ᠤᠨ ᠵᠢᠯ ᠤ᠋ᠨ ᠴᠡᠩᠭᠡᠷ ᠠᠶᠠᠯᠭᠤᠨ ᠳ᠋ᠤ
2025-12-26 10:54:26
ᠵᠣᠬᠢᠶᠠᠭ᠍ᠴᠢ᠄
ᠡᠷᠳᠡᠨᠢᠬᠤᠸᠠᠷ
ᠣᠩᠱᠢᠭ᠍ᠰᠠᠨ ᠣᠳᠠᠭ᠎ᠠ᠄
★★★☆☆

— 《ᠰᠢᠨ᠎ᠠ ᠬᠦᠳᠡᠭᠡ》 ᠲᠤᠰᠬᠠᠢ ᠬᠡᠪᠯᠡᠯ ᠤ᠋ᠨ 2025 ᠤᠨ ᠤ᠋ ᠤᠳᠬᠤᠨ ᠳ᠋ᠤᠭᠠᠷ ᠤ᠋ᠨ ᠵᠢᠰᠢᠶᠡᠨ ᠳᠡᠭᠡᠷ᠎ᠠ

ᠬᠠᠷᠢᠭᠤᠴᠠᠭᠰᠠᠨ ᠨᠠᠢᠷᠠᠭᠤᠯᠤᠬᠴᠢ ᠵᠢᠨ ᠦᠭᠡ

ᠡᠳᠦᠷ ᠬᠤᠨᠤᠭ ᠤᠷᠤᠰᠬᠤ ᠤᠰᠤᠨ ᠮᠡᠳᠦ ᠦᠩᠭᠡᠷᠡᠵᠦ᠂ 2025 ᠤᠨ ᠴᠤ᠌ ᠨᠢᠭᠡ ᠮᠡᠳᠡᠭᠦᠨ᠎ᠠ ᠰᠡᠭᠦᠯ ᠰᠢᠪᠳᠤᠷᠴᠠᠢ᠃ ᠠᠶᠠᠭ᠎ᠠ ᠺᠤᠹᠧ ᠤᠤᠭᠤᠵᠤ᠂ ᠬᠡᠰᠡᠭ ᠰᠢᠬᠢᠷ ᠭᠦᠯᠬᠦᠨ᠂ 2025 ᠤᠨ ᠤ᠋ 1 ᠰᠠᠷ᠎ᠠ ᠡᠴᠡ 12 ᠰᠠᠷ᠎ᠠ ᠪᠤᠯᠳᠠᠯᠠᠬᠢ 《ᠰᠢᠨ᠎ᠠ ᠬᠦᠳᠡᠭᠡ》 ᠲᠤᠰᠬᠠᠢ ᠬᠡᠪᠯᠡᠯ ᠶ᠋ᠢᠡᠨ ᠨᠢᠭᠡᠪᠤᠷᠢᠴᠢᠯᠡᠨ ᠰᠡᠭᠦᠵᠦ ᠦᠵᠡᠬᠦᠶ᠎ᠠ᠂ ᠤᠷᠤᠨ ᠤ᠋ ᠲᠦᠪ ᠵᠢᠴᠢ ᠡᠯ᠎ᠠ ᠠᠢᠮᠠᠭ ᠬᠤᠳᠠ ᠳ᠋ᠤ ᠰᠠᠭᠤᠭ᠎ᠠ ᠰᠤᠷᠪᠤᠯᠵᠢᠯᠠᠭᠴᠢ ᠨᠠᠷ᠂ ᠮᠡᠳᠡᠭᠡ ᠮᠡᠳᠡᠭᠡᠯᠡᠯ ᠶ᠋ᠢᠡᠨ ᠬᠠᠷᠠᠮ ᠦᠭᠡᠢ ᠢᠯᠡᠭᠡᠵᠦ ᠦᠭᠭᠦᠭᠰᠡᠨ ᠴᠢᠮᠡᠭᠡᠯᠡᠭᠴᠢ ᠨᠠᠷ᠂ ᠬᠠᠷᠢᠭᠤᠴᠠᠭᠰᠠᠨ ᠨᠠᠢᠷᠠᠭᠤᠯᠤᠭᠴᠢ ᠮᠢᠨᠤ ᠪᠡᠶ᠎ᠠ᠂ ᠡᠬᠡ ᠪᠢᠴᠢᠭ ᠢ᠋ ᠬᠤᠪᠢᠳᠠᠨ ᠬᠢᠨᠠᠭᠰᠠᠨ ᠡᠷᠬᠢᠯᠡᠭᠴᠢ᠂ ᠰᠤᠨᠢᠨ ᠤ᠋ ᠨᠢᠭᠤᠷ ᠢ᠋ ᠭᠤᠶᠤ ᠰᠠᠢᠬᠠᠨ ᠪᠤᠯᠭᠠᠬᠤ ᠪᠡᠷ ᠲᠠᠷᠢᠬᠢ ᠪᠡᠨ ᠰᠢᠪᠬᠠᠭᠰᠠᠨ ᠪᠠᠷ ᠤᠷᠠᠯᠠᠭᠴᠢ ᠪᠠ ᠰᠠᠨᠠᠯ ᠵᠦᠪᠯᠡᠯᠭᠡ ᠦᠭᠭᠦᠭᠰᠡᠨ ᠡᠷᠬᠢᠯᠡᠭᠴᠢ ᠨᠠᠷ ᠵᠢᠴᠢ ᠦᠭᠡ ᠦᠰᠦᠭ ᠤ᠋ᠨ ᠠᠯᠳᠠᠭ᠎ᠠ ᠪᠤᠷᠤᠭᠤ ᠶ᠋ᠢ ᠠᠯᠳᠠᠯ ᠦᠭᠡᠢ ᠵᠠᠰᠠᠵᠤ ᠵᠠᠯᠠᠷᠠᠭᠤᠯᠵᠦ ᠦᠭᠭᠦᠭᠰᠡᠨ ᠬᠠᠷᠭᠤᠭᠤᠯᠤᠭᠴᠢ ᠨᠠᠷ ᠤ᠋ᠨ ᠬᠤᠪᠢ ᠬᠤᠪᠢᠨ ᠤ᠋ ᠬᠦᠴᠦ ᠬᠦᠳᠡᠯᠮᠦᠷᠢ ᠰᠢᠩᠭᠡᠭᠰᠡᠨ 46  ᠨᠢᠭᠤᠷ  《 ᠰᠢᠨ᠎ᠠ ᠬᠦᠳᠡᠭᠡ 》  ᠲᠤᠰᠬᠠᠢ ᠬᠡᠪᠯᠡᠯ ᠦᠨᠦᠬᠡᠨ ᠬᠡᠪᠯᠡᠭᠳᠡᠭᠰᠡᠨ ᠮᠡᠳᠦ ᠤᠢᠷᠠᠬᠠᠨ ᠰᠠᠨᠠᠭᠳᠠᠨ᠎ᠠ᠃

2025 ᠤᠨ ᠳ᠋ᠤ᠂ 《ᠰᠢᠨ᠎ᠠ ᠬᠦᠳᠡᠭᠡ》 ᠲᠤᠰᠬᠠᠢ ᠬᠡᠪᠯᠡᠯ ᠳ᠋ᠡᠭᠡᠨ ᠪᠢᠳᠡ ᠲᠦᠪ ᠤ᠋ᠨ ᠠᠵᠤ ᠠᠬᠤᠢ ᠶ᠋ᠢᠨ ᠠᠵᠢᠯ ᠤ᠋ᠨ ᠬᠤᠷᠠᠯ ᠪᠠ ᠬᠦᠳᠡᠭᠡ ᠲᠤᠰᠬᠤᠨ ᠤ᠋ ᠠᠵᠢᠯ ᠤ᠋ᠨ ᠬᠤᠷᠠᠯ ᠤ᠋ᠨ ᠵᠤᠷᠢᠭ ᠰᠠᠨᠠᠭ᠎ᠠ ᠪᠡᠷ ᠲᠤᠯᠢᠯᠠᠵᠤ᠂ ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠤᠷᠤᠨ ᠮᠠᠯᠴᠢᠨ ᠲᠠᠷᠢᠶᠠᠴᠢᠨ ᠶ᠋ᠢᠡᠷ ᠭᠤᠤᠯ ᠠᠩᠬᠠᠷᠤᠯ ᠤ᠋ᠨ ᠴᠡᠭ ᠪᠤᠯᠭᠠᠨ᠂ 《ᠮᠠᠯᠵᠢᠬᠤ ᠲᠠᠷᠢᠶᠠᠯᠠᠬᠤ ᠤᠷᠤᠨ ᠤ᠋ ᠰᠢᠯᠢᠳᠡᠭ ᠰᠠᠢᠨ ᠦᠢᠯᠡᠰ ᠪᠤᠰᠬᠠᠬᠤ ᠲᠦᠷᠦᠯ ᠵᠦᠢᠯ ᠵᠢᠴᠢ ᠴᠢᠳᠠᠪᠤᠷᠢᠳᠠᠨ ᠤ᠋ ᠲᠤᠬᠠᠢ ᠰᠢᠷᠢᠰ ᠮᠡᠳᠡᠭᠡᠯᠡᠯ》 (ᠡᠮᠦᠨ᠎ᠠ ᠬᠤᠢᠨ᠎ᠠ ᠨᠡᠢᠳᠡ 12 ᠬᠤᠭᠤᠴᠠᠭ᠎ᠠ)᠂ 《ᠭᠠᠵᠠᠷ ᠵᠦᠢ ᠶ᠋ᠢᠨ ᠢᠯᠡᠷᠬᠡᠢᠯᠡᠯᠳᠦ ᠪᠦᠲᠦᠭᠡᠭᠳᠡᠭᠦᠨ ᠶ᠋ᠢᠡᠷ ᠤᠷᠤᠨ ᠪᠦᠰᠡ ᠶ᠋ᠢᠨ ᠴᠢᠨᠠᠷ ᠰᠠᠢᠳᠠᠢ ᠬᠦᠭᠵᠢᠯᠳᠡ ᠶ᠋ᠢ ᠠᠬᠢᠭᠤᠯᠤᠭᠰᠠᠨ ᠨᠡᠢᠳᠡᠯᠢᠭ ᠵᠢᠱ᠌ᠢᠶ᠎ᠠ》 (ᠨᠡᠢᠳᠡ 10 ᠬᠤᠭᠤᠴᠠᠭ᠎ᠠ ) ᠵᠡᠷᠭᠡ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠦᠢᠯᠡᠰ ᠤ᠋ᠨ ᠠᠮᠢᠳᠤ ᠪᠤᠳᠠᠳᠠᠢ ᠦᠯᠢᠭᠡᠷ ᠵᠢᠱ᠌ᠢᠶ᠎ᠠ; 《 ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭᠳᠡᠭᠦᠨ ᠢ᠋ ᠨᠠᠷᠢᠯᠢᠭ ᠪᠤᠯᠪᠠᠰᠤᠷᠠᠭᠤᠯᠬᠤ ᠶ᠋ᠢ ᠳᠡᠮᠵᠢᠬᠦ ᠠᠷᠭ᠎ᠠ ᠬᠡᠮᠵᠢᠶ᠎ᠠ ᠶ᠋ᠢᠨ ᠲᠤᠬᠠᠢ ᠰᠢᠷᠢᠰ ᠲᠠᠢᠯᠤᠮᠵᠢ》᠂ 《ᠦᠪᠦᠷ ᠮᠤᠩᠭᠤᠯ ᠤ᠋ᠨ ᠬᠤᠯᠢᠰᠢᠨ ᠢᠳᠡᠭᠡᠨ ᠪᠤᠯᠪᠠᠰᠤᠷᠠᠭᠤᠯᠬᠤ ᠦᠢᠯᠡᠰ ᠢ᠋ ᠪᠤᠢᠵᠢᠭᠤᠯᠤᠨ ᠪᠤᠵᠠᠭᠠᠢᠷᠠᠭᠤᠯᠬᠤ ᠠᠵᠢᠯᠯᠠᠭ᠎ᠠ ᠶ᠋ᠢᠨ 10 ᠭᠤᠤᠯᠳᠠᠯᠭᠠᠳᠤ ᠲᠦᠷᠦᠯ ᠵᠦᠢᠯ》 ᠵᠡᠷᠭᠡ ᠲᠦᠷᠦ ᠶ᠋ᠢᠨ ᠪᠤᠳᠤᠯᠭ᠎ᠠ ᠶ᠋ᠢᠨ ᠲᠠᠢᠯᠤᠮᠵᠢ; 《〈 ᠮᠠᠩᠯᠠᠢ ᠶ᠋ᠢᠨ ᠵᠠᠭᠪᠤᠷ 〉 ᠤ᠋ᠨ ᠭᠤᠷᠮᠤᠰᠤᠨ ᠠᠢᠵᠠᠮ》᠂ 《 ᠮᠢᠬ᠎ᠠ ᠰᠦ ᠡᠪᠡᠰᠦ ᠳ᠋ᠤ ᠰᠠᠭᠤᠷᠢᠯᠠᠭᠰᠠᠨ ᠴᠢᠨᠠᠷ ᠰᠠᠢᠳᠠᠢ ᠬᠦᠭᠵᠢᠯᠳᠡ ᠶ᠋ᠢᠨ ᠵᠠᠮ》 ᠵᠡᠷᠭᠡ ᠭᠦᠨᠴᠡ ᠮᠡᠳᠡᠭᠡᠯᠡᠯ ᠵᠢᠴᠢ ᠮᠠᠯ ᠠᠵᠤ ᠠᠬᠤᠢ ᠲᠠᠷᠢᠶᠠᠯᠠᠩ ᠳ᠋ᠤ ᠬᠤᠯᠪᠤᠭᠳᠠᠬᠤ ᠠᠯᠢ ᠤᠯᠠᠨ ᠰᠢᠨ᠎ᠠ ᠰᠢᠨ᠎ᠠ ᠰᠤᠨᠢᠨ ᠮᠡᠳᠡᠭᠡ ᠪᠠ ᠰᠤᠨᠢᠷᠬᠠᠯᠳᠠᠢ ᠰᠠᠢᠬᠠᠨ ᠵᠢᠷᠤᠭᠳᠤ ᠮᠡᠳᠡᠭᠡᠯᠡᠯ ᠤ᠋ᠳ ᠢ᠋ ᠨᠡᠢᠳᠡᠯᠡᠵᠠᠢ᠃

ᠴᠠᠭ ᠮᠦᠴᠡ ᠬᠠᠷᠪᠤᠭᠰᠠᠨ ᠰᠤᠮᠤ ᠮᠡᠳᠦ ᠦᠩᠭᠡᠷᠡᠵᠦ ᠯᠡ ᠪᠠᠢᠨ᠎ᠠ᠃ ᠤᠨ ᠵᠢᠯ ᠤ᠋ᠨ ᠴᠡᠩᠭᠡᠷ ᠠᠶᠠᠯᠭᠤᠨ ᠳ᠋ᠤ ᠡᠳᠦᠷ ᠬᠤᠨᠤᠭ ᠬᠠᠭᠤᠴᠢᠷᠠᠨ᠎ᠠ᠂ ᠪᠠᠰᠠ ᠰᠢᠨᠡᠴᠢᠯᠡᠭᠳᠡᠨ᠎ᠠ᠃ ᠡᠨᠳᠡ 2025 ᠤᠨ ᠤ᠋ 《ᠰᠢᠨ᠎ᠠ ᠬᠦᠳᠡᠭᠡ》 ᠲᠤᠰᠬᠠᠢ ᠬᠡᠪᠯᠡᠯ ᠢ᠋ ᠠᠩᠬᠠᠷᠤᠨ ᠤᠩᠰᠢᠭᠰᠠᠨ ᠪᠦᠬᠦ ᠬᠦᠮᠦᠰ ᠲᠤ᠌ ᠴᠢᠩ ᠰᠡᠳᠬᠢᠯ ᠤ᠋ᠨ ᠲᠠᠯᠠᠷᠬᠠᠯ ᠶ᠋ᠢᠡᠨ ᠳᠡᠪᠰᠢᠭᠦᠯᠬᠦ ᠶ᠋ᠢᠨ ᠵᠡᠷᠭᠡ ᠪᠡᠷ 2026 ᠤᠨ ᠳ᠋ᠤ ᠦᠷᠭᠦᠯᠵᠢᠯᠡᠨ ᠠᠩᠬᠠᠷᠤᠯ ᠶ᠋ᠢᠡᠨ ᠬᠠᠨᠳᠤᠭᠤᠯᠬᠤ ᠶ᠋ᠢ ᠬᠦᠰᠡᠵᠦ ᠪᠠᠢᠨ᠎ᠠ᠃




QQ20251226-105220.png


ᠲᠦᠷᠦ ᠶ᠋ᠢᠨ ᠪᠤᠳᠤᠯᠭ᠎ᠠ ᠪᠤᠯ ᠶᠡᠷᠦᠩᠬᠡᠢ ᠴᠢᠭᠯᠡᠯ

《ᠶᠤᠰᠤ ᠶᠤᠮᠪᠤᠭᠤᠷ ᠲᠦᠷᠦ ᠲᠦᠮᠪᠤᠭᠡᠷ》 ᠭᠡᠳᠡᠭᠴᠢᠯᠡᠨ ᠶᠠᠮᠠᠷ ᠠᠵᠢᠯ ᠲᠦᠷᠤᠯ ᠡᠷᠬᠢᠯᠡᠭᠰᠡᠨ ᠴᠤ᠌ ᠲᠦᠷᠦ ᠶ᠋ᠢᠨ ᠪᠤᠳᠤᠯᠭ᠎ᠠ ᠶ᠋ᠢᠨ ᠳᠡᠮᠵᠢᠯᠭᠡ ᠡᠴᠡ ᠰᠠᠯᠵᠤ ᠴᠢᠳᠠᠬᠤ ᠦᠭᠡᠢ ᠶᠤᠮ᠃ ᠲᠦᠷᠦ ᠶ᠋ᠢᠨ ᠪᠤᠳᠤᠯᠭ᠎ᠠ ᠪᠤᠯ ᠠᠯᠢᠪᠠ ᠠᠵᠢᠯ ᠦᠢᠯᠡᠰ ᠤ᠋ᠨ ᠬᠦᠭᠵᠢᠯᠳᠡ ᠶ᠋ᠢᠨ ᠶᠡᠷᠦᠩᠬᠡᠢ ᠴᠢᠭᠯᠡᠯ ᠪᠤᠯᠤᠨ᠎ᠠ᠃

