠨ᠎ᠦ ᠴᠠᠭᠠᠨ ᠢᠳᠡᠭᠡᠨ᠂ ᠱᠠᠨᠰᠢ᠎ᠶᠢᠨ ᠴᠠᠭᠠᠰᠤᠨ ᠬᠠᠢᠴᠢᠯᠠᠮᠠᠯ᠂ ᠨᠢᠩᠰᠢᠶᠠ᠎ᠶᠢᠨ ᠴᠢᠨᠦ᠎ᠠ᠎ᠶᠢᠨ ᠬᠠᠷᠮᠠᠭ ᠵᠡᠷᠭᠡ ᠣᠨᠴᠠ ᠭᠠᠷᠤᠯᠲᠠ ᠤᠪᠤᠭᠠᠯᠠᠬᠳᠠᠵᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ ᠪᠠᠶᠠᠷ ᠬᠥᠷ᠎ᠲᠠᠢ᠎ᠪᠡᠷ ᠪᠣᠳᠣᠯ ᠰᠠᠨᠠᠯ᠎ᠢᠶᠠᠨ ᠰᠣᠯᠢᠯᠴᠠᠨ᠂ ᠬᠠᠮᠲᠤ᠎ᠶᠢᠨ ᠲᠠᠨᠢᠯᠲᠠ᠎ᠪᠠᠨ ᠨᠡᠮᠡᠭᠳᠡᠭᠦᠯᠵᠦ᠂ ᠬᠠᠢᠷ᠎ᠠ ᠰᠡᠳᠬᠢᠯᠭᠡ᠎ᠪᠡᠨ ᠭᠦᠨᠵᠡᠭᠡᠢᠷᠡᠭᠦᠯᠪᠡ᠃ ᠠᠯᠠᠱᠠ ᠠᠢᠮᠠᠭ᠎ᠤᠨ 《ᠲᠠᠷᠢᠶᠠᠯᠠᠩ ᠢ ᠲᠤᠰᠠᠯᠠᠬᠤ ᠠᠵᠤ ᠠᠬᠤᠢᠯᠠᠯ᠎ᠢ ᠲᠤᠰᠠᠯᠠᠬᠤ + ᠪᠣᠳᠠᠰ᠎ᠤᠨ ᠪᠤᠰᠤ ᠰᠣᠶᠣᠯ᠎ᠤᠨ ᠥᠪ᠎ᠦᠨ ᠪᠡᠶᠡᠴᠢᠯᠡᠨ ᠣᠢᠯᠠᠭᠠᠬᠤ + ᠲᠥᠷᠥ᠎ᠶᠢᠨ ᠪᠣᠳᠣᠯᠭ᠎ᠠ᠎ᠶᠢᠨ ᠤᠬᠠᠭᠤᠯᠭ᠎ᠠ》 ᠵᠢᠨ ᠠᠭᠤᠰᠤᠯᠴᠠᠯ᠎ᠤᠨ ᠵᠠᠭᠪᠤᠷ᠎ᠢ ᠠᠪᠴᠤ᠂ ᠥᠷᠭᠡᠨ ᠣᠯᠠᠨ ᠲᠦᠮᠡᠨ᠎ᠦ ᠠᠩᠬᠠᠷᠤᠯ᠎ᠢ ᠲᠠᠲᠠᠵᠤ᠂ ᠬᠠᠷᠢᠯᠴᠠᠨ ᠬᠦᠳᠡᠯᠦᠯᠴᠡᠬᠦ ᠳᠤᠮᠳᠠ ᠬᠠᠢᠷ᠎ᠠ ᠰᠡᠳᠬᠢᠯᠭᠡ᠎ᠪᠡᠨ ᠵᠤᠵᠠᠭᠠᠳᠬᠠᠵᠤ᠂ ᠠᠨᠠᠷ᠎ᠤᠨ ᠦᠷ᠎ᠡ ᠰᠢᠭ ᠨᠢᠭ᠍ᠲᠠᠷᠠᠨ ᠪᠦᠯᠬᠦᠮᠳᠡᠪᠡ᠃
