ᠪᠤᠭᠤᠲᠤ ᠡᠴᠡ ᠢᠷᠭᠠᠢ᠎ᠬᠦᠷᠬᠦ ᠲᠦᠷᠭᠡᠨ᠎ᠦ ᠲᠡᠮᠦᠷ ᠵᠠᠮ᠎ᠤᠨ ᠪᠤᠭᠤᠳᠤ ᠡᠴᠡ ᠬᠣᠶ ᠨᠦᠨᠭ ᠬᠦᠷᠬᠦ ᠬᠡᠰᠡᠭ᠎ᠦᠨ ᠲᠡᠷᠭᠡ ᠨᠡᠪᠲᠡᠷᠡᠬᠦ ᠶᠣᠰᠣᠯᠠᠯ ᠪᠤᠭᠤᠲᠤ᠎ᠳᠤ ᠶᠠᠪᠤᠭᠳᠠᠪᠠ
2025-12-24 09:49:05
ᠵᠣᠬᠢᠶᠠᠭ᠍ᠴᠢ᠄
ᠯᠢ ᠬᠠᠨ
ᠣᠩᠱᠢᠭ᠍ᠰᠠᠨ ᠣᠳᠠᠭ᠎ᠠ᠄
★★★☆☆

ᠸᠠᠩ ᠸᠧᠢ ᠵᠦᠩ ᠣᠷᠣᠯᠴᠠᠭᠰᠠᠨ ᠪᠥᠭᠡᠳ ᠲᠡᠷᠭᠡ ᠨᠡᠪᠲᠡᠷᠡᠭᠰᠡᠨ᠎ᠢ ᠵᠠᠷᠯᠠᠵᠤ  ᠪᠤᠤ ᠭᠠᠨᠭ᠌ ᠪᠠᠶᠠᠷ᠎ᠤᠨ ᠦᠭᠡ ᠬᠡᠯᠡᠵᠡᠢ


12 ᠰᠠᠷ᠎ᠠ᠎ᠶᠢᠨ 23 ᠎ᠤ᠋ ᠡᠳᠦᠷ᠂ ᠪᠤᠭᠤᠲᠤ ᠡᠴᠡ ᠢᠷᠭᠠᠢ᠎ᠬᠦᠷᠬᠦ ᠲᠦᠷᠭᠡᠨ᠎ᠦ ᠲᠡᠮᠦᠷ ᠵᠠᠮ᠎ᠤᠨ ᠪᠤᠭᠤᠳᠤ ᠡᠴᠡ ᠬᠣᠶ ᠨᠦᠨᠭ᠎ᠬᠦᠷᠬᠦ ᠬᠡᠰᠡᠭ᠎ᠦᠨ ᠲᠡᠷᠭᠡ ᠨᠡᠪᠲᠡᠷᠡᠬᠦ ᠶᠣᠰᠣᠯᠠᠯ ᠪᠤᠭᠤᠲᠤ᠎ᠳᠤ ᠶᠠᠪᠤᠭᠳᠠᠪᠠ᠃

ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠵᠢᠨ ᠱᠦᠵᠢ ᠸᠠᠩ ᠸᠧᠢ ᠵᠦᠩ ᠲᠡᠷᠭᠡ ᠨᠡᠪᠲᠡᠷᠡᠬᠦ ᠶᠣᠰᠣᠯᠠᠯ᠎ᠳᠤ ᠣᠷᠣᠯᠴᠠᠵᠤ᠄ ᠪᠤᠭᠤᠲᠤ ᠡᠴᠡ ᠢᠷᠭᠠᠢ᠎ᠬᠦᠷᠬᠦ ᠲᠦᠷᠭᠡᠨ᠎ᠦ ᠲᠡᠮᠦᠷ ᠵᠠᠮ᠎ᠤᠨ ᠪᠤᠭᠤᠳᠤ ᠡᠴᠡ ᠬᠣᠶ ᠨᠦᠨᠭ᠎ᠬᠦᠷᠬᠦ ᠬᠡᠰᠡᠭ ᠲᠡᠷᠭᠡ ᠨᠡᠪᠲᠡᠷᠡᠯ᠎ᠠ ᠭᠡᠵᠦ ᠵᠠᠷᠯᠠᠪᠠ᠃


QQ20251224-095152.png


12 ᠰᠠᠷ᠎ᠠ᠎ᠶᠢᠨ 23᠎ᠤ᠋ ᠡᠳᠦᠷ᠂ ᠪᠤᠭᠤᠲᠤ ᠡᠴᠡ ᠢᠷᠭᠠᠢ᠎ᠬᠦᠷᠬᠦ ᠲᠦᠷᠭᠡᠨ᠎ᠦ ᠲᠡᠮᠦᠷ ᠵᠠᠮ᠎ᠤᠨ ᠪᠤᠭᠤᠳᠤ ᠡᠴᠡ ᠬᠣᠶ ᠨᠦᠨᠭ᠎ᠬᠦᠷᠬᠦ ᠬᠡᠰᠡᠭ ᠵᠢᠩᠬᠢᠨᠢ ᠪᠡᠷ ᠨᠡᠪᠳᠡᠷᠡᠵᠦ᠂ ᠪᠤᠭᠤᠲᠤ ᠡᠴᠡ ᠢᠷᠭᠠᠢ᠎ᠬᠦᠷᠬᠦ ᠲᠦᠷᠭᠡᠨ᠎ᠦ ᠲᠡᠮᠦᠷ ᠵᠠᠮ  ᠪᠦᠬᠦ  ᠱᠤᠭᠤᠮ  ᠎ᠢᠶᠡᠷ ᠲᠡᠷᠭᠡ ᠨᠡᠪᠳᠡᠷᠡᠵᠦ ᠡᠵᠡᠩᠨᠡᠯᠳᠡ᠎ᠳᠦ ᠤᠷᠤᠪᠠ᠃ ᠡᠭᠦᠨ᠎ᠳᠦ  ᠬᠥᠬᠡᠬᠣᠲᠠ ᠡᠴᠡ ᠢᠷᠭᠠᠢ ᠬᠦᠷᠬᠦ ᠳ᠋ᠤ ᠬᠠᠮᠤᠭ᠎ᠤᠨ ᠬᠤᠷᠳᠤᠨ᠎ᠳᠠᠭᠠᠨ 4 ᠴᠠᠭ 03 ᠮᠢᠨᠦ᠋ᠲ ᠵᠠᠷᠤᠴᠠᠭᠤᠯᠵᠤ᠂  ᠪᠤᠭᠤᠲᠤ ᠡᠴᠡ ᠢᠷᠭᠠᠢ ᠬᠦᠷᠬᠦ᠎ᠳᠤ ᠬᠠᠮᠤᠭ᠎ᠤᠨ ᠬᠤᠷᠳᠤᠨ᠎ᠳᠠᠭᠠᠨ ᠵᠦᠪᠬᠡᠨ 2 ᠴᠠᠭ 38 ᠮᠢᠨᠦ᠋ᠲ ᠬᠡᠷᠡᠭᠰᠡᠬᠥ ᠪᠤᠯᠪᠠ᠃

ᠳᠤᠰ ᠰᠤᠨᠢᠨ᠎ᠤ ᠰᠤᠷᠪᠤᠯᠵᠢᠯᠠᠭᠴᠢ ᠮᠠ ᠵᠢᠶᠦ᠋ᠨ ᠎ᠤ᠋ᠤᠢ  ᠰᠡᠭᠦᠳᠡᠷᠯᠡᠪᠡ


ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ᠎ᠵᠢᠨ ᠳᠡᠳ᠋ ᠱᠦᠵᠢ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠲᠡᠷᠢᠭᠦᠯᠡᠭᠴᠢ ᠪᠦᠦ ᠭᠠᠩ᠂ ᠨᠢᠩᠰᠢᠶᠠ᠎ᠶᠢᠨ ᠬᠣᠲᠣᠩ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠳᠡᠳ᠋ ᠲᠡᠷᠢᠭᠦᠯᠡᠭᠴᠢ ᠴᠦ ᠸᠧᠢ᠂ ᠤᠯᠤᠰ᠎ᠤᠨ ᠲᠡᠮᠦᠷ ᠵᠠᠮ᠎ᠤᠨ ᠪᠦᠯᠦᠭᠯᠡᠯ ᠬᠢᠵᠠᠭᠠᠷᠲᠤ ᠺᠣᠮᠫᠠᠨᠢ᠎ᠶᠢᠨ ᠳᠡᠳ᠋ ᠶᠡᠷᠦᠩᠬᠡᠢ ᠳᠠᠭᠠᠭᠠᠮᠠᠯ ᠸᠠᠩ ᠯᠢ ᠰᠢᠨ ᠤᠷᠢᠳ ᠬᠣᠵᠢᠳ ᠪᠠᠶᠠᠷ᠎ᠤᠨ ᠦᠭᠡ ᠬᠡᠯᠡᠪᠡ᠃ ᠥᠪᠡᠷᠲᠡᠭᠡᠨ ᠵᠠᠰᠠᠬᠤ ᠣᠷᠣᠨ᠎ᠤ ᠤᠳᠤᠷᠢᠳᠤᠯᠭ᠎ᠠ ᠢᠦᠢ ᠯᠢ ᠰᠢᠨ᠂ ᠴᠧᠨ ᡁᠢ ᠴᠠᠩ᠂ ᠵᠠᠩ ᠱᠤᠤ ᠴᠦᠨ᠂ ᠵᠠᠩ ᠯᠧᠢ ᠣᠷᠣᠯᠴᠠᠵᠤ᠂ ᠶᠤᠤ ᠶᠦᠩ ᠪᠥᠸᠧ ᠶᠤᠰᠤᠯᠠᠯ᠎ᠢ ᠡᠷᠭᠢᠯᠡᠵᠡᠢ᠃

ᠪᠤᠭᠤᠲᠤ ᠡᠴᠡ ᠢᠷᠭᠠᠢ᠎ᠬᠦᠷᠬᠦ ᠲᠦᠷᠭᠡᠨ᠎ᠤ ᠲᠡᠮᠦᠷ ᠵᠠᠮ᠎ᠤᠨ ᠪᠤᠭᠤᠳᠤ ᠡᠴᠡ ᠬᠣᠶ ᠨᠦᠨᠭ᠎ᠬᠦᠷᠬᠦ ᠬᠡᠰᠡᠭ ᠨᠢ ᠪᠤᠭᠤᠲᠤ᠎ᠦᠷᠳᠡᠬᠡ ᠡᠴᠡ ᠡᠬᠢ ᠠᠪᠴᠤ᠂ ᠨᠢᠩᠰᠢᠶᠠ᠎ᠶᠢᠨ ᠬᠣᠲᠣᠩ ᠦᠨᠳᠦᠰᠦᠲᠡᠨ᠎ᠦ ᠥᠪᠡᠷᠲᠡᠭᠡᠨ ᠵᠠᠰᠠᠬᠤ ᠣᠷᠣᠨ᠎ᠤ ᠱᠢ ᠽᠦᠢ ᠱᠠᠨ ᠬᠣᠲᠠ᠎ᠶᠢᠨ ᠬᠣᠶ ᠨᠦᠩ ᠡᠮᠦᠨ᠎ᠡ ᠥᠷᠲᠡᠭᠡ᠎ᠲᠠᠢ ᠵᠠᠯᠭᠠᠵᠤ᠂ ᠵᠠᠮ ᠲᠠᠭᠠᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠤᠭᠤᠲᠤ ᠬᠣᠲᠠ᠂ ᠪᠠᠶᠠᠨᠨᠠᠭᠤᠷ ᠬᠣᠲᠠ᠂ ᠣᠷᠳᠣᠰ ᠬᠣᠲᠠ᠂ ᠦᠡᠡᠠᠢ ᠬᠣᠲᠠ᠎ᠪᠠᠷ ᠥᠩᠭᠡᠷᠡᠨ᠂ ᠭᠣᠣᠯ ᠱᠤᠭᠤᠮ᠎ᠤᠨ ᠪᠥᠬᠥ ᠣᠷᠳᠣ᠌ ᠨᠢ 422 