2025 ᠤᠨ ᠤ᠋ 《ᠰᠢᠨ᠎ᠠ ᠬᠦᠳᠡᠭᠡ》 ᠲᠤᠰᠬᠠᠢ ᠬᠡᠪᠯᠡᠯ ᠳ᠋ᠡᠭᠡᠨ ᠪᠢᠳᠡ 《2025 ᠤᠨ ᠤ᠋ 〈 ᠬᠦᠳᠡᠭᠡ ᠠᠵᠤ ᠠᠬᠤᠢ ᠬᠦᠳᠡᠭᠡ ᠲᠤᠰᠬᠤᠨ ᠲᠠᠷᠢᠶᠠᠴᠢᠨ〉 ᠤ᠋ ᠠᠵᠢᠯ ᠤ᠋ᠨ ᠭᠤᠤᠯ ᠭᠠᠷᠳᠠᠴᠠ —  ᠲᠦᠪ ᠤ᠋ᠨ ᠬᠦᠳᠡᠭᠡ ᠲᠤᠰᠬᠤᠨ ᠤ᠋ ᠠᠵᠢᠯ ᠤ᠋ᠨ ᠬᠤᠷᠠᠯ ᠤ᠋ᠨ 〈ᠨᠠᠶ᠋ᠮᠠᠨ ᠴᠢᠬᠤᠯᠠ ᠳᠤᠷᠠᠳᠤᠯᠭ᠎ᠠ 〉  ᠶ᠋ᠢ ᠲᠠᠢᠯᠬᠤᠢ 》 ᠡᠴᠨ ᠡᠬᠢᠯᠡᠭᠦᠯᠦᠨ ᠨᠡᠢᠳᠡ 17 ᠬᠤᠭᠤᠴᠠᠭ᠎ᠠ ᠲᠦᠷᠦ ᠶ᠋ᠢᠨ ᠪᠤᠳᠤᠯᠭ᠎ᠠ ᠶ᠋ᠢᠨ ᠲᠠᠢᠯᠤᠮᠵᠢ ᠨᠡᠢᠳᠡᠯᠡᠵᠤ᠂ ᠪᠦᠬᠦ ᠤᠷᠤᠨ ᠤ᠋ ᠮᠠᠯ ᠠᠵᠤ ᠠᠬᠤᠢ ᠲᠠᠷᠢᠶᠠᠯᠠᠩ ᠤ᠋ᠨ ᠦᠢᠯᠡᠰ ᠡᠷᠬᠢᠯᠡᠬᠦ ᠠᠵᠤ ᠠᠬᠤᠢᠯᠠᠯ ᠪᠠ ᠮᠠᠯᠴᠢᠨ ᠲᠠᠷᠢᠶᠠᠴᠢᠨ ᠳ᠋ᠤ ᠠᠵᠤ ᠦᠢᠯᠡᠰ ᠶ᠋ᠢᠡᠨ ᠬᠦᠭᠵᠢᠭᠦᠯᠵᠤ ᠠᠵᠤ ᠠᠮᠢᠳᠤᠷᠠᠯ ᠶ᠋ᠢᠡᠨ ᠦᠭᠡᠳᠡᠯᠡᠭᠦᠯᠬᠦ ᠶᠡᠬᠡ ᠴᠢᠭᠯᠡᠯ ᠢ᠋ ᠠᠯᠢ ᠴᠢᠳᠠᠬᠤ ᠪᠡᠷ ᠲᠤᠳᠤᠷᠬᠠᠢ ᠲᠠᠢᠯᠵᠤ ᠦᠭᠬᠦ ᠵᠢ ᠵᠤᠷᠢᠵᠠᠢ᠃

2 ᠰᠠᠷ᠎ᠠ ᠶ᠋ᠢᠨ 3 ᠤ᠋ ᠡᠳᠦᠷ ᠡᠴᠡ ᠡᠬᠢᠯᠡᠵᠦ ᠨᠡᠢᠳᠡᠯᠡᠭᠰᠡᠨ 《 ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭᠳᠡᠭᠦᠨ ᠢ᠋ ᠨᠠᠷᠢᠯᠢᠭ ᠪᠤᠯᠪᠠᠰᠤᠷᠠᠭᠤᠯᠬᠤ ᠶ᠋ᠢ ᠳᠡᠮᠵᠢᠬᠦ ᠠᠷᠭ᠎ᠠ ᠬᠡᠮᠵᠢᠶ᠎ᠠ ᠶ᠋ᠢᠨ ᠲᠤᠬᠠᠢ ᠰᠢᠷᠢᠰ ᠲᠠᠢᠯᠤᠮᠵᠢ 》  ᠨᠢ ᠦᠪᠡᠷᠳᠡᠭᠡᠨ ᠵᠠᠰᠠᠬᠤ ᠤᠷᠤᠨ ᠡᠴᠡ ᠤᠯᠤᠰ ᠤ᠋ᠨ ᠴᠢᠬᠤᠯᠠ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭᠳᠡᠭᠦᠨ ᠤ᠋ ᠦᠢᠯᠡᠳᠪᠤᠷᠢᠯᠡᠯ ᠤ᠋ᠨ ᠰᠠᠭᠤᠷᠢᠨ ᠤ᠋ ᠪᠦᠲᠦᠭᠡᠨ ᠪᠠᠢᠭᠤᠯᠤᠯᠳᠠ ᠶ᠋ᠢ ᠭᠦᠨᠵᠡᠭᠡᠢ ᠠᠬᠢᠭᠤᠯᠤᠨ᠂ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭᠳᠡᠭᠦᠨ ᠢ᠋ ᠪᠤᠯᠪᠠᠰᠤᠷᠠᠭᠤᠯᠬᠤ ᠦᠢᠯᠡᠰ ᠤ᠋ᠨ ᠬᠡᠪᠴᠢᠶᠡᠵᠢᠭᠰᠡᠨ ᠠᠵᠤ ᠦᠢᠯᠡᠰᠵᠢᠭᠰᠡᠨ ᠲᠦᠷᠦᠯ ᠲᠡᠮᠳᠡᠭᠴᠢᠯᠡᠭᠰᠡᠨ ᠬᠦᠭᠵᠢᠯᠳᠡ ᠶ᠋ᠢ ᠠᠬᠢᠭᠤᠯᠵᠤ᠂ ᠮᠠᠯ ᠠᠵᠤ ᠠᠬᠤᠢ ᠲᠠᠷᠢᠶᠠᠯᠠᠩ ᠤ᠋ᠨ ᠪᠦᠬᠦ ᠠᠵᠤ ᠦᠢᠯᠡᠰ ᠤ᠋ᠨ ᠬᠡᠯᠬᠢᠶ᠎ᠠ ᠶ᠋ᠢᠨ ᠦᠢᠯᠡᠳᠭᠦᠨ ᠤ᠋ ᠦᠷᠳᠡᠭ ᠢ᠋ ᠲᠦᠮᠡᠨ ᠳ᠋ᠦᠩᠰᠢᠭᠤᠷ ᠲᠦᠭᠦᠷᠢᠭ ᠡᠴᠡ ᠳᠠᠪᠠᠭᠤᠯᠤᠨ᠂ ᠮᠠᠯ ᠠᠵᠤ ᠠᠬᠤᠢ ᠲᠠᠷᠢᠶᠠᠯᠠᠩ ᠤ᠋ᠨ ᠭᠠᠷᠤᠯᠳᠠ ᠶ᠋ᠢᠨ ᠲᠤᠮᠤ ᠤᠷᠤᠨ ᠡᠴᠡ ᠠᠵᠤ ᠦᠢᠯᠡᠰ ᠤ᠋ᠨ ᠬᠦᠴᠦᠷᠬᠡᠭ ᠤᠷᠤᠨ ᠳᠡᠢᠰᠢ ᠤᠷᠤᠭᠰᠢᠯᠠᠬᠤ ᠪᠡᠷ ᠵᠤᠷᠢᠭᠰᠠᠨ 9 ᠵᠦᠢᠯ ᠤ᠋ᠨ ᠠᠷᠭ᠎ᠠ ᠬᠡᠮᠵᠢᠶ᠎ᠠ ᠳ᠋ᠤ ᠨᠠᠷᠢᠯᠢᠭ ᠲᠠᠢᠯᠤᠮᠵᠢ ᠬᠢᠪᠡ᠃