《ᠠᠷᠪᠠᠨ ᠳᠥᠷᠪᠡᠳᠦᠭᠡᠷ ᠲᠠᠪᠤᠨ ᠵᠢᠯ》 ᠡᠴᠡ ᠨᠠᠭᠠᠰᠢ᠂ ᠪᠥᠬᠥ ᠣᠷᠣᠨ᠎ᠢᠶᠡᠷ᠎ᠢᠶᠡᠨ ᠨᠡᠶ᠋ᠢᠲᠡ 216 ᠳ᠋ᠦᠩᠰᠢᠭᠤᠷ ᠲᠥᠭᠥᠷᠢᠭ᠎ᠦᠨ ᠪᠡᠯᠡ ᠣᠷᠣᠭᠤᠯᠵᠤ᠂ ᠬᠢᠯᠢ ᠬᠢᠵᠠᠭᠠᠷ ᠣᠷᠣᠨ᠎ᠤ 《ᠤᠰᠤ ᠴᠠᠬᠢᠯᠭᠠᠨ ᠵᠠᠮ ᠴᠢᠮᠡᠭᠡ ᠬᠣᠯᠪᠣᠭ᠎ᠠ》 ᠵᠡᠷᠭᠡ ᠰᠠᠭᠤᠷᠢ ᠲᠦᠬᠦᠭᠡᠷᠦᠮᠵᠢ ᠡᠳᠦᠷ᠎ᠡᠴᠡ ᠡᠳᠦᠷ ᠰᠢᠨᠡᠳᠴᠦ᠂ ᠬᠢᠯᠢ ᠬᠢᠵᠠᠭᠠᠷ ᠣᠷᠣᠨ᠎ᠤ ᠰᠠᠭᠤᠭᠠᠯᠢ ᠠᠷᠠᠳ᠎ᠤᠨ ᠣᠷᠣᠯᠭ᠎ᠠ ᠲᠣᠭᠲᠠᠭᠤᠨ᠎ᠢᠶᠠᠷ ᠨᠡᠮᠡᠭᠳᠡᠪᠡ; ᠴᠥᠭᠡᠨ ᠲᠣᠭᠠᠲᠤ ᠦᠨᠳᠦᠰᠦᠲᠡᠨ᠎ᠦ ᠬᠥᠭᠵᠢᠯᠲᠡ᠎ᠶᠢᠨ ᠡᠭᠦᠷᠭᠡ᠎ᠶᠢᠨ 35 ᠳ᠋ᠦᠩᠰᠢᠭᠤᠷ ᠭᠠᠷᠤᠢ ᠲᠥᠭᠥᠷᠢᠭ᠎ᠦᠨ ᠪᠡᠯᠡ ᠮᠥᠩᠭᠥ ᠵᠢ 《ᠣᠨᠢᠨ ᠲᠡᠬᠡᠷ᠎ᠡ ᠨᠢ ᠲᠤᠬᠢᠳᠠᠢ ᠬᠡᠷᠡᠭᠯᠡᠵᠤ》᠂ ᠵᠠᠮ ᠥᠷᠭᠡᠵᠢᠨ᠂ ᠠᠵᠤ ᠦᠢᠯᠡᠰ ᠲᠥᠪᠯᠡᠷᠡᠵᠦ᠂ ᠠᠢᠯ ᠲᠣᠰᠬᠣᠨ ᠬᠦᠭᠵᠢᠨ ᠬᠤᠪᠢᠷᠠᠪᠠ ᠁ ᠥᠪᠥᠷ ᠮᠣᠩᠭᠣᠯ᠎ᠤᠨ ᠡᠬᠡ ᠭᠠᠵᠠᠷ ᠳᠡᠭᠡᠷ᠎ᠡ᠂ ᠪᠦᠯᠬᠦᠮᠳᠡᠯ ᠬᠢᠭᠡᠳ ᠬᠥᠭᠵᠢᠯᠲᠡ᠎ᠶᠢᠨ ᠨᠠᠢᠷᠠᠯ ᠬᠥᠭᠵᠢᠮ ᠰᠦᠷ ᠳᠠᠯᠠᠢᠴᠠᠲᠠᠢ ᠬᠠᠩᠬᠢᠨᠠᠨ᠂ ᠠᠷᠠᠳ᠎ᠤᠨ ᠠᠮᠢᠳᠤᠷᠠᠯ ᠪᠠ ᠠᠷᠠᠳ᠎ᠤᠨ ᠰᠡᠳᠬᠢᠯ᠎ᠦᠨ ᠬᠠᠮᠲᠤ᠎ᠶᠢᠨ ᠴᠤᠤᠷᠢᠶ᠎ᠠ ᠠᠯᠤᠰ᠎ᠤᠨ ᠠᠯᠤᠰ ᠲᠤ᠌ ᠦᠷᠬᠦᠯᠵᠢᠯᠡᠨ᠎ᠡ᠃
