ᠵᠢᠷ᠎ᠤᠨ ᠨᠢᠬᠡᠨ ᠠᠷᠠᠳ ᠎ᠤᠨ ᠤᠷᠠᠯᠢᠭᠴᠢᠨ ᠎ᠤ ᠵᠢᠷᠠᠨ ᠵᠢᠯ ᠎ᠤᠨ ᠪᠠᠷᠢᠮᠲᠠᠯᠠᠯ
2025-12-26 10:41:44
ᠵᠣᠬᠢᠶᠠᠭ᠍ᠴᠢ᠄
ᠰᠦᠮᠪᠦᠷ ᠰᠠᠷᠠᠭᠤᠯ ᠸᠠᠩ ᠶᠢᠩ ᠷᠦᠨ
ᠣᠩᠱᠢᠭ᠍ᠰᠠᠨ ᠣᠳᠠᠭ᠎ᠠ᠄
★★★☆☆

 — ᠬᠤᠷᠴᠢᠨ ᠵᠡᠬᠦᠨ ᠭᠠᠷᠤᠨ ᠬᠤᠢᠳᠦ ᠬᠤᠰᠢᠭᠤᠨ᠎ᠤ ᠵᠢᠷᠭᠠᠯᠠᠡᠭ ᠪᠠᠯᠭᠠᠰᠤ ᠵᠢᠨ ᠬᠦᠨᠨᠠᠭᠤᠷ ᠭᠠᠴᠠᠭ᠎ᠠ ᠵᠢᠨ ᠠᠷᠠᠳ ᠎ᠤᠨ ᠤᠷᠠᠯᠢᠭᠴᠢᠨ ᠤᠷᠳᠤᠵᠢᠷᠭᠠᠯ ᠎ᠢ ᠲᠡᠮᠲᠡᠭᠯᠡᠪᠡ

ᠳᠦᠷᠪᠡᠨ ᠤᠳᠠᠰᠤᠲᠤ ᠬᠤᠭᠤᠷ ᠪᠤᠯ ᠮᠤᠨᠭᠭᠤᠯ ᠦᠨᠳᠦᠰᠦᠲᠡᠨ ᠎ᠤ ᠦᠯᠡᠮᠵᠢ ᠬᠡᠷᠡᠭᠯᠡᠳᠡᠭ ᠲᠦᠯᠦᠬᠡᠯᠡᠬᠦ ᠴᠢᠨᠠᠷ ᠲᠠᠢ ᠬᠦᠭᠵᠢᠮᠳᠡᠬᠦᠷ ᠪᠤᠯᠤᠨ᠎ᠠ᠃ 2008 ᠤᠨ ᠎ᠳᠤ ᠳᠦᠷᠪᠡᠨ ᠤᠳᠠᠰᠤᠲᠤ ᠬᠤᠭᠤᠷ ᠎ᠤᠨ ᠬᠦᠭᠵᠢᠮ ᠨᠢ ᠲᠦᠷᠦ ᠵᠢᠨ ᠶᠠᠪᠤᠳᠠᠯ ᠎ᠤᠨ ᠬᠤᠷᠢᠶ᠎ᠠ ᠵᠢᠨ ᠵᠦᠪᠰᠢᠶᠡᠷᠡᠯ ᠵᠢᠡᠷ ᠬᠤᠶᠠᠳᠤᠭᠠᠷ ᠪᠦᠯᠦᠭ ᠤᠯᠤᠰ ᠎ᠤᠨ ᠳᠡᠰ᠎ᠤᠨ ᠪᠤᠳᠠᠰ ᠎ᠤᠨ ᠪᠤᠰᠤ ᠰᠤᠶᠤᠯ ᠎ᠤᠨ ᠦᠪ ᠲᠤ᠌ ᠪᠦᠷᠢᠳᠭᠡᠭᠳᠡᠭᠰᠡᠨ ᠪᠠᠢᠳᠠᠭ᠃ ᠦᠷᠭᠡᠨ ᠤᠯᠠᠨ ᠮᠤᠨᠭᠭᠤᠯ ᠦᠨᠳᠦᠰᠦᠲᠡᠨ᠎ᠤ ᠮᠠᠯᠴᠢᠨ ᠲᠠᠷᠢᠶᠠᠴᠢᠳ᠎ᠤᠨ ᠳᠤᠮᠳᠠ ᠳᠦᠷᠪᠡᠨ ᠤᠳᠠᠰᠤᠲᠤ ᠬᠤᠭᠤᠷ ᠎ᠤᠨ ᠳᠤᠷ᠎ᠠ ᠪᠠᠬᠠᠲᠠᠳ ᠮᠤᠡᠭ ᠦᠬᠡᠢ ᠤᠯᠠᠨ ᠪᠠᠢᠳᠠᠭ ᠮᠦᠷᠲᠡᠭᠡᠨ ᠵᠠᠷᠢᠮᠠᠳ ᠨᠢ ᠪᠦᠷ ᠨᠢᠯᠬ᠎ᠠ ᠵᠢᠨ ᠨᠠᠰᠤᠨ ᠡᠴᠡ ᠪᠠᠨ ᠲᠠᠲᠠᠵᠦ ᠰᠤᠷᠤᠭᠠᠳ ᠨᠢᠬᠡ ᠨᠠᠰᠤ ᠪᠡᠷ ᠵᠢᠨᠨ ᠬᠠᠯᠠᠰᠢᠷᠠᠯ ᠦᠬᠡᠢ ᠰᠢᠷᠭᠠᠭᠤ ᠬᠠᠲᠠᠭᠤᠵᠢᠯᠲᠠᠢ ᠤᠷᠤᠯᠳᠤᠭᠰᠠᠭᠠᠷ ᠪᠠᠢᠵᠦ ᠬᠢᠷᠢ ᠪᠠᠷᠤᠭ᠎ᠤᠨ ᠮᠡᠷᠭᠡᠵᠢᠯ ᠎ᠤᠨ ᠬᠦᠮᠦᠨ ᠡᠴᠡ ᠴᠤ᠌ ᠳᠤᠤᠷᠠᠳᠠᠮ᠎ᠠ ᠦᠬᠡᠢ ᠬᠢᠷᠢ ᠲᠦᠪᠰᠢᠨ ᠎ᠳᠤ ᠬᠦᠷᠴᠢᠬᠡᠭᠰᠡᠨ ᠪᠠᠢᠳᠠᠭ᠃ ᠲᠡᠢᠮᠦ ᠬᠦᠮᠦᠰ᠎ᠤᠨ ᠨᠢᠬᠡ ᠨᠢ ᠬᠤᠷᠴᠢᠨ ᠵᠡᠬᠦᠨ ᠭᠠᠷᠤᠨ ᠬᠤᠢᠳᠦ ᠬᠤᠰᠢᠭᠤᠨ ᠎ᠤ ᠵᠢᠷᠭᠠᠯᠠᠡᠭ ᠪᠠᠯᠭᠠᠰᠤ ᠵᠢᠨ ᠬᠦᠨᠨᠠᠭᠤᠷ ᠭᠠᠴᠠᠭ᠎ᠠ ᠵᠢᠨ ᠠᠷᠠᠳ ᠎ᠤᠨ ᠤᠷᠠᠯᠢᠭᠴᠢᠨ ᠤᠷᠳᠤᠵᠢᠷᠭᠠᠯ ᠭᠤᠸᠠᠢ ᠪᠤᠯᠬᠤ ᠶᠤᠮ᠃

ᠤᠷᠲᠤᠵᠢᠷᠭᠠᠯ 1959 ᠤᠨ ᠎ᠳᠤ ᠲᠤᠬᠠᠢ ᠵᠢᠨ ᠦᠶ᠎ᠡ ᠵᠢᠨ ᠬᠤᠷᠴᠢᠨ ᠵᠡᠬᠦᠨ ᠭᠠᠷᠤᠨ ᠬᠤᠢᠳᠦ ᠬᠤᠰᠢᠭᠤᠨ ᠎ᠤ ᠬᠠᠯᠢᠭᠤᠲᠤ ᠰᠤᠮᠤ ᠵᠢᠨ ᠬᠠᠯᠢᠭᠤᠲᠦ ᠰᠤᠭᠤ ᠵᠢᠨ ᠠᠢᠯ ᠎ᠳᠤ ᠵᠢᠷ ᠎ᠤᠨ ᠮᠠᠯᠴᠢᠨ ᠭᠠᠳᠠ ᠪᠤᠯᠤᠨ ᠢᠤᠢ ᠯᠠᠨ ᠬᠤᠶᠠᠭᠤᠯᠠ ᠵᠢᠨ ᠳᠦᠷᠪᠡᠳᠦᠬᠡᠷ ᠬᠦᠦ ᠨᠢ ᠪᠤᠯᠵᠦ ᠵᠠᠶᠠᠭᠠᠵᠠᠢ᠃ ᠤᠷᠲᠤᠵᠢᠷᠭᠠᠯ ᠎ᠢ ᠲᠠᠨᠢᠳᠠᠭ ᠮᠡᠳᠡᠳᠡᠭ ᠬᠦᠮᠦᠰ ᠨᠢ ᠲᠡᠬᠦᠨ ᠎ᠢ ᠤᠷᠠᠯᠢᠬ ᠎ᠤᠨ ᠤᠳᠤᠨ ᠎ᠳᠤ ᠲᠦᠷᠦᠵᠡᠢ ᠭᠡᠵᠦ ᠬᠡᠯᠡᠳᠡᠭ᠃ ᠤᠴᠢᠷ ᠨᠢ ᠲᠡᠷᠡ ᠲᠠᠪᠤ ᠵᠢᠷᠭᠤᠭᠠᠨ ᠨᠠᠰᠤᠲᠠᠢ ᠎ᠳᠠᠭᠠᠨ ᠵᠡᠷᠭᠡᠯᠡᠳᠡᠭᠡ ᠭᠡᠷ ᠎ᠤᠨ ᠵᠢᠨᠨ ᠲᠠᠨ ᠴᠢᠨ ᠎ᠢ ᠬᠦᠭᠵᠢᠮᠳᠡᠵᠦ ᠰᠤᠷᠤᠭᠰᠠᠨ ᠵᠢᠡᠷ ᠪᠠᠷᠠᠬᠤ ᠦᠬᠡᠢ ᠳᠦᠷᠪᠡᠨ ᠤᠳᠠᠰᠤᠲᠤ ᠬᠤᠭᠤᠷ ᠎ᠢ ᠴᠤ᠌ ᠲᠠᠲᠠᠭᠠᠳ ᠴᠢᠳᠠᠴᠢᠬᠠᠭᠰᠠᠨ ᠠᠪᠢᠶᠠᠰᠤᠯᠢᠬ ᠬᠡᠦᠬᠡᠳ ᠪᠠᠢᠭᠰᠠᠨ ᠶᠤᠮ᠃ ᠡᠬᠦᠪᠡᠷ ᠵᠤᠭᠰᠤᠬᠤ ᠦᠬᠡᠢ᠂  ᠪᠠᠷᠤᠭ ᠎ᠤᠨ ᠬᠦᠭᠵᠢᠮᠳᠡᠬᠦᠷ᠎ᠢ ᠠᠳᠬᠤᠭᠠᠳ ᠠᠪᠤᠭᠰᠠᠭᠠᠷ ᠳᠤᠤᠭᠠᠷᠭᠠᠴᠢᠬᠠᠳᠠᠭ ᠤᠷᠠᠯᠢᠬ ᠲᠦᠷᠦᠨ᠎ᠡ ᠭᠡᠳᠡᠭ ᠬᠦᠮᠦᠨ ᠪᠤᠯᠭᠠᠨ᠎ᠳᠤ ᠪᠠᠢᠵᠦ ᠴᠢᠳᠠᠰᠢ ᠦᠬᠡᠢ ᠤᠷ᠎ᠠ ᠠᠪᠢᠶᠠᠰ ᠪᠢᠯᠡ᠃

— ᠪᠢ ᠲᠠᠪᠤ ᠵᠢᠷᠭᠤᠭᠠᠨ ᠨᠠᠰᠤᠲᠠᠢ ᠦᠶ᠎ᠡ᠎ᠳᠡᠭᠡᠨ ᠵᠡᠷᠭᠡᠯᠡᠳᠡᠭᠡ ᠭᠡᠷ ᠎ᠤᠨ ᠳᠦᠷᠪᠡᠳᠦᠬᠡᠷ ᠠᠪᠠᠭ᠎ᠠ ᠵᠢᠨ ᠵᠢᠨᠨ ᠲᠠᠨ ᠴᠢᠨ ᠎ᠢ ᠶᠡᠬᠡ ᠪᠠᠬᠠᠷᠬᠠᠵᠦ ᠡᠳᠦᠷ ᠪᠦᠷᠢ ᠭᠡᠷ ᠲᠤ᠌ ᠨᠢ ᠤᠴᠢᠵᠦ ᠲᠤᠶᠢᠵᠦ ᠲᠤᠪᠴᠢᠵᠦ ᠰᠠᠭᠤᠳᠠᠭ ᠪᠠᠢᠪᠠ᠃ ᠭᠡᠬᠦ ᠎ᠳᠤ ᠠᠪᠠᠭ᠎ᠠ ᠮᠠᠨᠢ ᠠᠯᠢ ᠳᠠᠷᠤᠭᠤᠯ ᠎ᠢ ᠨᠢ ᠳᠠᠷᠤᠪᠠᠯ ᠶᠠᠮᠠᠷ ᠠᠶ᠎ᠠ ᠭᠠᠷᠤᠨ᠎ᠠ ᠭᠡᠵᠦ ᠵᠢᠭᠠᠵᠦ ᠳᠤᠬᠢᠭᠰᠠᠭᠠᠷ ᠪᠠᠢᠵᠦ ᠪᠢ ᠤᠳᠠᠭᠰᠠᠨ ᠴᠤ᠌ ᠦᠬᠡᠢ ᠠᠶ᠎ᠠ ᠭᠠᠷᠭᠠᠭᠠᠳ ᠴᠢᠳᠠᠴᠢᠬᠠᠪᠠ᠃ ᠲᠠᠨ ᠴᠢᠨ ᠳᠠᠷᠤᠭᠠᠳ ᠠᠶ᠎ᠠ ᠭᠠᠷᠭᠠᠵᠦ ᠴᠢᠳᠠᠭᠰᠠᠨ ᠪᠢ ᠬᠠᠨ᠎ᠠ ᠎ᠳᠤ ᠡᠯᠬᠦᠭᠡᠰᠦᠲᠡᠢ ᠠᠪᠤ ᠵᠢᠨ ᠵᠢᠨᠨ ᠳᠦᠷᠪᠡᠨ ᠤᠳᠠᠰᠤᠲᠤ ᠬᠤᠭᠤᠷ ᠎ᠢ ᠨᠢᠬᠡ ᠲᠠᠲᠠᠵᠦ ᠦᠵᠡᠪᠡᠯ ᠬᠡᠳᠦᠢ ᠰᠠᠢᠬᠠᠨ ᠪᠤᠯ? ᠭᠡᠵᠦ ᠭᠤᠷᠢᠳᠠᠳᠠᠭ ᠪᠤᠯᠵᠠᠢ᠃ ᠮᠢᠨᠦ ᠠᠪᠤ ᠪᠤᠯᠤᠨ ᠠᠬ᠎ᠠ ᠨᠠᠷ ᠪᠦᠷ ᠬᠤᠭᠤᠷ ᠰᠠᠢᠨ ᠲᠠᠲᠠᠳᠠᠭ ᠤᠯᠤᠰ ᠶᠤᠮ᠃ ᠨᠢᠬᠡ ᠵᠤᠨ ᠎ᠤ ᠡᠳᠦᠷ ᠠᠪᠤ ᠪᠤᠯᠤᠨ ᠠᠬ᠎ᠠ ᠨᠠᠷ ᠪᠦᠷ ᠲᠠᠷᠢᠶᠠᠨ ᠎ᠳᠤ ᠶᠠᠪᠤᠭᠰᠠᠨ ᠬᠤᠭᠤᠷᠤᠨᠳᠦ ᠪᠢ ᠡᠵᠢ ᠡᠴᠡ ᠭᠤᠶᠤᠵᠦ ᠪᠠᠢᠭᠠᠳ ᠬᠠᠨ᠎ᠠ ᠎ᠳᠤ ᠡᠯᠬᠦᠬᠡᠰᠦᠲᠡᠢ ᠳᠦᠷᠪᠡᠨ ᠤᠳᠠᠰᠤᠲᠤ ᠬᠤᠭᠤᠷ ᠎ᠢ ᠠᠪᠤᠭᠤᠯᠤᠨ ᠲᠠᠲᠠᠵᠦ ᠦᠵᠡᠬᠦ ᠎ᠳᠤ ᠦᠨᠡᠬᠡᠷ ᠠᠶ᠎ᠠ ᠭᠠᠷᠴᠠᠢ᠃ ᠠᠪᠤ ᠪᠤᠯᠤᠨ ᠠᠬ᠎ᠠ ᠨᠠᠷ ᠮᠢᠨᠦ ᠬᠤᠭᠤᠷ ᠲᠠᠲᠠᠵᠦ ᠴᠢᠳᠠᠬᠤ ᠵᠢ ᠮᠡᠳᠡᠭᠰᠡᠨ ᠎ᠤ ᠳᠠᠷᠠᠭ᠎ᠠ ᠨᠡᠡᠭ ᠪᠠᠢᠨ ᠳᠠᠬᠢᠨ ᠨᠠᠳᠠ ᠪᠡᠷ ᠬᠤᠭᠤᠷ ᠲᠠᠲᠠᠭᠤᠯᠤᠨ ᠭᠡᠷ ᠪᠦᠯᠢ ᠪᠡᠷ ᠵᠢᠨᠨ ᠬᠦᠬᠡᠷᠦᠯᠳᠦᠨ ᠨᠠᠷᠬᠢᠯᠳᠤᠬᠤ ᠪᠤᠯᠵᠠᠢ᠃  ᠲᠡᠷᠡ ᠦᠶᠡᠰ ᠪᠢ 《ᠵᠢᠨᠵᠤᠤᠷ》 ᠂ 《᠎ᠳ᠋ᠥᠡᠭ ᠹᠠᠡᠭ ᠬᠤᠡᠭ》 ᠵᠡᠷᠭᠡ ᠠᠶ᠎ᠠ ᠵᠢ ᠲᠠᠲᠠᠵᠦ ᠪᠠᠢᠭᠰᠠᠨ ᠶᠤᠮ ᠭᠡᠵᠦ ᠤᠷᠲᠤᠵᠢᠷᠭᠠᠯ ᠭᠤᠸᠠᠢ ᠪᠠᠭ᠎ᠠ ᠵᠢᠨ ᠦᠶ᠎ᠡ ᠪᠡᠨ ᠡᠷᠬᠢᠴᠡᠬᠦᠯᠦᠨ᠎ᠡ᠃

ᠲᠤᠬᠠᠢ ᠵᠢᠨ ᠦᠶᠡᠰ ᠤᠷᠲᠤᠵᠢᠷᠭᠠᠯ᠎ᠤᠨ ᠨᠢᠬᠡ ᠪᠦᠯᠦ ᠠᠬ᠎ᠠ ᠨᠢ ᠬᠤᠷᠴᠢᠨ ᠵᠡᠬᠦᠨ ᠭᠠᠷᠤᠨ ᠬᠤᠢᠳᠦ ᠬᠤᠰᠢᠭᠤᠨ ᠎ᠤ ᠤᠯᠠᠭᠠᠨᠮᠥ᠋ᠴᠢᠷ ᠲᠤ᠌ ᠠᠵᠢᠯᠯᠠᠵᠦ ᠪᠠᠢᠭᠰᠠᠨ ᠪᠦᠬᠡᠳ ᠤᠷᠲᠤᠵᠢᠷᠭᠠᠯ ᠎ᠳᠤ ᠳᠦᠷᠪᠡᠨ ᠤᠳᠠᠰᠤᠲᠤ ᠬᠤᠭᠤᠷ ᠵᠢᠡᠷ ᠮᠤᠷᠢ ᠢᠨᠴᠠᠭᠠᠯᠭᠠᠬᠤ ᠮᠡᠲᠦ ᠵᠢᠨ ᠮᠡᠷᠭᠡᠵᠢᠯ ᠎ᠢ ᠴᠤ᠌ ᠵᠢᠭᠠᠵᠦ ᠦᠭᠴᠡᠢ᠃ ᠲᠡᠭᠡᠵᠦ ᠡᠳᠦᠷᠵᠢᠨ ᠤᠳᠠᠰᠤᠲᠤ ᠬᠤᠭᠤᠷ ᠲᠠᠢ ᠪᠠᠨ ᠨᠤᠴᠤᠯᠳᠤᠭᠰᠠᠨ ᠪᠠᠭ᠎ᠠ ᠨᠠᠰᠤᠨ᠎ᠤ ᠤᠷᠲᠤᠵᠢᠷᠭᠠᠯ ᠤᠯᠠᠭᠠᠨᠮᠦ᠋ᠴᠢᠷ ᠲᠤ᠌ ᠤᠷᠤᠬᠤ ᠭᠡᠰᠡᠨ ᠭᠠᠭᠴᠠᠬᠠᠨ ᠬᠦᠰᠡᠯ ᠡᠪᠦᠷᠯᠡᠨ ᠪᠢᠴᠢᠭ ᠦᠵᠡᠬᠦ ᠴᠤ᠌ ᠳᠤᠷ᠎ᠠ ᠦᠬᠡᠢ ᠪᠠᠢᠭᠰᠠᠨ ᠭᠡᠳᠡᠭ᠃ 《ᠤᠯᠠᠭᠠᠨᠮᠦ᠋ᠴᠢᠷ ᠲᠤ᠌ ᠤᠷᠤᠬᠤ ᠬᠦᠮᠦᠨ ᠪᠢᠴᠢᠭ ᠮᠡᠳᠡᠬᠦ ᠦᠬᠡᠢ ᠪᠡᠷ ᠶᠠᠭᠠᠬᠢᠵᠦ ᠪᠤᠯᠬᠤ ᠪᠤᠢ?》 ᠂ 《ᠪᠢᠴᠢᠭ ᠮᠡᠳᠡᠬᠦ ᠦᠬᠡᠢ ᠬᠦᠮᠦᠨ᠎ᠢ ᠤᠯᠠᠭᠠᠨᠮᠦ᠋ᠴᠢᠷ ᠠᠪᠬᠤ ᠦᠬᠡᠢ ᠰᠢᠦ》 ᠭᠡᠬᠦ ᠮᠡᠲᠦ ᠵᠢᠨ ᠠᠪᠤ ᠪᠤᠯᠤᠨ ᠠᠬ᠎ᠠ ᠨᠠᠷ ᠎ᠤᠨ ᠵᠢᠨᠨ ᠢᠳᠬᠠᠯᠭ᠎ᠠ ᠪᠡᠷ ᠤᠷᠳᠤᠵᠢᠷᠭᠠᠯ ᠠᠷᠪᠠ ᠬᠦᠷᠦᠬᠡᠳ ᠰᠠᠶᠢ ᠰᠤᠷᠭᠠᠭᠤᠯᠢ ᠵᠢᠨ ᠡᠬᠦᠳᠡ ᠵᠢ ᠠᠯᠬᠤᠵᠠᠢ᠃ ᠰᠤᠷᠭᠠᠭᠤᠯᠢ ᠎ᠳᠤ ᠤᠷᠤᠭᠰᠠᠨ ᠎ᠤ ᠳᠠᠷᠠᠭ᠎ᠠ ᠲᠡᠷᠡ ᠵᠠᠪ ᠯᠠ ᠤᠯᠳᠠᠭᠰᠠᠭᠠᠷ ᠮᠦᠨ ᠳᠦᠷᠪᠡᠨ ᠤᠳᠠᠰᠤᠲᠤ ᠬᠤᠭᠤᠷ ᠵᠢᠨᠨ ᠲᠠᠲᠠᠳᠠᠭ ᠪᠦᠬᠡᠳ ᠰᠤᠷᠭᠠᠭᠤᠯᠢ ᠵᠢᠨ ᠬᠦᠯ ᠵᠢᠡᠷ ᠬᠢᠰᠬᠢᠬᠦ ᠵᠢᠶᠤᠤ ᠹᠧᠡᠭ ᠴᠢᠨ ᠮᠡᠲᠦ ᠵᠢᠨ ᠬᠦᠭᠵᠢᠮᠳᠡᠬᠦᠷ ᠎ᠢ ᠴᠤ᠌ ᠪᠠᠬᠠᠷᠬᠠᠨ ᠬᠦᠭᠵᠢᠮᠳᠡᠵᠦ ᠤᠷᠠᠯᠢᠬ ᠎ᠤᠨ ᠳᠤᠷ᠎ᠠ ᠪᠠᠬ᠎ᠠ ᠪᠠᠨ ᠬᠠᠨᠤᠭᠠᠵᠦ ᠶᠠᠪᠤᠵᠠᠢ᠃ ᠤᠷᠳᠤᠵᠢᠷᠭᠠᠯ᠎ᠤᠨ ᠶᠡᠬᠡ ᠠᠬ᠎ᠠ ᠨᠢ ᠮᠤᠳᠤᠨ ᠳᠠᠷᠬᠠᠨ ᠪᠤᠯᠬᠤᠷ ᠠᠷᠪᠠᠨ ᠭᠤᠷᠪᠠᠨ ᠨᠠᠰᠤᠲᠠᠢ ᠤᠷᠲᠤᠵᠢᠷᠭᠠᠯ ᠠᠬ᠎ᠠ ᠵᠢᠨ ᠵᠢᠨᠨ ᠵᠠᠷᠤᠳᠠᠯ ᠬᠡᠷᠡᠭᠰᠡᠯ ᠵᠢᠡᠷ ᠨᠢ ᠬᠦᠢᠯᠡᠰᠦᠨ ᠮᠤᠳᠤ ᠪᠡᠷ ᠬᠤᠭᠤᠷ ᠵᠤᠬᠢᠶᠠᠴᠢᠬᠠᠳᠠᠭ ᠪᠤᠯᠪᠠ᠃ 《ᠤᠳᠠᠰᠤᠲᠤ ᠬᠤᠭᠤᠷ ᠵᠢᠨᠨ ᠰᠠᠢᠨ ᠰᠤᠷᠴᠦ ᠪᠠᠢᠭᠠᠳ ᠤᠯᠠᠭᠠᠨᠮᠦ᠋ᠴᠢᠷ ᠲᠤ᠌ ᠤᠷᠤᠬᠤ》 ᠭᠡᠰᠡᠨ ᠤᠨᠠᠭᠠᠨ ᠪᠠᠭ᠎ᠠ ᠵᠢᠨ ᠬᠢᠨᠢ ᠬᠦᠰᠡᠯ ᠎ᠳᠡᠭᠡᠨ ᠬᠦᠲᠦᠯᠦᠭᠳᠡᠭᠰᠡᠨ ᠠᠷᠪᠠᠨ ᠲᠠᠪᠤ ᠵᠢᠷᠭᠤᠭᠠᠨ ᠨᠠᠰᠤᠨ ᠎ᠤ ᠤᠷᠲᠤᠵᠢᠷᠭᠠᠯ ᠭᠠᠷᠠᠭ ᠎ᠤᠨ ᠠᠮᠠᠷᠠᠯᠲᠠ ᠪᠡᠷ ᠵᠢᠨᠨ ᠲᠠᠪᠢ ᠵᠢᠷᠠᠨ ᠭᠠᠵᠠᠷ ᠬᠤᠯᠠ ᠳᠤᠭᠤᠢ ᠤᠨᠤᠵᠦ ᠲᠤᠬᠠᠢ ᠵᠢᠨ ᠦᠶ᠎ᠡ ᠵᠢᠨ ᠡᠮᠡᠭᠡᠯ ᠰᠤᠮᠤ ᠵᠢᠨ ᠵᠢᠷᠦᠬᠡᠨ ᠲᠤᠪᠤ ᠭᠠᠴᠠᠭ᠎ᠠ ᠵᠢᠨ ᠲᠦᠪᠰᠢᠨᠪᠠᠶᠠᠷ ᠬᠡᠮᠡᠬᠦ ᠨᠡᠷᠡᠲᠦ ᠠᠷᠠᠳ ᠎ᠤᠨ ᠤᠷᠠᠯᠢᠭᠴᠢᠨ ᠎ᠤ ᠭᠡᠷ ᠲᠤ᠌ ᠨᠢ ᠬᠦᠷᠴᠦ ᠪᠠᠢᠭᠠᠳ ᠬᠤᠭᠤᠷ ᠵᠢᠭᠠᠯᠭᠠᠵᠦ ᠮᠡᠷᠭᠡᠵᠢᠯ ᠵᠢᠨᠨ ᠳᠡᠭᠡᠭᠰᠢᠯᠡᠬᠦᠯᠵᠦ ᠪᠠᠢᠪᠠ᠃

《ᠵᠢᠷᠢᠮ ᠠᠢᠮᠠᠭ ᠎ᠤᠨ ᠤᠷᠠᠯᠢᠭ ᠎ᠤᠨ ᠠᠵᠢᠯ ᠮᠡᠷᠭᠡᠵᠢᠯ ᠎ᠤᠨ ᠳᠡᠭᠡᠳᠦ ᠰᠤᠷᠭᠠᠭᠤᠯᠢ ᠵᠢᠨ ᠡᠦ ᠶᠦᠨ ᠯᠦᠡᠭ ᠪᠠᠭᠰᠢ ᠨᠢᠬᠡ ᠳᠦᠷᠪᠡᠨ ᠤᠳᠠᠰᠤᠲᠤ ᠬᠤᠭᠤᠷ ᠎ᠤᠨ ᠮᠡᠷᠭᠡᠵᠢᠯ ᠎ᠤᠨ ᠱᠠᠪᠢ ᠡᠯᠰᠡᠬᠦ ᠭᠡᠵᠦ ᠪᠠᠢᠨ᠎ᠠ》 ᠭᠡᠬᠦ ᠬᠠᠯᠠᠭᠤᠨ ᠴᠢᠮᠡᠬᠡ ᠪᠡᠷ ᠠᠨᠭᠬ᠎ᠠ ᠳᠤᠮᠳᠠᠳᠦ᠎ᠳᠤ ᠪᠢᠴᠢᠭ ᠦᠵᠡᠵᠦ ᠪᠠᠢᠭᠰᠠᠨ ᠠᠷᠪᠠᠨ ᠨᠠᠢ᠍ᠮᠠᠲᠠᠢ ᠤᠷᠲᠤᠵᠢᠷᠭᠠᠯ ᠬᠤᠭᠤᠷ ᠵᠢᠨᠨ ᠡᠬᠦᠷᠦᠬᠡᠳ ᠲᠠᠯᠪᠢᠭᠠᠳ ᠬᠦᠷᠴᠡᠢ᠃ ᠲᠡᠷᠡ ᠤᠳᠠᠭᠠᠨ ᠎ᠤ ᠰᠢᠯᠭᠠᠯᠲᠠ ᠎ᠳᠤ 