2 ᠰᠠᠷ᠎ᠠ ᠶ᠋ᠢᠨ 21 ᠤ᠋ ᠡᠳᠦᠷ ᠪᠠ 2 ᠰᠠᠷ᠎ᠠ ᠶ᠋ᠢᠨ 28 ᠤ᠋ ᠡᠳᠦᠷ ᠨᠡᠢᠳᠡᠯᠡᠭᠰᠡᠨ 《 ᠮᠠᠨ ᠤ᠋ ᠤᠷᠤᠨ ᠮᠠᠯ ᠠᠵᠤ ᠠᠬᠤᠢ ᠶ᠋ᠢᠨ 4 ᠶᠡᠬᠡ ᠠᠵᠤ ᠦᠢᠯᠡᠰ ᠤ᠋ᠨ ᠪᠦᠯᠦᠭᠵᠢᠯ ᠤ᠋ᠨ ᠪᠠᠢᠭᠤᠯᠤᠯᠳᠠ ᠶ᠋ᠢ ᠦᠨᠳᠦᠷ ᠪᠦᠲᠦᠮᠵᠢᠳᠠᠢ ᠪᠡᠷ ᠠᠬᠢᠭᠤᠯᠤᠨ᠎ᠠ 》 ᠪᠠ 《 ᠮᠠᠨ ᠤ᠋ ᠤᠷᠤᠨ ᠲᠠᠷᠢᠶᠠᠯᠠᠩ ᠤ᠋ᠨ 4 ᠶᠡᠬᠡ ᠠᠵᠤ ᠦᠢᠯᠡᠰ ᠤ᠋ᠨ ᠪᠦᠯᠦᠭᠵᠢᠯ ᠤ᠋ᠨ ᠪᠠᠢᠭᠤᠯᠤᠯᠳᠠ ᠶ᠋ᠢ ᠦᠨᠳᠦᠷ ᠪᠦᠲᠦᠮᠵᠢᠳᠠᠢ ᠪᠡᠷ ᠠᠬᠢᠭᠤᠯᠤᠨ᠎ᠠ 》 ᠵᠡᠷᠭᠡ ᠬᠤᠶᠠᠷ ᠲᠠᠢᠯᠤᠮᠵᠢ ᠨᠢ ᠮᠠᠨ ᠤ᠋ ᠤᠷᠤᠨ ᠤ᠋ ᠭᠤᠤᠯᠳᠠᠯᠭ᠎ᠠ ᠲᠠᠢ ᠪᠦᠲᠦᠭᠡᠨ ᠪᠠᠢᠭᠤᠯᠵᠤ ᠪᠠᠢᠭ᠎ᠠ ᠮᠠᠯ ᠠᠵᠤ ᠠᠬᠤᠢ ᠶ᠋ᠢᠨ 4 ᠶᠡᠬᠡ ᠠᠵᠤ ᠦᠢᠯᠡᠰ ᠤ᠋ᠨ ᠪᠦᠯᠦᠭᠵᠢᠯ ᠪᠠ ᠲᠠᠷᠢᠶᠠᠯᠠᠩ ᠤ᠋ᠨ 4 ᠶᠡᠬᠡ ᠠᠵᠤ ᠦᠢᠯᠡᠰ ᠤ᠋ᠨ ᠪᠦᠯᠦᠭᠵᠢᠯ ᠤ᠋ᠨ ᠲᠦᠷᠦᠯ ᠵᠦᠢᠯ ᠨᠢ ᠲᠤᠰ ᠲᠤᠰ ᠠᠯᠢ ᠬᠡᠳᠦᠨ ᠬᠤᠰᠢᠭᠤ ᠰᠢᠶᠠᠨ ᠳ᠋ᠤ ᠲᠠᠷᠬᠠᠵᠤ᠂ ᠶᠠᠭᠤ ᠶ᠋ᠢ ᠭᠤᠤᠯᠳᠠᠯᠭ᠎ᠠ ᠲᠠᠢ ᠪᠦᠲᠦᠭᠡᠨ ᠪᠠᠢᠭᠤᠯᠵᠤ ᠪᠠᠢᠭ᠎ᠠ ᠶ᠋ᠢ ᠨᠠᠷᠢᠯᠢᠭ ᠲᠠᠢᠯᠪᠤᠷᠢᠯᠠᠵᠠᠢ᠃

4 ᠰᠠᠷ᠎ᠠ ᠶ᠋ᠢᠨ 11 ᠤ᠋ ᠡᠳᠦᠷ ᠨᠡᠢᠳᠡᠯᠡᠭᠰᠡᠨ 《ᠵᠢᠯ ᠤ᠋ᠨ 200 ᠲᠦᠮᠡᠨ ᠲᠦᠭᠦᠷᠢᠭ ᠡᠴᠡ ᠦᠯᠦ ᠳᠠᠪᠠᠬᠤ ᠬᠦᠦ ᠮᠦᠩᠬᠦ ᠶ᠋ᠢᠨ ᠨᠦᠬᠦᠪᠤᠷᠢ ᠤᠯᠭᠤᠨ᠎ᠠ  —  ᠮᠠᠨ ᠤ᠋ ᠤᠷᠤᠨ ᠰᠦ ᠶ᠋ᠢᠨ ᠠᠵᠤ ᠦᠢᠯᠡᠰ ᠤ᠋ᠨ ᠴᠢᠨᠠᠷ ᠰᠠᠢᠳᠠᠢ ᠬᠦᠭᠵᠢᠯᠳᠡ ᠶ᠋ᠢ ᠳᠡᠮᠵᠢᠬᠦ ᠳᠤᠬᠠᠢ ᠮᠡᠳᠡᠭᠳᠡᠯ ᠨᠡᠢᠳᠡᠯᠡᠪᠡ》 ᠨᠢ ᠮᠠᠨ ᠤ᠋ ᠤᠷᠤᠨ ᠤ᠋ ᠰᠦ ᠶ᠋ᠢᠨ ᠠᠵᠤ ᠦᠢᠯᠡᠰ ᠤ᠋ᠨ ᠴᠢᠨᠠᠷ ᠰᠠᠢᠳᠠᠢ ᠬᠦᠭᠵᠢᠯᠳᠡ ᠶ᠋ᠢ ᠳᠡᠮᠵᠢᠬᠦ ᠬᠠᠮᠤᠭ ᠤ᠋ᠨ ᠰᠢᠨ᠎ᠠ ᠲᠦᠷᠦ ᠶ᠋ᠢᠨ ᠪᠤᠳᠤᠯᠭ᠎ᠠ ᠶ᠋ᠢ ᠲᠠᠨᠢᠯᠴᠠᠭᠤᠯᠪᠠ᠃

5 ᠰᠠᠷ᠎ᠠ ᠶ᠋ᠢᠨ 9 ᠤ᠋ ᠡᠳᠦᠷ ᠡᠴᠡ ᠡᠬᠢᠯᠡᠵᠦ ᠨᠡᠢᠳᠡᠯᠡᠭᠰᠡᠨ 《 ᠦᠪᠦᠷ ᠮᠤᠩᠭᠤᠯ ᠤ᠋ᠨ ᠬᠤᠯᠢᠰᠢᠨ ᠢᠳᠡᠭᠡᠨ ᠪᠤᠯᠪᠠᠰᠤᠷᠠᠭᠤᠯᠬᠤ ᠦᠢᠯᠡᠰ ᠢ᠋ ᠪᠤᠢᠵᠢᠭᠤᠯᠤᠨ ᠪᠤᠵᠠᠭᠠᠢᠷᠠᠭᠤᠯᠬᠤ ᠠᠵᠢᠯᠯᠠᠭ᠎ᠠ ᠶ᠋ᠢᠨ 10 ᠭᠤᠤᠯᠳᠠᠯᠭᠠᠳᠤ ᠲᠦᠷᠦᠯ ᠵᠦᠢᠯ 》  ᠤ᠋ᠨ ᠰᠢᠷᠢᠰ ᠳᠠᠢᠯᠤᠮᠵᠢ ᠨᠢ 2025 ᠤᠨ ᠡᠴᠡ 2027 ᠪᠤᠯᠳᠠᠯ᠎ᠠ ᠮᠠᠨ ᠤ᠋ ᠤᠷᠤᠨ ᠤ᠋ ᠭᠤᠤᠯᠳᠠᠯᠭ᠎ᠠ ᠲᠠᠢ ᠬᠦᠭᠵᠢᠬᠦᠯᠬᠦ ᠪᠡᠷ ᠪᠠᠢᠭ᠎ᠠ ᠴᠠᠭᠠᠨ ᠢᠳᠡᠭᠡᠨ᠂ ᠤᠯᠠᠭᠠᠨ ᠢᠳᠡᠭᠡᠨ᠂ ᠡᠷᠳᠡᠨᠢ ᠰᠢᠰᠢ ᠶ᠋ᠢᠨ ᠪᠦᠲᠦᠭᠡᠭᠳᠡᠭᠦᠨ᠂ ᠲᠦᠮᠦᠰᠦ ᠶ᠋ᠢᠨ ᠢᠳᠡᠭᠡᠨ᠂ ᠰᠢᠷ᠎ᠠ ᠪᠤᠷᠴᠠᠭ ᠤ᠋ᠨ ᠢᠳᠡᠭᠡᠨ᠂ ᠪᠤᠳᠠᠭ᠎ᠠ ᠭᠤᠯᠢᠷ ᠲᠤᠰᠤ ᠰᠢᠬᠢᠷ ᠵᠢᠴᠢ ᠡᠯᠳᠡᠪ ᠠᠮᠤ ᠶ᠋ᠢᠨ ᠪᠦᠲᠦᠭᠡᠭᠳᠡᠭᠦᠨ᠂ ᠰᠤᠯᠠ ᠢᠳᠡᠭᠡᠨ ᠳᠦᠭᠦᠮ ᠢᠳᠡᠭᠡᠨ᠂ ᠠᠮᠳᠠ ᠤᠷᠤᠭᠤᠯᠬᠤ ᠪᠦᠲᠦᠭᠡᠭᠳᠡᠭᠦᠨ᠂ ᠤᠨᠴᠠᠯᠢᠭᠳᠤ ᠡᠷᠡᠭᠦᠯᠵᠢᠯ ᠤ᠋ᠨ ᠪᠦᠲᠦᠭᠡᠭᠳᠡᠭᠦᠨ᠂ ᠠᠷᠢᠬᠢ ᠨᠡᠷᠡᠬᠦ ᠦᠢᠯᠡᠰ ᠵᠡᠷᠭᠡ  ᠬᠤᠯᠢᠰᠢᠨ ᠢᠳᠡᠭᠡᠨ ᠪᠤᠯᠪᠠᠰᠤᠷᠠᠭᠤᠯᠬᠤ ᠦᠢᠯᠡᠰ ᠤ᠋ᠨ ᠤᠷᠤᠨ ᠪᠦᠰᠡ ᠵᠢᠨ ᠪᠠᠢᠷᠢᠰᠢᠭᠤᠯᠤᠯᠳᠠ᠂ ᠭᠤᠤᠯ ᠰᠢᠪᠳᠤᠯᠤᠯᠳᠠ ᠵᠢᠨ ᠴᠢᠭᠯᠡᠯ᠂ ᠤᠨᠴᠠᠯᠢᠭᠳᠤ ᠪᠦᠲᠦᠭᠡᠭᠳᠡᠭᠦᠨ᠂  ᠬᠦᠭᠵᠢᠯᠳᠡ ᠵᠢᠨ ᠵᠠᠮ ᠱᠤᠭᠤᠮ ᠤ᠋ᠨ ᠵᠢᠷᠤᠭ ᠵᠡᠷᠭᠡ ᠶ᠋ᠢ ᠲᠤᠳᠤᠷᠬᠠᠢ ᠲᠠᠢᠯᠪᠤᠷᠢᠯᠠᠭᠰᠠᠨ ᠪᠠᠢᠨ᠎ᠠ᠃