ᠰᠡᠳᠭᠢᠯ ᠵᠢᠷᠦᠬᠡ᠎ᠪᠡᠨ ᠬᠣᠯᠪᠣᠨ ᠴᠢᠩ ᠪᠠᠲᠤ ᠵᠤᠷᠢᠭ᠎ᠢᠶᠡᠷ ᠪᠣᠳᠠᠲᠠᠢ ᠠᠵᠢᠯᠯᠠᠵᠤ ᠬᠦᠰᠡᠯ ᠵᠡᠭᠦᠳᠦ᠍᠎ᠪᠡᠨ ᠬᠠᠮᠲᠤ ᠪᠡᠷ ᠲᠡᠷᠭᠡᠯᠱᠢᠭᠦᠯᠪᠠ
《ᠮᠢ ᠮᠢ ᠰᠤᠤ ᠯᠠᠳ᠋ᠤᠤᠳ᠋ᠤᠤ ᠯᠠ᠁》 ᠬᠥᠬᠡᠬᠣᠲᠠ᠎ᠶ᠋ᠢᠨ ᠬᠣᠲᠣᠩ ᠠᠷᠠᠳ᠎ᠤᠨ ᠲᠣᠭᠣᠷᠢᠭ᠎ᠤᠨ ᠬᠤᠸᠠᠨ ᠾᠧ ᠵᠡᠭᠡᠯᠢ ᠭᠤᠳᠤᠮᠵᠢ᠎ᠶ᠋ᠢᠨ ᠠᠵᠢᠯᠴᠢᠨ ᠨᠡᠢᠭᠡᠮ ᠲᠣᠭᠣᠷᠢᠭ᠎ᠤᠨ ᠰᠣᠶᠣᠯ ᠪᠡᠶ᠎ᠡ᠎ᠶ᠋ᠢᠨ ᠲᠠᠮᠢᠷ ᠰᠣᠶᠣᠯ᠎ᠤᠨ ᠬᠥᠳᠡᠯᠭᠡᠭᠡᠨ᠎ᠦ ᠲᠥᠪ᠎ᠲᠦ᠂ 65 ᠨᠠᠰᠤᠲᠠᠢ ᠰᠠᠭᠤᠭᠠᠯᠢ ᠠᠷᠠᠳ ᠸᠠᠩ ᠠᠨᠢᠶ᠎ᠠ ᠲᠠᠭᠤᠤ ᠵᠢᠨ ᠨᠣᠲ ᠪᠣᠯᠪᠠᠰᠤᠷᠠᠵᠤ ᠪᠠᠢᠯ᠎ᠠ᠃ 《ᠠᠳᠠᠯᠢ ᠪᠤᠰᠤ ᠦᠨᠳᠦᠰᠦᠲᠡᠨ᠎ᠦ ᠰᠠᠭᠤᠭᠠᠯᠢ ᠠᠷᠠᠳ ᠳᠠᠭᠤᠤ ᠬᠥᠭ᠌ᠵᠢᠮ᠎ᠳᠦ ᠪᠠᠬᠠᠲᠠᠢ ᠪᠣᠯᠬᠣᠷ ᠨᠢᠭᠡ ᠳᠤᠤᠷ᠎ᠠ ᠴᠤᠭᠯᠠᠷᠠᠵᠤ᠂ ᠲᠠᠢᠰᠠᠨ ᠳᠡᠭᠡᠷ᠎ᠡ ᠢᠲᠡᠭᠡᠯ ᠲᠡᠭᠦᠯᠳᠡᠷ ᠳᠠᠭᠤᠯᠠᠵᠤ᠂ ᠠᠮᠢᠳᠤᠷᠠᠯ ᠳᠤᠮᠳᠠ᠎ᠪᠠᠨ ᠨᠡᠩ ᠴᠤ᠌ ᠨᠢᠭᠡ ᠭᠡᠷ᠎ᠦᠨ ᠬᠥᠮᠦᠨ ᠮᠡᠲᠦ ᠳᠣᠲᠣᠨᠣ ᠪᠠᠢᠳᠠᠭ》 ᠭᠡᠵᠦ ᠸᠠᠩ ᠠᠨᠢᠶ᠎ᠠ ᠬᠡᠯᠡᠪᠡ᠃