126  ᠬᠦᠮᠦᠨ ᠤᠷᠤᠯᠴᠠᠵᠦ᠂ ᠬᠠᠮᠤᠭ ᠰᠡᠬᠦᠯ ᠎ᠳᠤ ᠨᠢ ᠬᠤᠶᠠᠷᠬᠠᠨ ᠬᠦᠮᠦᠨ ᠦᠯᠡᠳᠡᠭᠡᠬᠦ ᠎ᠳᠤ ᠤᠷᠳᠤᠵᠢᠷᠭᠠᠯ ᠰᠤᠨᠭᠭᠤᠭᠳᠠᠨ ᠤᠷᠤᠭᠰᠠᠨ ᠪᠤᠯᠪᠠᠴᠤ ᠡᠴᠦᠰ ᠲᠡᠭᠡᠨ ᠲᠡᠬᠦᠨ ᠎ᠤ ᠬᠤᠭᠤᠷ ᠵᠢᠡᠷ ᠲᠠᠲᠠᠭᠰᠠᠨ ᠨᠦᠬᠦᠬᠡ ᠬᠦᠮᠦᠨ ᠨᠢ ᠡᠯᠰᠡᠭᠳᠡᠵᠦ ᠤᠷᠲᠤᠵᠢᠷᠭᠠᠯ ᠭᠤᠭᠤᠵᠢᠭᠳᠠᠴᠢᠬᠠᠪᠠ᠃  ᠰᠡᠬᠦᠯᠡᠷ ᠨᠢ ᠡᠮᠦᠨᠡᠲᠦ ᠭᠤᠷᠯᠤᠰ ᠎ᠤᠨ ᠤᠯᠠᠭᠠᠨᠮᠦ᠋ᠴᠢᠷ ᠪᠤᠯᠤᠨ ᠬᠤᠷᠴᠢᠨ ᠵᠡᠬᠦᠨ ᠭᠠᠷᠤᠨ ᠬᠤᠢᠳᠦ ᠬᠤᠰᠢᠭᠤᠨ ᠎ᠤ ᠤᠯᠠᠭᠠᠨᠮᠦ᠋ᠴᠢᠷ  ᠲᠤ᠌ ᠰᠢᠯᠭᠠᠭᠠᠳ ᠮᠦᠨ ᠯᠠ ᠪᠦᠷ ᠬᠢᠷᠢ ᠪᠦᠲᠦᠮᠵᠢ ᠨᠢ ᠤᠷᠤᠢᠯᠠᠵᠦ ᠪᠠᠢᠭᠰᠠᠨ ᠴᠤ᠌ ᠡᠴᠦᠰ ᠲᠡᠭᠡᠨ ᠪᠦᠷ ᠡᠯ᠎ᠡ ᠵᠦᠢᠯ ᠎ᠤᠨ ᠰᠢᠯᠲᠠᠭᠠᠨ ᠵᠢᠡᠷ ᠤᠷᠤᠵᠦ ᠳᠡᠢᠯᠦᠭᠰᠡᠨ ᠦᠬᠡᠢ᠃ ᠲᠡᠷᠡ ᠦᠶᠡᠰ ᠪᠤᠰᠤᠳ ᠲᠤ᠌ ᠪᠡᠡᠯᠡᠭ ᠲᠠᠯ᠎ᠠ ᠦᠭᠬᠦ ᠵᠢ ᠪᠤᠤ ᠬᠡᠯᠡ᠂ ᠡᠪᠯᠡᠭᠡᠵᠦ ᠨᠢᠬᠡ ᠴᠠᠭ ᠎ᠤᠨ ᠬᠤᠭᠤᠯᠠ ᠢᠳᠡᠬᠦᠯᠬᠦ ᠎ᠳᠤ ᠴᠤ᠌ ᠪᠡᠷᠬᠡᠳᠡᠳᠡᠭ ᠪᠠᠢᠭᠰᠠᠨ ᠤᠷᠲᠤᠵᠢᠷᠭᠠᠯ ᠡᠷᠳᠡᠮ ᠪᠠᠢᠭᠰᠠᠨ ᠴᠤ᠌ ᠭᠠᠷᠭᠠᠬᠤ ᠭᠠᠵᠠᠷ ᠦᠬᠡᠢ ᠭᠡᠳᠡᠭ ᠵᠢᠨᠨ ᠮᠡᠳᠡᠵᠦ ᠨᠢᠬᠡᠮᠦᠰᠦᠨ ᠵᠤᠷᠢᠭ ᠮᠤᠬᠤᠷᠠᠵᠦ ᠬᠦᠳᠡᠭᠡ ᠭᠡᠷ ᠲᠡᠭᠡᠨ ᠬᠠᠷᠢᠵᠦ ᠮᠠᠯ ᠲᠠᠷᠢᠶ᠎ᠠ ᠲᠠᠢ ᠪᠠᠨ ᠨᠤᠴᠤᠯᠳᠤᠵᠠᠢ᠃