ᠭᠠᠵᠠᠷ ᠵᠦᠢ ᠶ᠋ᠢᠨ ᠢᠯᠡᠷᠬᠡᠢᠯᠡᠯᠳᠦ ᠪᠦᠲᠦᠭᠡᠭᠳᠡᠭᠦᠨ ᠶ᠋ᠢᠡᠷ ᠤᠷᠤᠨ ᠪᠦᠰᠡ ᠶ᠋ᠢᠨ ᠴᠢᠨᠠᠷ ᠰᠠᠢᠳᠠᠢ ᠬᠦᠭᠵᠢᠯᠳᠡ ᠶ᠋ᠢ ᠠᠬᠢᠭᠤᠯᠤᠭᠰᠠᠨ ᠨᠡᠢᠳᠡᠯᠢᠭ ᠵᠢᠱ᠌ᠢᠶ᠎ᠠ ᠶ᠋ᠢᠨ ᠰᠢᠷᠢᠰ ᠮᠡᠳᠡᠭᠡᠯᠡᠯ


   QQ20251226-105138.png    


ᠠᠯᠴᠢᠨ ᠲᠠᠷᠢᠶᠠᠴᠢᠨ ᠪᠤᠯ ᠭᠤᠤᠯ ᠳᠦᠷᠢ

《ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠤᠷᠤᠨ ᠮᠠᠯᠴᠢᠨ ᠲᠠᠷᠢᠶᠠᠴᠢᠨ》 ᠶ᠋ᠢᠡᠷ ᠭᠤᠤᠯ ᠠᠩᠬᠠᠷᠤᠯ ᠤ᠋ᠨ ᠴᠡᠭ ᠪᠤᠯᠭᠠᠬᠤ ᠪᠤᠯ ᠪᠢᠳᠡᠨ ᠤ᠋ ᠡᠷᠡᠰ ᠪᠠᠳᠤ ᠪᠠᠷᠢᠮᠳᠠᠯᠠᠯ ᠶᠤᠮ᠃ 2025 ᠤᠨ ᠤ᠋ 《ᠰᠢᠨ᠎ᠠ ᠬᠦᠳᠡᠭᠡ》 ᠲᠤᠰᠬᠠᠢ ᠬᠡᠪᠯᠡᠯ ᠳ᠋ᠡᠭᠡᠨ ᠪᠢᠳᠡ 《ᠮᠠᠯᠴᠢᠨ ᠲᠠᠷᠢᠶᠠᠴᠢᠨ ᠢ᠋ ᠮᠦᠩᠭᠡ ᠶ᠋ᠢᠨ ᠭᠤᠤᠯ ᠳᠦᠷᠢ》 ᠪᠤᠯᠭᠠᠨ᠂ ᠮᠠᠯᠴᠢᠨ ᠲᠠᠷᠢᠶᠠᠴᠢᠨ ᠤ᠋ ᠠᠵᠤ ᠠᠮᠢᠳᠤᠷᠠᠯ ᠳ᠋ᠤ ᠰᠢᠭᠤᠳ ᠬᠤᠯᠪᠤᠭᠳᠠᠬᠤ᠂ ᠮᠠᠯᠵᠢᠬᠤ ᠲᠠᠷᠢᠶᠠᠯᠠᠬᠤ ᠤᠷᠤᠨ ᠤ᠋ ᠬᠦᠭᠵᠢᠯᠳᠡ ᠲᠠᠢ ᠰᠢᠭᠤᠳ ᠬᠤᠯᠪᠤᠭᠳᠠᠬᠤ ᠮᠡᠳᠡᠭᠡ ᠮᠡᠳᠡᠭᠡᠯᠡᠯ ᠢ᠋ ᠤᠯᠠᠨ ᠨᠡᠢᠳᠡᠯᠡᠵᠠᠢ᠃

2 ᠰᠠᠷ᠎ᠠ ᠶ᠋ᠢᠨ ᠡᠬᠢᠨ ᠡᠴᠡ ᠨᠡᠢᠳᠡᠯᠡᠭᠰᠡᠨ 《ᠤᠷᠳᠤᠰ ᠤ᠋ᠨ ᠦᠨᠳᠦᠷᠯᠢᠭ ᠤ᠋ᠨ ᠤᠳᠤᠨ 〈ᠰᠠᠷᠭᠠᠢ〉》᠂ 《 ᠰᠧᠯᠢᠩ ᠤ᠋ᠨ ᠳᠤᠪᠤ ᠡᠴᠡ ᠮᠠᠨᠳᠤᠭᠰᠠᠨ 〈ᠰᠢᠨ᠎ᠠ 〉 ᠦᠢᠯᠡᠰ》᠂ 《〈ᠬᠤᠷᠳᠤᠨ ᠴᠠᠭᠠᠨ ᠤ᠋ ᠨᠤᠳᠤᠭ〉 ᠤ᠋ᠨ ᠬᠤᠰᠢᠭᠤᠴᠢ ᠭᠠᠯᠠᠭᠤ 》 ᠂ 《 ᠬᠤᠳᠠ ᠶ᠋ᠢᠨ ᠳᠤᠮᠳᠠᠬᠢ ᠲᠠᠯ᠎ᠠ ᠨᠤᠳᠤᠭ ᠤ᠋ᠨ 〈 ᠠᠵᠢᠨᠠᠢ ᠬᠦᠯᠦᠭ 〉 》 ᠂ 《ᠬᠤᠷᠴᠢᠨ ᠦᠭᠡᠷ ᠤ᠋ᠨ ᠦᠢᠯᠡᠰ ᠤ᠋ᠨ 〈 ᠠᠬ᠎ᠠ ᠳᠡᠭᠦᠦ ᠨᠠᠷ 〉》 ᠂ 《 ᠤᠯᠠᠭᠠᠨ ᠬᠦᠲᠦᠯ ᠤ᠋ᠨ 〈ᠰᠢᠨ᠎ᠠ ᠮᠠᠯᠴᠢᠨ〉》  ᠵᠡᠷᠭᠡ 《ᠮᠠᠯᠵᠢᠬᠤ ᠲᠠᠷᠢᠶᠠᠯᠠᠬᠤ ᠤᠷᠤᠨ ᠤ᠋ ᠰᠢᠯᠢᠳᠡᠭ ᠰᠠᠢᠨ ᠦᠢᠯᠡᠰ ᠪᠤᠰᠬᠠᠬᠤ ᠲᠦᠷᠦᠯ ᠵᠦᠢᠯ ᠵᠢᠴᠢ ᠴᠢᠳᠠᠪᠤᠷᠢᠳᠠᠨ ᠤ᠋ ᠲᠤᠬᠠᠢ ᠰᠢᠷᠢᠰ ᠮᠡᠳᠡᠭᠡᠯᠡᠯ 》 ᠳ᠋ᠤ ᠭᠠᠨ ᠰᠢᠨ ᠵᠦᠩ᠂ ᠵᠢᠨ ᠶᠦᠩ ᠰᠢ᠂ ᠯᠢ ᠫᠢᠩ᠂ ᠸᠠᠩ ᠶᠦᠩ᠂ ᠪᠦᠬᠡᠪᠠᠭᠠᠳᠤᠷ᠂ ᠵᠠᠨ ᠰᠢᠶᠤᠤ ᠺᠠᠢ ᠵᠡᠷᠭᠡ ᠪᠦᠬᠦ ᠤᠷᠤᠨ ᠤ᠋ ᠡᠯ᠎ᠠ ᠭᠠᠵᠠᠷ ᠤ᠋ᠨ ᠦᠨᠳᠦᠰᠦᠨ ᠱᠠᠳᠤᠨ ᠳ᠋ᠤ ᠮᠠᠩᠯᠠᠢᠯᠠᠨ ᠠᠵᠢᠯᠯᠠᠭ᠎ᠠ ᠨᠤᠳᠤᠭ ᠤ᠋ᠨ ᠴᠢᠳᠠᠪᠤᠷᠢᠳᠠᠨ ᠵᠢᠴᠢ ᠲᠡᠳᠡᠨ ᠤ᠋ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠶ᠋ᠢᠨ ᠲᠦᠯᠦᠭᠡ ᠡᠷᠬᠢᠯᠡᠨ ᠭᠦᠢᠴᠡᠳᠭᠡᠭᠰᠡᠨ ᠲᠦᠷᠦᠯ ᠵᠦᠢᠯ ᠢ᠋ ᠨᠠᠷᠢᠯᠢᠭ ᠮᠡᠳᠡᠭᠡᠯᠡᠵᠤ᠂ ᠪᠦᠬᠦ ᠤᠷᠤᠨ ᠤ᠋ ᠡᠯ᠎ᠠ ᠭᠠᠵᠠᠷ ᠪᠠ ᠦᠷᠭᠡᠨ ᠤᠯᠠᠨ ᠮᠠᠯᠴᠢᠨ ᠲᠠᠷᠢᠶᠠᠴᠢᠨ ᠳ᠋ᠤ ᠬᠠᠭᠤᠯᠪᠤᠷᠢᠯᠠᠵᠤ ᠪᠤᠯᠬᠤᠢᠴᠠ᠂ ᠳᠡᠯᠭᠡᠷᠡᠭᠦᠯᠵᠦ ᠪᠤᠯᠬᠤᠢᠴᠠ ᠤᠷᠤᠯᠭ᠎ᠠ ᠪᠡᠨ ᠨᠡᠮᠡᠭᠳᠡᠭᠦᠯᠬᠦ ᠰᠢᠨ᠎ᠠ ᠵᠠᠭᠪᠤᠷ ᠰᠢᠨ᠎ᠠ ᠠᠷᠭ᠎ᠠ ᠵᠠᠮ ᠢ᠋ ᠲᠠᠨᠢᠯᠴᠠᠭᠤᠯᠤᠭᠰᠠᠨ ᠪᠢᠯᠡ᠃