ᠺᠢᠯᠣᠮᠧᠲᠷ ᠪᠠᠢᠵᠤ᠂ ᠨᠡᠶ᠋ᠢᠲᠡ 10 ᠲᠡᠷᠭᠡᠨ ᠥᠷᠲᠡᠭᠡ ᠵᠢ ᠲᠤᠬᠢᠷᠠᠭᠤᠯᠪᠠ᠃ ᠲᠡᠷᠬᠡ ᠨᠡᠪᠳᠡᠷᠡᠵᠤ ᠡᠵᠡᠩᠨᠡᠯᠲᠡ᠎ᠪᠡᠨ ᠡᠬᠢᠯᠡᠭᠦᠯᠦᠭᠰᠡᠨ ᠡᠬᠢᠨ᠎ᠦ ᠬᠤᠭᠤᠴᠠᠭᠠᠨ᠎ᠳᠤ᠂ ᠪᠤᠭᠤᠲᠤ ᠡᠴᠡ ᠢᠷᠭᠠᠢ᠎ᠬᠦᠷᠬᠦ ᠲᠦᠷᠭᠡᠨ᠎ᠦ ᠲᠡᠮᠦᠷ ᠵᠠᠮ᠎ᠤᠨ ᠪᠤᠭᠤᠳᠤ ᠡᠴᠡ ᠬᠣᠶ ᠨᠦᠨᠭ᠎ᠬᠦᠷᠬᠦ ᠬᠡᠰᠡᠭ᠎ᠤᠨ ᠲᠡᠷᠬᠡ ᠠᠶᠠᠯᠠᠬᠤ ᠬᠠᠮᠤᠭ᠎ᠤᠨ ᠥᠨᠳᠥᠷ ᠬᠤᠷᠳᠤᠴᠠ ᠵᠢ 250 ᠺᠢᠯᠣᠮᠧᠲᠷ / ᠴᠠᠭ᠎ᠢᠶᠡᠷ ᠶᠠᠪᠤᠬᠳᠠᠭᠤᠯᠵᠤ᠂ ᠡᠳᠦᠷ ᠪᠦᠷᠢ ᠬᠠᠮᠤᠭ᠎ᠤᠨ ᠤᠯᠠᠨ ᠳ᠋ᠠᠭᠠᠨ 12 ᠴᠤᠪᠤᠭ᠎ᠠ ᠬᠥᠳᠡᠯᠭᠡᠭᠦ ᠬᠦᠴᠦᠨᠲᠦ ᠴᠤᠪᠤᠭ᠎ᠠ ᠲᠡᠷᠭᠡ ᠵᠢ ᠲᠣᠬᠢᠷᠠᠭᠤᠯᠬᠤ ᠪᠣᠯᠣᠨ᠎ᠠ᠃ ᠪᠤᠭᠤᠲᠤ ᠡᠴᠡ ᠢᠷᠭᠠᠢ ᠬᠦᠷᠬᠦ᠎ᠳᠤ ᠬᠠᠮᠤᠭ᠎ᠤᠨ ᠬᠤᠷᠳᠤᠨ᠎ᠳᠠᠭᠠᠨ 2 ᠴᠠᠭ 38 ᠮᠢᠨᠦ᠋ᠲ᠎ᠤᠨ ᠳᠤᠳᠤᠷ᠎ᠠ ᠬᠦᠷᠴᠦ᠍᠂ ᠤᠤᠯ᠎ᠤᠨ ᠬᠠᠮᠤᠭ᠎ᠤᠨ ᠬᠤᠷᠳᠤᠨ ᠭᠠᠯᠲᠤ ᠲᠡᠷᠭᠡ᠎ᠶᠢᠨ ᠵᠠᠷᠤᠴᠠᠭᠤᠯᠬᠤ ᠴᠠᠭ ᠡᠴᠡ 3 ᠴᠠᠭ 20 ᠮᠢᠨᠦ᠋ᠲ ᠪᠤᠭᠤᠨᠢᠰᠪᠠ᠃ ᠬᠥᠬᠡᠬᠣᠲᠠ ᠡᠴᠡ ᠢᠷᠭᠠᠢ᠂ ᠯᠠᠨᠵᠧᠦ᠍᠎ᠳᠦ ᠬᠦᠷᠬᠦ ᠳ᠋ᠤ ᠬᠠᠮᠤᠭ᠎ᠤᠨ ᠬᠤᠷᠳᠤᠨ᠎ᠳᠠᠭᠠᠨ ᠲᠤᠰ ᠲᠤᠰ 4 ᠴᠠᠭ 03 ᠮᠢᠨᠦ᠋ᠲ᠂ 7 ᠴᠠᠭ 27 ᠮᠢᠨᠦ᠋ᠲ᠎ᠤᠨ ᠴᠠᠭ ᠬᠡᠷᠡᠭᠰᠡᠵᠦ᠂ ᠤᠤᠯ᠎ᠤᠨ ᠬᠠᠮᠤᠭ᠎ᠤᠨ ᠬᠤᠷᠳᠤᠨ ᠭᠠᠯᠲᠤ ᠲᠡᠷᠭᠡ᠎ᠲᠡᠶ ᠬᠠᠷᠢᠴᠠᠭᠤᠯᠪᠠᠯ ᠲᠤᠰ ᠲᠤᠰ 3 ᠴᠠᠭ 54 ᠮᠢᠨᠦ᠋ᠲ᠂ 2 ᠴᠠᠭ 59 ᠮᠢᠨᠦ᠋ᠲ ᠪᠤᠭᠤᠨᠢᠰᠪᠠ᠃

ᠣᠢᠯᠠᠭᠠᠭ᠍ᠰᠠᠨ᠎ᠢᠶᠠᠷ᠂ ᠪᠤᠭᠤᠲᠤ ᠡᠴᠡ ᠢᠷᠭᠠᠢ ᠬᠦᠷᠬᠦ ᠲᠦᠷᠭᠡᠨ᠎ᠦ ᠲᠡᠮᠦᠷ ᠵᠠᠮ᠎ᠤᠨ ᠪᠤᠭᠤᠳᠤ ᠡᠴᠡ ᠬᠤᠢ ᠨᠦᠩ ᠬᠦᠷᠬᠦ ᠬᠡᠰᠡᠭ ᠪᠣᠯ ᠤᠯᠤᠰ᠎ᠤᠨ 《ᠨᠠᠢ᠍ᠮᠠᠨ ᠭᠤᠯᠳᠤ ᠨᠠᠢ᠍ᠮᠠᠨ ᠬᠥᠨᠳᠡᠯᠡᠨ》 ᠲᠦᠷᠭᠡᠨ᠎ᠦ ᠲᠡᠮᠦᠷ ᠵᠠᠮ᠎ᠤᠨ ᠲᠣᠣᠷ᠎ᠤᠨ ᠪᠡᠭᠡᠵᠢᠩ ᠡᠴᠡ ᠯᠠᠨᠵᠧᠦ ᠬᠦᠷᠬᠦ  ᠵᠠᠮ ᠱᠤᠭᠤᠮ᠎ᠤᠨ ᠭᠣᠣᠯ ᠪᠦᠷᠢᠯᠳᠦᠬᠦᠨ ᠬᠡᠰᠡᠭ ᠪᠠᠢᠵᠤ᠂ ᠤᠯᠤᠰ᠎ᠤᠨ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠲᠥᠯᠥᠪᠵᠢᠭᠦᠯᠭᠡ᠎ᠶ᠋ᠢᠨ ᠭᠣᠣᠯᠳᠠᠯᠭ᠎ᠠ᠎ᠲᠠᠶ ᠲᠦᠷᠦᠯ ᠵᠦᠢᠯ ᠪᠣᠯᠤᠨ᠎ᠠ᠂ ᠪᠠᠰᠠ ᠴᠤ᠌ ᠥᠪᠥᠷ ᠮᠣᠩᠭᠣᠯ᠎ᠤᠨ ᠪᠠᠷᠠᠭᠤᠨᠰᠢ ᠪᠠᠨ ᠣᠷᠣᠨ ᠡᠴᠡ ᠭᠠᠷᠬᠤ ᠴᠢᠬᠤᠯᠠ ᠵᠠᠮ ᠪᠣᠯᠤᠨ᠎ᠠ᠃ ᠪᠤᠭᠤᠲᠤ ᠡᠴᠡ ᠢᠷᠭᠠᠶ ᠬᠦᠷᠬᠦ ᠲᠦᠷᠭᠡᠨ᠎ᠦ ᠲᠡᠮᠦᠷ ᠵᠠᠮ᠎ᠤᠨ ᠪᠤᠭᠤᠳᠤ ᠡᠴᠡ ᠬᠤᠢ ᠨᠦᠩ ᠬᠦᠷᠬᠦ ᠬᠡᠰᠡᠭ᠎ᠤᠨ ᠲᠡᠷᠭᠡ ᠨᠡᠪᠲᠡᠷᠡᠭᠰᠡᠨ᠎ᠨᠢ ᠪᠤᠭᠤᠲᠤ ᠡᠴᠡ ᠢᠷᠭᠠᠶ ᠬᠦᠷᠬᠦ ᠲᠦᠷᠭᠡᠨ᠎ᠦ ᠲᠡᠮᠦᠷ ᠵᠠᠮ᠎ᠪᠥᠬᠥ᠌ ᠱᠤᠭᠤᠮ᠎ᠢᠶᠡᠷ ᠵᠢᠩᠬᠢᠨᠢ᠎ᠪᠡᠷ ᠲᠡᠷᠬᠡ ᠨᠡᠪᠲᠡᠷᠡᠵᠦ᠍᠂ ᠪᠡᠭᠡᠵᠢᠩ᠎ᠡᠴᠡ ᠯᠠᠨᠵᠧᠸ᠋ ᠬᠥᠷᠬᠥ᠌ ᠲᠦᠷᠭᠡᠨ᠎ᠦ ᠲᠡᠮᠦᠷ ᠵᠠᠮ ᠪᠥᠬᠥ᠌ ᠱᠤᠭᠤᠮ᠎ᠢᠶᠡᠷ ᠲᠡᠷᠬᠡ ᠨᠡᠪᠲᠡᠷᠡᠵᠦ᠍᠂ ᠥᠪᠥᠷ ᠮᠣᠩᠭᠣᠯ᠎ᠤᠨ ᠪᠠᠶᠠᠨᠨᠠᠭᠤᠷ ᠬᠣᠲᠠ᠂ ᠦᠬᠠᠶ ᠬᠣᠲᠠ ᠲᠦᠷᠭᠡᠨ᠎ᠦ ᠲᠡᠮᠦᠷ ᠵᠠᠮ᠎ᠤᠨ ᠴᠠᠭ ᠦᠶ᠎ᠡ᠎ᠳᠦ ᠤᠷᠤᠭ᠍ᠰᠠᠨ᠎ᠢ ᠬᠠᠷᠠᠭᠤᠯᠵᠤ᠂ ᠥᠪᠥᠷ ᠮᠣᠩᠭᠣᠯ᠎ᠤᠨ ᠪᠠᠷᠠᠭᠤᠨ ᠪᠡᠶ᠎ᠡ ᠵᠢᠨ ᠭᠠᠵᠠᠷ ᠣᠷᠣᠨ᠎ᠤ ᠣᠯᠠᠨ ᠲᠦᠮᠡᠨ᠎ᠦ ᠶᠠᠪᠤᠵᠤ ᠰᠠᠭᠤᠬᠤ ᠨᠥᠬᠥᠴᠡᠯ᠎ᠢ ᠪᠦᠲᠦᠮᠵᠢᠲᠡᠶ ᠰᠠᠢᠵᠢᠷᠠᠭᠤᠯᠬᠤ ᠪᠤᠯᠤᠨ᠎ᠠ᠂ ᠣᠷᠣᠨ ᠪᠦᠰᠡ᠎ᠶ᠋ᠢᠨ ᠵᠣᠬᠢᠴᠠᠩᠭᠤᠶ ᠬᠥᠭ᠌ᠵᠢᠯᠲᠡ᠎ᠶ᠋ᠢ ᠠᠬᠢᠭᠤᠯᠬᠤ᠂ ᠬᠠᠲᠤᠨ ᠭᠤᠤᠯ᠎ᠤᠨ ᠰᠠᠪᠠ ᠭᠠᠵᠠᠷ᠎ᠤᠨ ᠴᠢᠨᠠᠷ ᠰᠠᠢᠲᠠᠶ ᠬᠥᠭ᠌ᠵᠢᠯᠲᠡ᠎ᠶ᠋ᠢ ᠠᠬᠢᠭᠤᠯᠬᠤ᠂ ᠱᠢᠨ᠎ᠡ ᠴᠠᠭ ᠦᠶ᠎ᠡ᠎ᠶ᠋ᠢᠨ ᠪᠠᠷᠠᠭᠤᠨ ᠣᠷᠣᠨ᠎ᠢ ᠶᠡᠬᠡ᠎ᠪᠡᠷ ᠨᠡᠭᠡᠭᠡᠨ ᠬᠥᠭ᠌ᠵᠢᠭᠦᠯᠬᠦ᠌ ᠪᠠᠢᠯᠳᠤᠬᠤ ᠪᠣᠳᠣᠯᠭ᠎ᠠ᠎ᠶ᠋ᠢ ᠬᠡᠷᠡᠭ᠌ᠵᠢᠭᠦᠯᠬᠦ᠌᠎ᠳᠦ ᠬᠦᠴᠦᠨ ᠨᠡᠮᠡᠷᠢᠯᠡᠬᠦ᠎ᠳᠤ ᠴᠢᠬᠤᠯᠠ ᠠᠴᠢ ᠬᠣᠯᠪᠣᠭ᠍ᠳᠠᠯ᠎ᠲᠠᠶ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号