ᠤᠯᠠᠭᠠᠨᠬᠠᠳᠠ ᠬᠤᠳᠠ᠎ᠶ᠋ᠢᠨ ᠠᠷᠤ ᠬᠣᠷᠴᠢᠨ ᠬᠣᠱᠢᠭᠤᠨ᠎ᠤ ᠱᠢᠨ ᠮᠢᠨ ᠱᠢᠶᠠᠩ᠎ᠤᠨ ᠠᠤᠬᠠᠨ ᠶᠢᠩᠽᠢ ᠲᠣᠰᠭᠣᠨ᠎ᠤ 《ᠠᠨᠠᠷ᠎ᠤᠨ ᠵᠢᠵᠢᠭ ᠬᠦᠷᠢᠶ᠎ᠡ》 ᠳ᠋ᠤ᠂ ᠲᠣᠰᠭᠣᠨ᠎ᠤ ᠠᠷᠠᠳ ᠬᠦᠷᠢᠶᠡᠯᠡᠨ ᠰᠠᠭᠤᠯᠴᠠᠵᠤ᠂ ᠠᠬᠠᠮᠠᠳ ᠨᠠᠮ᠎ᠤᠨ ᠭᠡᠱᠢᠭᠦᠨ᠎ᠦ ᠤᠷᠢ ᠵᠠᠯᠠᠭᠤ ᠨᠠᠰᠤᠨ᠎ᠳᠠᠭᠠᠨ ᠪᠦᠬᠦ᠌ ᠲᠣᠰᠭᠣᠨ᠎ᠤ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠢ ᠳᠠᠭᠠᠭᠤᠯᠤᠨ ᠰᠡᠳᠭᠢᠯ ᠨᠢᠭᠡᠳᠦᠨ ᠬᠦᠴᠦ᠍᠎ᠪᠡᠨ ᠬᠠᠮᠲᠤᠳᠭᠠᠵᠤ ᠦᠢᠯᠡᠳᠪᠦᠷᠢᠯᠡᠯ᠎ᠢ ᠠᠳᠭᠤᠭ᠍ᠰᠠᠨ ᠦᠯᠢᠭᠡᠷ ᠶᠠᠷᠢᠬᠤ᠎ᠶ᠋ᠢ ᠰᠣᠨᠣᠰᠴᠠᠭᠠᠨᠠ᠃
ᠬᠤᠳᠠ ᠬᠥᠳᠡᠭᠡ᠎ᠳᠦ ᠲᠦᠭᠡᠭ᠌ᠰᠡᠨ ᠱᠢᠭᠢᠳᠭᠡᠯᠳᠦ ᠮᠠᠶᠢᠭ᠎ᠤᠨ ᠦᠵᠡᠭ᠌ᠳᠡᠯ ᠨᠢ ᠥᠪᠥᠷ ᠮᠣᠩᠭᠣᠯ᠎ᠤᠨ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠭᠰᠠᠨ ᠠᠮᠢᠳᠤᠯᠢᠭ ᠲᠠᠢᠯᠪᠤᠷᠢ ᠪᠣᠯᠪᠠ᠃