5 ᠰᠠᠷ᠎ᠠ ᠶ᠋ᠢᠨ ᠡᠬᠢᠨ ᠡᠴᠡ ᠨᠡᠢᠳᠡᠯᠡᠭᠰᠡᠨ 《 ᠨᠠᠷ᠎ᠠ ᠮᠠᠨᠳᠤᠭᠰᠠᠨ  〈 ᠬᠢᠩᠭᠠᠨ ᠠᠢᠮᠠᠭ ᠤ᠋ᠨ ᠲᠤᠳᠤᠷᠭ᠎ᠠ 〉 》 ᠂  《 8000  ᠵᠢᠯ  ᠤ᠋ᠨ  ᠲᠠᠷᠢᠮᠠᠯ ᠤ᠋ᠨ ᠲᠡᠦᠬᠡ ᠶ᠋ᠢ ᠠᠴᠢᠶᠠᠯᠠᠭᠰᠠᠨ 〈 ᠠᠤᠬᠠᠨ ᠤ᠋ ᠨᠠᠷᠢᠮᠤ 〉 》 ᠂ 《 ᠡᠬᠡ ᠪᠠᠢᠭᠠᠯᠢ ᠡᠴᠡ ᠰᠤᠶᠤᠷᠬᠠᠭᠰᠠᠨ ᠨᠠᠨᠳᠢᠨ ᠬᠡᠰᠢᠭ — 〈ᠰᠦᠨᠢᠳ ᠬᠤᠨᠢ ᠶ᠋ᠢᠨ ᠮᠢᠬ᠎ᠠ 〉》᠂ 《ᠡᠬᠡ ᠶ᠋ᠢᠨ ᠬᠠᠢᠷ᠎ᠠ ᠰᠢᠩᠭᠡᠭᠰᠡᠨ 〈 ᠰᠢᠯᠢ ᠶ᠋ᠢᠨ ᠭᠤᠤᠯ ᠤ᠋ᠨ ᠴᠠᠭᠠᠨ ᠢᠳᠡᠭᠡᠨ 〉》 ᠂ 《 ᠤᠯᠢᠮᠫᠢᠺ ᠤ᠋ᠨ ᠲᠡᠦᠬᠡᠨ ᠳ᠋ᠤ ᠲᠡᠮᠳᠡᠭᠯᠡᠭᠳᠡᠭᠰᠡᠨ 〈 ᠱᠠᠩᠳᠤ ᠰᠢᠶᠠᠨ ᠤ᠋ ᠴᠤᠭᠤᠷ ᠨᠤᠭᠤᠭ᠎ᠠ 〉》 ᠂ 《 ᠵᠠᠭᠤᠨ ᠵᠢᠯ ᠤ᠋ᠨ ᠳᠤᠷᠠᠳᠬᠠᠯ ᠬᠦᠪᠤᠷᠡᠭᠦᠯᠦᠭᠰᠡᠨ ᠵᠦᠧᠧᠽᠢ ᠰᠢᠶᠠᠨ ᠤ᠋ ᠤᠳᠤᠮᠠᠯ ᠳᠠᠬᠢᠶ᠎ᠠ》᠂ 《ᠬᠤᠯᠠ ᠤᠢᠷ᠎ᠠ ᠶ᠋ᠢᠨ ᠵᠤᠴᠢᠳ ᠲᠤ᠌ ᠳᠠᠭᠠᠯᠠᠭᠳᠠᠭᠰᠠᠨ ᠵᠡᠭᠦᠨᠭᠠᠷ ᠬᠤᠰᠢᠭᠤᠨ ᠤ᠋ ᠢᠮᠠᠭᠠᠨ ᠮᠢᠬ᠎ᠠ 》᠂ 《〈ᠵᠠᠭᠤᠨ ᠵᠦᠢᠯ ᠤ᠋ᠨ ᠡᠪᠡᠰᠦᠨ ᠤ᠋ ᠰᠢᠮ᠎ᠠ 〉  ᠶ᠋ᠢ ᠠᠪᠤᠭᠰᠠᠨ ᠬᠤᠨᠢ ᠢᠮᠠᠭᠠᠨ ᠤ᠋ ᠮᠢᠬ᠎ᠠ》᠂  《ᠪᠤᠷᠤᠳᠤᠬᠤᠢ ᠳ᠋ᠤ ᠪᠠᠳᠠᠷᠠᠨ ᠳᠡᠯᠭᠡᠷᠡᠭᠰᠡᠨ 〈ᠦᠶᠤᠸᠠᠨ ᠤ᠋ ᠨᠠᠷᠠᠨ ᠬᠤᠸᠠᠷ〉》᠂  《ᠮᠠᠩᠬᠠᠨ ᠨᠤᠳᠤᠭ ᠢ᠋ ᠠᠷᠭᠠᠮᠵᠢᠭᠰᠠᠨ 〈 ᠠᠯᠠᠱᠠ ᠶ᠋ᠢᠨ ᠴᠠᠭᠠᠨ ᠭᠤᠶᠤᠤ 〉》  ᠵᠡᠷᠭᠡ  《ᠭᠠᠵᠠᠷ ᠵᠦᠢ ᠶ᠋ᠢᠨ ᠢᠯᠡᠷᠬᠡᠢᠯᠡᠯᠳᠦ ᠪᠦᠲᠦᠭᠡᠭᠳᠡᠭᠦᠨ ᠶ᠋ᠢᠡᠷ ᠤᠷᠤᠨ ᠪᠦᠰᠡ ᠶ᠋ᠢᠨ ᠴᠢᠨᠠᠷ ᠰᠠᠢᠳᠠᠢ ᠬᠦᠭᠵᠢᠯᠳᠡ ᠶ᠋ᠢ ᠠᠬᠢᠭᠤᠯᠤᠭᠰᠠᠨ ᠨᠡᠢᠳᠡᠯᠢᠭ ᠵᠢᠱ᠌ᠢᠶ᠎ᠠ》  ᠶ᠋ᠢᠨ ᠰᠢᠷᠢᠰ ᠮᠡᠳᠡᠭᠡᠯᠡᠯ ᠨᠢ ᠭᠠᠵᠠᠷ ᠵᠦᠢ ᠶ᠋ᠢᠨ ᠢᠯᠡᠷᠬᠡᠢᠯᠡᠯ ᠢ᠋ ᠬᠠᠮᠠᠭᠠᠯᠠᠵᠤ ᠠᠰᠢᠭᠯᠠᠬᠤ ᠪᠤᠯ ᠤᠷᠤᠨ ᠨᠤᠳᠤᠭ ᠤ᠋ᠨ ᠠᠵᠤ ᠠᠬᠤᠢ ᠶ᠋ᠢᠨ ᠬᠦᠭᠵᠢᠯᠳᠡ ᠶ᠋ᠢ ᠠᠬᠢᠭᠤᠯᠵᠤ᠂ ᠮᠠᠯᠴᠢᠨ ᠲᠠᠷᠢᠶᠠᠴᠢᠨ ᠤ᠋ ᠤᠷᠤᠯᠭ᠎ᠠ ᠶ᠋ᠢ ᠨᠡᠮᠡᠭᠳᠡᠭᠦᠯᠦᠨ ᠪᠠᠶᠠᠵᠢᠭᠤᠯᠬᠤ ᠪᠦᠲᠦᠮᠵᠢᠳᠠᠢ ᠠᠷᠭ᠎ᠠ ᠵᠠᠮ ᠪᠤᠯᠬᠤ ᠶ᠋ᠢ ᠪᠦᠬᠦ ᠤᠷᠤᠨ ᠤ᠋ ᠡᠯ᠎ᠠ ᠭᠠᠵᠠᠷ ᠤ᠋ᠨ ᠬᠢᠨ ᠳ᠋ᠤ ᠲᠤᠯᠢᠯᠠᠭᠤᠯᠵᠠᠢ᠃


ᠮᠠᠯᠵᠢᠬᠤ ᠲᠠᠷᠢᠶᠠᠯᠠᠬᠤ ᠤᠷᠤᠨ ᠤ᠋ ᠰᠢᠯᠢᠳᠡᠭ ᠰᠠᠢᠨ ᠦᠢᠯᠡᠰ ᠪᠤᠰᠬᠠᠬᠤ ᠲᠦᠷᠦᠯ ᠵᠦᠢᠯ ᠵᠢᠴᠢ ᠴᠢᠳᠠᠪᠤᠷᠢᠳᠠᠨ ᠤ᠋ ᠲᠤᠬᠠᠢ ᠰᠢᠷᠢᠰ ᠮᠡᠳᠡᠭᠡᠯᠡᠯ


QQ20251226-105204.png


ᠨᠢᠭᠤᠷ ᠤᠷᠠᠯᠠᠯ ᠪᠤᠯ ᠳᠠᠳᠠᠬᠤ ᠬᠦᠴᠦᠨ

ᠲᠤᠰᠬᠠᠢ ᠬᠡᠪᠯᠡᠯ ᠤ᠋ᠨ ᠰᠦᠭ ᠰᠦᠨᠡᠰᠦ ᠨᠢ ᠭᠤᠤᠯ ᠠᠭᠤᠯᠭ᠎ᠠ ᠳ᠋ᠤ ᠪᠠᠢᠳᠠᠭ ᠪᠤᠯ ᠠᠩᠬᠠᠷᠤᠯ ᠢ᠋ ᠳᠠᠳᠠᠬᠤ ᠬᠦᠴᠦᠨ ᠨᠢ ᠨᠢᠭᠤᠷ ᠤᠷᠠᠯᠠᠯ ᠳ᠋ᠤ ᠪᠠᠢᠳᠠᠭ᠃ 2025 ᠤᠨ ᠤ᠋ 《ᠰᠢᠨ᠎ᠠ ᠬᠦᠳᠡᠭᠡ 》 ᠲᠤᠰᠬᠠᠢ ᠬᠡᠪᠯᠡᠯ ᠤ᠋ᠨ ᠨᠢᠭᠤᠷ ᠤᠷᠠᠯᠠᠯ ᠳ᠋ᠤ ᠪᠢᠳᠡ ᠴᠡᠪᠡᠷ ᠴᠡᠮᠴᠡᠭᠡᠷ ᠪᠦᠭᠡᠳ ᠭᠤᠤᠯ ᠠᠭᠤᠯᠭ᠎ᠠ ᠲᠠᠢ ᠪᠠᠨ ᠶᠠᠪ ᠴᠠᠪ ᠲᠤᠬᠢᠯᠢᠭ ᠵᠤᠬᠢᠴᠠᠭᠤᠯᠬᠤ ᠶ᠋ᠢ ᠡᠷᠬᠢᠮᠯᠡᠵᠦ᠂ ᠠᠯᠢ ᠤᠯᠠᠨ ᠭᠤᠢᠳᠠ ᠰᠠᠢᠬᠠᠨ ᠨᠢᠭᠤᠷ ᠢ᠋ ᠪᠦᠲᠦᠭᠡᠵᠠᠢ᠃

2 ᠰᠠᠷ᠎ᠠ ᠶ᠋ᠢᠨ 12 ᠤ᠋ᠨ ᠡᠳᠦᠷ ᠤ᠋ᠨ ᠵᠢᠷᠭᠤᠳᠤᠭᠠᠷ ᠨᠢᠭᠤᠷ ᠲᠤ᠌ ᠪᠠᠷᠯᠠᠭᠰᠠᠨ 《ᠰᠢᠨ᠎ᠠ ᠬᠦᠳᠡᠭᠡ 》 ᠲᠤᠰᠬᠠᠢ ᠬᠡᠪᠯᠡᠯ ᠳ᠋ᠤ ᠪᠢᠳᠡ 《ᠰᠧᠯᠢᠩ ᠤ᠋ᠨ ᠳᠤᠪᠤ ᠡᠴᠡ ᠮᠠᠨᠳᠤᠭᠰᠠᠨ 〈 ᠰᠢᠨ᠎ᠠ  〉 ᠦᠢᠯᠡᠰ  —  ᠵᠢᠨ ᠶᠦᠩ ᠰᠢ ᠬᠢᠭᠡᠳ ᠲᠡᠭᠦᠨ ᠤ᠋ ᠺᠠᠩ ᠶᠤᠸᠠᠨ ᠬᠠᠮᠳᠤ ᠪᠡᠷ ᠦᠢᠯᠡᠰ ᠪᠤᠰᠬᠠᠬᠤ ᠬᠦᠷᠢᠶᠡᠯᠡᠩ ᠤ᠋ᠨ ᠲᠤᠬᠠᠢ ᠲᠠᠳᠠᠯᠠᠭ᠎ᠠ 》 ᠬᠡᠬᠦ ᠮᠡᠳᠡᠬᠡᠯᠡᠯ ᠢ᠋ ᠭᠤᠤᠯ ᠠᠩᠬᠠᠷᠤᠯ ᠤ᠋ᠨ ᠴᠡᠭ ᠪᠤᠯᠭᠠᠨ ᠤᠷᠠᠯᠠᠵᠤ᠂ 《ᠨᠢᠭᠡ ᠯᠡ ᠤᠳᠠᠭ᠎ᠠ ᠶ᠋ᠢᠨ ᠴᠢᠨᠠᠷᠳᠠᠢ ᠪᠡᠷ 100 ᠲᠦᠮᠡᠨ ᠲᠦᠭᠦᠷᠢᠭ ᠪᠠ 300 ᠲᠦᠮᠡᠨ ᠲᠦᠭᠦᠷᠢᠭ ᠱᠠᠩᠨᠠᠨ᠎ᠠ  — ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭᠳᠡᠭᠦᠨ ᠢ᠋ ᠨᠠᠷᠢᠯᠢᠭ ᠪᠤᠯᠪᠠᠰᠤᠷᠠᠭᠤᠯᠬᠤ ᠶ᠋ᠢ ᠳᠡᠮᠵᠢᠬᠦ ᠠᠷᠭ᠎ᠠ ᠬᠡᠮᠵᠢᠶ᠎ᠠ ᠶ᠋ᠢᠨ ᠲᠤᠬᠠᠢ ᠲᠠᠢᠯᠤᠮᠵᠢ(ᠳᠤᠤᠷᠠᠳᠦ)》  ᠬᠢᠭᠡᠳ  《 ᠮᠠᠨ ᠤ᠋ ᠤᠷᠤᠨ ᠤ᠋ 2 ᠰᠢᠰᠲᠧᠮ ᠢ᠋ ᠳᠡᠯᠡᠭᠡᠢ ᠶ᠋ᠢᠨ ᠬᠦᠳᠡᠭᠡ ᠠᠵᠤ ᠠᠬᠤᠢ ᠶ᠋ᠢᠨ ᠴᠢᠬᠤᠯᠠ ᠰᠤᠶᠤᠯ ᠤ᠋ᠨ ᠦᠪ ᠲᠤ᠌ ᠳᠡᠪᠰᠢᠭᠦᠯᠬᠦ ᠪᠡᠷ ᠪᠠᠢᠨ᠎ᠠ 》 ᠭᠡᠬᠦ ᠮᠡᠳᠡᠭᠡ ᠵᠢᠴᠢ ᠪᠠᠶᠠᠨᠨᠠᠭᠤᠷ ᠬᠤᠳᠠ ᠶ᠋ᠢᠨ ᠯᠢᠨ ᠾᠧ ᠲᠤᠭᠤᠷᠢᠭ ᠤᠳᠤ ᠦᠶ᠎ᠠ ᠶ᠋ᠢᠨ ᠮᠢᠬᠠᠨ ᠤ᠋ ᠬᠤᠨᠢ ᠶ᠋ᠢᠨ ᠠᠵᠤ ᠦᠢᠯᠡᠰ ᠢ᠋ ᠢᠳᠡᠪᠬᠢᠳᠠᠢ ᠬᠦᠭᠵᠢᠭᠦᠯᠬᠦ ᠪᠠᠢᠭ᠎ᠠ ᠵᠢᠷᠤᠭ ᠤ᠋ᠨ ᠮᠡᠳᠡᠭᠡ ᠶ᠋ᠢ ᠬᠠᠪᠰᠤᠷᠭᠠᠨ᠂ ᠪᠦᠬᠦᠢᠯᠡ ᠨᠢᠭᠤᠷ ᠨᠢ ᠠᠭᠤᠯᠭ᠎ᠠ ᠵᠢᠷᠤᠭ ᠠᠪᠴᠠᠯᠳᠤᠨ᠂ ᠦᠩᠭᠡ ᠪᠤᠳᠤᠭ ᠵᠤᠬᠢᠴᠠᠵᠤ᠂ ᠦᠵᠡᠬᠦ ᠳ᠋ᠤ ᠭᠤᠶᠤ ᠰᠠᠢᠬᠠᠨ ᠪᠦᠭᠡᠳ ᠴᠡᠪᠡᠷ ᠳᠠᠭᠠᠯᠠᠮᠵᠢᠳᠠᠢ ᠪᠤᠯᠤᠭᠰᠠᠨ ᠶ᠋ᠢᠡᠷ ᠰᠤᠨᠢᠨ ᠤ᠋ ᠬᠤᠷᠢᠶ᠎ᠠ ᠶ᠋ᠢᠨ ᠰᠠᠷ᠎ᠠ ᠶ᠋ᠢᠨ ᠵᠤᠷᠢᠭᠵᠢᠭᠤᠯᠤᠯ ᠤ᠋ᠨ ᠱᠠᠩᠨᠠᠯ ᠢ᠋ ᠬᠦᠷᠳᠡᠭᠰᠡᠨ ᠪᠢᠯᠡ᠃

8 ᠰᠠᠷ᠎ᠠ ᠶ᠋ᠢᠨ 1 ᠤ᠋ ᠡᠳᠦᠷ ᠤ᠋ᠨ ᠳᠠᠪᠤᠳᠤᠭᠠᠷ ᠨᠢᠭᠤᠷ ᠲᠤ᠌ ᠪᠠᠷᠯᠠᠭᠰᠠᠨ 《 ᠰᠢᠨ᠎ᠠ ᠬᠦᠳᠡᠭᠡ  》 ᠲᠤᠰᠬᠠᠢ ᠬᠡᠪᠯᠡᠯ  ᠤ᠋ᠨ ᠤᠨᠴᠠ ᠮᠡᠳᠡᠭᠡᠯᠡᠯ ᠳ᠋ᠤ 《 〈 ᠮᠠᠩᠯᠠᠢ ᠶ᠋ᠢᠨ ᠵᠠᠭᠪᠤᠷ 〉 ᠤ᠋ᠨ ᠭᠤᠷᠮᠤᠰᠤᠨ ᠠᠢᠵᠠᠮ 》 ᠭᠡᠬᠦ ᠨᠢᠭᠡ ᠯᠡ ᠭᠤᠤᠯ ᠵᠤᠬᠢᠶᠠᠯ ᠪᠠᠢᠭᠰᠠᠨ ᠪᠤᠯᠪᠠᠴᠤ ᠂  ᠪᠠᠷ ᠤᠷᠠᠯᠠᠭᠴᠢ ᠡᠴᠡ ᠬᠠᠭᠠᠰ ᠡᠳᠦᠷ ᠤ᠋ᠨ ᠴᠠᠭ ᠵᠠᠷᠤᠴᠠᠭᠤᠯᠤᠨ᠂ ᠭᠤᠤᠯ ᠰᠡᠳᠦᠪ ᠲᠤ᠌ ᠵᠤᠬᠢᠴᠠᠭᠰᠠᠨ ᠤᠯᠠᠨ ᠵᠢᠷᠤᠭ ᠢ᠋ ᠨᠢᠭᠡᠳ ᠨᠢᠭᠡ ᠪᠡᠷ ᠨᠠᠷᠢᠨ ᠤᠷᠠᠯᠠᠵᠤ᠂ ᠵᠠᠭᠠᠮ᠎ᠠ ᠶ᠋ᠢᠨ ᠬᠡᠰᠡᠭ ᠲᠤ᠌ ᠪᠠᠰᠠ ᠰᠢᠪᠳᠤᠯᠤᠯᠳᠠ ᠶ᠋ᠢᠨ ᠴᠢᠨᠠᠷ ᠲᠠᠢ ᠪᠡᠷ ᠵᠢᠷᠤᠭ ᠤᠷᠤᠭᠤᠯᠤᠨ᠂ ᠪᠦᠬᠦᠢᠯᠡ ᠨᠢᠭᠤᠷ ᠢ᠋ ᠪᠤᠰᠤᠭ᠎ᠠ ᠴᠤᠭᠴᠠᠳᠤ ᠲᠦᠷᠦᠭᠳᠡᠯ ᠲᠠᠢ᠂ ᠦᠩᠭᠡ ᠪᠤᠳᠤᠭ ᠢᠯᠭᠠᠷᠠᠭᠰᠠᠨ᠂ ᠳᠠᠪᠠᠯᠳᠠᠳᠤ ᠬᠡᠯᠪᠡᠷᠢ ᠲᠠᠢ᠂ ᠭᠤᠢᠳᠠ ᠰᠠᠢᠬᠠᠨ ᠨᠢᠭᠤᠷ ᠪᠤᠯᠭᠠᠭᠰᠠᠨ ᠶ᠋ᠢᠡᠷ A ᠨᠢᠭᠤᠷ ᠶ᠋ᠢᠡᠷ ᠦᠨᠡᠯᠡᠭᠳᠡᠵᠠᠢ᠃

9 ᠰᠠᠷ᠎ᠠ ᠶ᠋ᠢᠨ 22 ᠤ᠋ᠨ ᠡᠳᠦᠷ ᠤ᠋ᠨ ᠳᠠᠪᠤᠳᠤᠭᠠᠷ ᠨᠢᠭᠤᠷ ᠲᠤ᠌ ᠪᠠᠷᠯᠠᠭᠰᠠᠨ 《ᠰᠢᠨ᠎ᠠ ᠬᠦᠳᠡᠭᠡ》 ᠲᠤᠰᠬᠠᠢ ᠬᠡᠪᠯᠡᠯ ᠨᠢ ᠨᠠᠶ᠋ᠮᠠᠳᠠᠬᠢ 《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠳᠠ ᠶ᠋ᠢᠨ ᠪᠠᠶᠠᠷ》 ᠲᠤ᠌ ᠵᠤᠷᠢᠭᠤᠯᠤᠭᠰᠠᠨ ᠲᠤᠰᠬᠠᠢ ᠬᠡᠪᠯᠡᠯ ᠪᠠᠢᠵᠤ᠂ 《 ᠡᠯᠪᠡᠭ ᠬᠤᠷᠢᠶᠠᠯᠳᠠ 》 ᠭᠡᠬᠦ ᠳᠤᠪᠴᠢ ᠳᠤᠳᠤᠷᠠᠭᠤᠨ ᠭᠤᠤᠯ ᠭᠠᠷᠴᠠᠭ᠂ ᠳᠦᠭᠦᠮ ᠠᠪᠰᠠᠷ ᠨᠠᠢᠷᠠᠭᠤᠯᠤᠭᠴᠢ ᠶ᠋ᠢᠨ ᠦᠭᠡ᠂ ᠨᠠᠶ᠋ᠮᠠᠳᠠᠬᠢ 《ᠳᠤᠮᠳᠠᠳᠤ ᠤᠯᠤᠰ ᠤ᠋ᠨ ᠲᠠᠷᠢᠶᠠᠴᠢᠳ ᠤ᠋ᠨ ᠡᠯᠪᠡᠭ ᠬᠤᠷᠢᠶᠠᠯᠳᠠ ᠶ᠋ᠢᠨ ᠪᠠᠶᠠᠷ 》 ᠢ᠋ ᠪᠡᠯᠭᠡᠯᠡᠬᠦ ᠦᠪᠦᠷ ᠮᠤᠩᠭᠤᠯ ᠤ᠋ᠨ ᠭᠤᠤᠯ ᠲᠠᠯᠠᠪᠤᠷ ᠤ᠋ᠨ ᠠᠵᠢᠯᠯᠠᠭ᠎ᠠ ᠶ᠋ᠢᠨ ᠲᠤᠮᠤ ᠵᠢᠷᠤᠭ ᠤ᠋ᠨ ᠵᠢᠷᠤᠭᠳᠤ ᠮᠡᠳᠡᠭᠡᠯᠡᠯ ᠂ 《 ᠡᠯᠪᠡᠭ ᠬᠤᠷᠢᠶᠠᠯᠳᠠ· ᠡᠪᠡᠰᠦ》᠂ 《ᠡᠯᠪᠡᠭ ᠬᠤᠷᠢᠶᠠᠯᠳᠠ·ᠪᠤᠭᠤᠳᠠᠢ》᠂ 《ᠡᠯᠪᠡᠭ ᠬᠤᠷᠢᠶᠠᠯᠳᠠ·ᠵᠢᠮᠢᠰ》 ᠂ 《ᠡᠯᠪᠡᠭ ᠬᠤᠷᠢᠶᠠᠯᠳᠠ ·ᠠᠮᠳᠠᠳᠤ ᠲᠦᠮᠦᠰᠦ 》 ᠵᠡᠷᠭᠡ ᠡᠯ᠎ᠠ ᠠᠢᠮᠠᠭ ᠬᠤᠳᠠ ᠳ᠋ᠤ ᠰᠠᠭᠤᠭ᠎ᠠ ᠰᠤᠷᠪᠤᠯᠵᠢᠯᠠᠭᠴᠢ ᠶ᠋ᠢᠨ ᠢᠷᠡᠭᠦᠯᠦᠭᠰᠡᠨ ᠡᠯᠪᠡᠭ ᠬᠤᠷᠢᠶᠠᠯᠳᠠ ᠶ᠋ᠢᠨ ᠲᠤᠬᠠᠢ ᠵᠢᠷᠤᠭᠳᠤ ᠮᠡᠳᠡᠭᠡᠯᠡᠯ ᠤ᠋ᠳ ᠢ᠋ ᠤᠷᠠᠯᠢᠭ ᠪᠠᠢᠷᠢᠯᠠᠭᠤᠯᠤᠨ᠂ ᠪᠦᠬᠦᠢᠯᠡ ᠨᠢᠭᠤᠷ ᠢ᠋ ᠠᠭᠤᠯᠭ᠎ᠠ ᠪᠠᠶᠠᠯᠢᠭ ᠪᠦᠭᠡᠳ ᠭᠤᠢᠳᠠ ᠰᠠᠢᠬᠠᠨ ᠪᠤᠯᠭᠠᠭᠰᠠᠨ ᠶ᠋ᠢᠡᠷ ᠮᠦᠨ ᠬᠦ᠌ A ᠨᠢᠭᠤᠷ ᠶ᠋ᠢᠡᠷ ᠦᠨᠡᠯᠡᠭᠳᠡᠭᠰᠡᠨ ᠪᠠᠢᠨ᠎ᠠ᠃

ᠲᠤᠰ ᠨᠢᠭᠤᠷ  ᠢ᠋ ᠪᠠᠭᠳᠠᠭᠠᠭᠠᠳ᠂ 2025 ᠤᠨ ᠳ᠋ᠤ ᠮᠠᠨ ᠤ᠋ ᠰᠤᠨᠢᠨ  ᠨᠡᠢᠳᠡ 46ᠬᠤᠭᠤᠴᠠᠭ᠎ᠠ 《 ᠰᠢᠨ᠎ᠠ ᠬᠦᠳᠡᠭᠡ 》  ᠲᠤᠰᠬᠠᠢ ᠬᠡᠪᠯᠡᠯ  ᠢ᠋ ᠬᠡᠪᠯᠡᠭᠦᠯᠵᠠᠢ᠃

2026 ᠤᠨ ᠳ᠋ᠤ ᠪᠢᠳᠡ 《 ᠰᠢᠨ᠎ᠠ ᠬᠦᠳᠡᠭᠡ》  ᠲᠤᠰᠬᠠᠢ ᠬᠡᠪᠯᠡᠯ  ᠶ᠋ᠢᠡᠨ  ᠨᠡᠩ ᠴᠢᠨᠠᠷᠵᠢᠭᠤᠨ ᠡᠷᠬᠢᠯᠡᠬᠦ ᠪᠡᠷ ᠬᠦᠴᠦᠯᠡᠨ ᠴᠢᠷᠮᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号