ᠲᠥᠷᠥ᠎ᠶ᠋ᠢᠨ ᠪᠣᠳᠣᠯᠭ᠎ᠠ᠎ᠶ᠋ᠢ ᠲᠡᠭᠦᠯᠳᠡᠷᠵᠢᠭᠦᠯᠬᠦ᠌᠂ ᠣᠷᠴᠢᠨ ᠨᠦᠬᠦᠴᠡᠯ ᠢ ᠪᠣᠶ ᠪᠣᠯᠭᠠᠬᠤ᠂ ᠦᠶ᠋ᠯᠡᠴᠢᠯᠡᠭᠡ᠎ᠶ᠋ᠢ ᠳᠡᠭᠡᠭ᠌ᠰᠢᠯᠡᠭᠦᠯᠬᠦ᠌᠎ᠪᠡᠷ ᠳᠡᠮᠵᠢᠨ᠂ ᠦᠨᠳᠦᠰᠦᠲᠡᠨ᠎ᠨᠦᠭᠦᠳ᠎ᠤᠨ ᠣᠷᠣᠨ ᠵᠠᠶ᠂ ᠰᠣᠶᠣᠯ᠂ ᠨᠡᠢᠭᠡᠮ᠂ ᠰᠡᠳᠭᠢᠴᠡ ᠵᠡᠷᠭᠡ ᠲᠠᠯ᠎ᠠ᠎ᠶ᠋ᠢᠨ ᠠᠭᠤᠰᠤᠯᠴᠠᠯ ᠡᠳᠦᠷ ᠢᠷᠡᠬᠦᠶ᠎ᠡ ᠭᠦᠨᠵᠡᠭᠡᠢᠷᠡᠵᠦ᠍᠂ ᠰᠣᠶᠣᠯ᠎ᠤᠨ ᠬᠠᠮᠲᠤ᠎ᠶ᠋ᠢᠨ ᠲᠠᠨᠢᠯᠲᠠ ᠪᠠ ᠬᠠᠢᠷ᠎ᠠ ᠰᠡᠳᠭᠢᠯᠭᠡ᠎ᠶ᠋ᠢᠨ ᠬᠠᠮᠲᠤ᠎ᠶ᠋ᠢᠨ ᠴᠤᠤᠷᠢᠶᠠᠳᠤᠯ ᠲᠠᠰᠤᠷᠠᠯᠲᠠ ᠥᠬᠡᠶ ᠨᠡᠮᠡᠭ᠌ᠳᠡᠪᠡ᠃
ᠪᠥᠬᠥ᠌ ᠣᠷᠣᠨ᠎ᠢᠶᠡᠷ᠎ᠢᠶᠡᠨ 《ᠤᠮᠠᠷᠠᠲᠤ ᠬᠢᠯᠢ ᠳᠦ ᠠᠭᠤᠰᠤᠯᠴᠠᠬᠤ》 ᠱᠢᠨ᠎ᠡ ᠴᠠᠭ ᠦᠶ᠎ᠡ᠎ᠶ᠋ᠢᠨ ᠦᠨᠳᠦᠰᠦᠲᠡᠨ᠎ᠨᠦᠭᠦᠳ᠎ᠦᠨ ᠬᠠᠷᠢᠯᠴᠠᠨ ᠱᠢᠭᠢᠳᠭᠡᠭ᠌ᠰᠡᠨ ᠬᠥᠭ᠌ᠵᠢᠯᠲᠡ᠎ᠶ᠋ᠢᠨ ᠨᠠᠷᠠᠲᠤ ᠲᠥᠷᠥᠯ ᠲᠡᠮᠳᠡᠭ᠎ᠤᠨ ᠪᠠᠢᠭᠤᠯᠤᠯᠲᠠ᠎ᠶ᠋ᠢ ᠭᠦᠨᠵᠡᠭᠡᠶ ᠬᠡᠷᠡᠭ᠌ᠵᠢᠭᠦᠯᠪᠡ; ᠦᠨᠳᠦᠰᠦᠲᠡᠨ᠎ᠨᠦᠭᠦᠳ᠎ᠦᠨ ᠰᠤᠷᠤᠭ᠍ᠴᠢᠳ ᠨᠢᠭᠡ ᠰᠤᠷᠭᠠᠭᠤᠯᠢ᠎ᠳᠦ ᠠᠩᠭᠢ ᠨᠡᠢᠯᠡᠬᠦ᠂ ᠠᠩᠭᠢ ᠬᠣᠯᠢᠯᠳᠤᠨ ᠰᠤᠷᠤᠯᠴᠠᠬᠤ ᠪᠠᠢᠷᠢ ᠬᠤᠯᠢᠯᠳᠤᠨ ᠰᠠᠭᠤᠬᠤ᠂ ᠦᠨᠳᠦᠰᠦᠲᠡᠨ᠎ᠨᠦᠭᠦᠳ᠎ᠦᠨ ᠣᠯᠠᠨ ᠲᠦᠮᠡᠨ ᠬᠠᠮᠲᠤ ᠰᠠᠭᠤᠷᠢᠱᠢᠵᠤ ᠬᠠᠮᠲᠤ ᠰᠤᠷᠤᠯᠴᠠᠬᠤ᠂ ᠬᠠᠮᠲᠤ᠎ᠪᠠᠷ ᠪᠠᠢᠭᠤᠯᠵᠤ ᠬᠠᠮᠲᠤ᠎ᠪᠠᠷ ᠡᠳ᠋ᠯᠡᠬᠦ᠌᠂ ᠬᠠᠮᠲᠤ ᠠᠵᠢᠯᠯᠠᠵᠤ ᠬᠠᠮᠲᠤ᠎ᠪᠠᠷ ᠵᠢᠷᠭᠠᠬᠤ ᠨᠡᠢᠭᠡᠮ᠎ᠦᠨ ᠨᠥᠬᠥᠴᠡᠯ᠎ᠢ ᠨᠠᠩ ᠲᠡᠭᠦᠯᠳᠡᠷᠵᠢᠭᠦᠯᠬᠦ ᠵᠢ ᠠᠬᠢᠭᠤᠯᠪᠠ; ᠵᠢᠭᠤᠯᠴᠢᠯᠠᠯ᠎ᠢᠶᠠᠷ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠬᠤ ᠲᠥᠯᠥᠪᠯᠡᠭᠡ᠎ᠶ᠋ᠢ ᠭᠦᠨᠵᠡᠭᠡᠢ ᠬᠡᠷᠡᠭ᠌ᠵᠢᠭᠦᠯᠵᠦ᠍᠂ ᠰᠣᠶᠣᠯ ᠵᠢᠭᠤᠯᠴᠢᠯᠠᠯ᠎ᠤᠨ ᠠᠭᠤᠰᠤᠯᠴᠠᠨ ᠬᠥᠭ᠌ᠵᠢᠬᠦ᠌᠎ᠶ᠋ᠢ ᠠᠬᠢᠭᠤᠯᠬᠤ ᠳᠤᠮᠳᠠ ᠱᠢᠨ᠎ᠡ ᠴᠠᠭ ᠦᠶ᠎ᠡ᠎ᠶ᠋ᠢᠨ ᠥᠪᠥᠷ ᠮᠣᠩᠭᠣᠯ᠎ᠤᠨ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤᠨ ᠦᠯᠢᠭᠡᠷ᠎ᠢ ᠰᠠᠢᠲᠤᠷ ᠶᠠᠷᠢᠪᠠ᠃
ᠡᠳᠦᠭᠡ᠎ᠶ᠋ᠢ ᠬᠠᠷᠠᠬᠤ ᠳ᠋ᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ ᠶᠠᠭ ᠳᠤᠮᠳᠠᠳᠤ᠎ᠶ᠋ᠢᠨ ᠦᠨᠳᠦᠰᠦᠲᠡᠨ ᠲᠡᠦᠬᠡ᠎ᠡᠴᠡ ᠢᠷᠡᠭᠡᠳᠦᠢ ᠲᠡᠢᠰᠢ ᠤᠷᠤᠭ᠍ᠰᠢᠯᠠᠬᠤ᠂ ᠤᠯᠠᠮᠵᠢᠯᠠᠯ ᠡᠴᠡ ᠤᠳᠤ ᠦᠶ᠎ᠡ ᠲᠡᠢᠰᠢ ᠤᠷᠤᠭ᠍ᠰᠢᠯᠠᠬᠤ᠂ ᠤᠯᠠᠨ ᠡᠱᠢᠵᠢᠯᠳᠠ ᠡᠴᠡ ᠨᠢᠭᠡ ᠴᠤᠬ᠍ᠴᠠᠵᠢᠬᠤ ᠬᠥᠭ᠌ᠵᠢᠯᠲᠡ᠎ᠶ᠋ᠢᠨ ᠶᠡᠬᠡ ᠬᠠᠨᠳᠤᠰᠢ ᠳᠣᠣᠷ᠎ᠠ᠂ ᠵᠦᠬᠡᠯᠡᠨ ᠪᠤᠷᠤᠭᠠᠨ ᠲᠦᠮᠡᠨ ᠪᠣᠳᠠᠰ᠎ᠢ ᠤᠮᠳᠠᠯᠠᠬᠤ ᠳᠤᠮᠳᠠ 《ᠪᠦᠯᠬᠦᠮᠳᠡᠯ᠎ᠦᠨ ᠴᠡᠴᠡᠭᠡᠰ》 ᠢ᠋ ᠪᠣᠢᠵᠢᠭᠤᠯᠵᠤ᠂ 《ᠳᠤᠮᠳᠠᠳᠤ᠎ᠶ᠋ᠢᠨ ᠰᠦᠭ ᠰᠦᠨᠡᠰᠦ》 ᠵᠢ ᠵᠤᠵᠠᠭᠠᠳᠭᠠᠵᠤ ᠪᠠᠢᠨ᠎ᠠ᠃
ᠢᠷᠡᠭᠡᠳᠦᠢ ᠵᠦᠭ ᠤᠷᠤᠭ᠍ᠰᠢᠯᠠᠬᠤ᠎ᠳᠤ᠂ ᠨᠢᠭᠡᠨ ᠭᠣᠣᠯ ᠱᠢᠵᠢᠮ ᠨᠢ ᠲᠦᠮᠡᠨ ᠠᠷᠠᠳ᠎ᠤᠨ ᠰᠡᠳᠭᠢᠯ᠎ᠢ ᠨᠢᠭ᠍ᠲᠠᠷᠠᠭᠤᠯᠵᠤ᠂ ᠦᠨᠳᠦᠰᠦᠲᠡᠨ᠎ᠨᠦᠭᠦᠳ᠎ᠦᠨ ᠬᠥᠪᠡᠭᠦᠳ ᠥᠬᠢᠳ ᠰᠡᠳᠭᠢᠯᠭᠡ ᠪᠡᠷ᠎ᠢᠶᠡᠨ ᠠᠭᠤᠰᠤᠯᠴᠠᠵᠤ᠂ ᠬᠦᠴᠦᠨ ᠵᠣᠷᠢᠭ ᠨᠢᠭᠡᠳᠴᠦ᠍᠂ ᠣᠮᠣᠭ ᠲᠡᠭᠦᠯᠳᠡᠷ ᠢᠶᠡᠷ ᠰᠦᠷ ᠳᠠᠯᠠᠢᠴᠠᠲᠠᠢ ᠠᠶᠠᠨ᠎ᠢᠶᠠᠨ ᠡᠬᠢᠯᠡᠭᠦᠯᠦᠨ᠎ᠠ᠃
[ᠰᠤᠷᠪᠤᠯᠵᠢᠯᠠᠭ᠍ᠴᠢ᠎ᠶ᠋ᠢᠨ ᠡᠪᠦᠷ ᠲᠡᠮᠳᠡᠭ᠌ᠯᠡᠯ] ᠵᠢᠯ ᠦᠨ ᠡᠴᠦᠰ ᠪᠤᠯᠵᠤ ᠦᠩᠬᠡᠷᠡᠭᠰᠡᠡ ᠨᠢᠬᠡ ᠵᠢᠯ ᠢ ᠡᠷᠭᠢᠴᠡᠭᠦᠯᠬᠦᠶ᠎ᠡ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ ᠤᠬᠠᠮᠰᠠᠷ᠎ᠢ ᠪᠠᠲᠤ ᠴᠤᠭᠴᠠᠯᠠᠬᠤ ᠨᠢ ᠨᠢᠭᠡᠨᠲᠡ ᠬᠢᠴᠢᠶᠡᠯ᠎ᠦᠨ ᠲᠠᠩᠬᠢᠮ᠂ ᠮᠠᠯᠵᠢᠬᠤ ᠣᠷᠣᠨ᠂ ᠨᠡᠢᠭᠡᠮ ᠲᠣᠭᠣᠷᠢᠭ᠂ ᠵᠠᠬ᠎ᠠ ᠵᠡᠭᠡᠯᠢ ᠵᠢᠨ ᠦᠢᠮᠡᠭᠡᠨ ᠬᠦᠭᠵᠢᠶᠡᠨᠳᠦ ᠠᠭᠤᠰᠴᠤ᠂ ᠡᠯ᠎ᠡ ᠵᠦᠢᠯ᠎ᠦᠨ ᠠᠵᠢᠯ᠎ᠳᠤ ᠲᠤᠭᠤᠱᠢᠯᠠᠭ᠍ᠳᠠᠵᠤ ᠪᠠᠢᠬᠤ᠎ᠪᠠᠷ ᠪᠠᠷᠠᠬᠤ ᠦᠭᠡᠢ᠂ ᠨᠡᠩ ᠴᠤ᠌ ᠲᠡᠮᠡᠴᠡᠯ᠎ᠦᠨ ᠬᠠᠮᠲᠤ᠎ᠶ᠋ᠢᠨ ᠲᠠᠨᠢᠯᠲᠠ᠎ᠶ᠋ᠢ ᠨᠢᠭ᠍ᠲᠠᠷᠠᠭᠤᠯᠵᠤ᠂ ᠨᠢᠳᠦᠨ᠎ᠳᠦ ᠦᠵᠡᠭᠳᠡᠮ᠎ᠡ ᠭᠠᠷ᠎ᠲᠦ ᠪᠠᠷᠢᠭᠳᠠᠮ᠎ᠠ ᠬᠠᠯᠠᠭᠤᠨ ᠳᠤᠯᠠᠭᠠᠨ ᠬᠠᠢᠷ᠎ᠠ ᠪᠠ ᠬᠦᠴᠦᠨ ᠴᠢᠳᠠᠯ ᠪᠤᠯᠵᠤ ᠬᠤᠪᠢᠷᠠᠭ᠍ᠰᠠᠨᠢ ᠪᠢᠳᠡ ᠭᠦᠨᠵᠡᠭᠡᠢ ᠮᠡᠳᠡᠷᠡᠪᠡ᠃ ᠲᠡᠦᠬᠡ᠎ᠶ᠋ᠢᠨ ᠱᠢᠨ᠎ᠡ ᠭᠠᠷᠤᠭ᠎ᠠ ᠳᠡᠭᠡᠷ᠎ᠡ ᠵᠣᠭ᠍ᠰᠣᠵᠤ᠂ ᠵᠤᠷᠢᠭ ᠰᠡᠳᠭᠢᠯ ᠨᠢᠭᠡᠳᠦᠭᠰᠡᠨ ᠡᠨᠡ ᠬᠦ᠌ ᠠᠤᠭ᠎ᠠ ᠬᠦᠴᠦᠨ ᠨᠢ ᠤᠮᠠᠷᠠᠲᠤ ᠬᠢᠯᠢ᠎ᠶ᠋ᠢᠨ ᠬᠥᠪᠡᠭᠦᠳ ᠥᠬᠢᠳ᠎ᠢ ᠨᠡᠩ ᠭᠡᠷᠡᠯ ᠰᠠᠴᠤᠷᠠᠩᠭᠤᠢ ᠢᠷᠡᠭᠡᠳᠦᠢ ᠳᠡᠢᠰᠢ ᠬᠥᠲᠥᠯᠦᠨ ᠲᠠᠭᠠᠭᠤᠯᠬᠤ ᠨᠢ ᠯᠠᠪᠲᠠᠢ᠃