 ᠤᠷᠲᠤᠵᠢᠷᠭᠠᠯ ᠤᠷᠠᠯᠢᠬ ᠲᠤ᠌ ᠠᠪᠢᠶᠠᠰ ᠲᠠᠢ ᠪᠡᠷ ᠪᠠᠷᠠᠬᠤ ᠦᠬᠡᠢ ᠲᠠᠷᠢᠬᠢ ᠬᠤᠷᠴᠠ ᠴᠡᠭᠡᠵᠢ ᠰᠡᠷᠡᠭᠡᠢ ᠭᠠᠷ ᠤᠷᠠᠨ ᠬᠦᠮᠦᠨ ᠪᠠᠢᠵᠦ᠂ ᠰᠡᠬᠦᠯᠡᠷ ᠨᠢ ᠶᠡᠬᠡ ᠠᠬ᠎ᠠ ᠡᠴᠡ ᠪᠠᠨ ᠮᠤᠳᠤᠨ ᠲᠠᠷᠬᠠᠨ ᠎ᠤ ᠮᠡᠷᠭᠡᠵᠢᠯ ᠰᠤᠷᠴᠦ ᠨᠤᠲᠤᠭ ᠤᠰᠤᠨ᠎ᠳᠠᠭᠠᠨ ᠨᠡᠷᠡᠲᠡᠢ ᠰᠠᠢᠨ ᠮᠤᠳᠤᠴᠢᠨ ᠸᠠᠭᠠᠷᠴᠢᠨ ᠪᠤᠯᠵᠦ᠂ ᠪᠠᠰᠠ ᠨᠤᠲᠤᠭ ᠤᠰᠤᠨ ᠎ᠤ ᠪᠠᠨ ᠴᠠᠬᠢᠯᠭᠠᠨ ᠎ᠤ ᠠᠵᠢᠯ ᠎ᠢ ᠬᠠᠷᠢᠭᠤᠴᠠᠵᠦ ᠠᠷᠠᠳ ᠤᠯᠠᠨ ᠎ᠳᠠᠭᠠᠨ ᠦᠢᠯᠡᠴᠢᠯᠡᠵᠦ ᠶᠠᠪᠤᠵᠠᠢ᠃ ᠰᠡᠬᠦᠯᠡᠷ ᠨᠢ ᠲᠡᠷᠡ ᠵᠢᠷᠭᠠᠯᠠᠡᠭ ᠪᠠᠯᠭᠠᠰᠤ ᠵᠢᠨ ᠬᠦᠨᠨᠠᠭᠤᠷ ᠭᠠᠴᠠᠭ᠎ᠠ ᠡᠴᠡ ᠬᠦᠮᠦᠨ ᠎ᠤ ᠭᠠᠭᠴᠠ ᠬᠡᠦᠬᠡᠨ  ᠲᠠᠢ ᠬᠤᠷᠢᠮᠯᠠᠭᠰᠠᠨ ᠵᠢᠡᠷ ᠬᠠᠳᠠᠮ ᠎ᠤᠨ ᠵᠢᠨᠨ ᠨᠤᠲᠤᠭ ᠲᠤ᠌ ᠢᠷᠡᠵᠦ ᠠᠮᠢᠳᠤᠷᠠᠪᠠ᠃ ᠡᠳᠡᠭᠡᠷ ᠵᠢᠯ ᠎ᠤᠨ ᠲᠤᠷᠰᠢ ᠬᠠᠮᠢᠭ᠎ᠠ ᠶᠠᠪᠤᠵᠦ ᠶᠠᠮᠠᠷ ᠠᠵᠢᠯ ᠬᠢᠭᠰᠡᠨ ᠴᠤ᠌ ᠤᠷᠲᠤᠵᠢᠷᠭᠠᠯ ᠳᠦᠷᠪᠡᠨ ᠤᠳᠠᠰᠤᠲᠤ ᠬᠤᠭᠤᠷ ᠵᠢᠨᠨ ᠬᠠᠶᠠᠭ᠎ᠠ ᠦᠬᠡᠢ᠂ ᠵᠠᠪ ᠴᠢᠯᠦᠬᠡ ᠯᠠ ᠤᠯᠳᠠᠪᠠᠯ ᠠᠮᠢᠨ ᠬᠠᠢᠷᠠᠲᠠᠢ ᠳᠦᠷᠪᠡᠨ ᠤᠳᠠᠰᠤᠲᠤ ᠬᠤᠭᠤᠷ ᠵᠢᠨᠨ ᠲᠠᠲᠠᠵᠦ ᠰᠠᠭᠤᠳᠠᠭ ᠪᠠᠢᠯ᠎ᠠ᠃ 2010 ᠤᠨ ᠎ᠤ ᠦᠶ᠎ᠡ ᠡᠴᠡ ᠡᠬᠢᠯᠡᠵᠦ ᠤᠷᠳᠤᠵᠢᠷᠭᠠᠯ ᠬᠤᠶᠠᠷ ᠤᠮᠪᠤᠯᠤ ᠪᠠᠨ ᠪᠢᠴᠢᠭ ᠦᠵᠡᠬᠦᠯᠬᠦ ᠪᠡᠷ ᠵᠢᠷᠭᠠᠯᠠᠡᠭ ᠪᠠᠯᠭᠠᠰᠤ ᠵᠢᠨ ᠲᠦᠪ ᠳᠡᠭᠡᠷ᠎ᠡ ᠠᠷᠪᠠᠭᠠᠳ ᠵᠢᠯ ᠰᠠᠭᠤᠭᠰᠠᠨ ᠨᠢ ᠲᠡᠬᠦᠨ ᠎ᠳᠤ ᠳᠦᠷᠪᠡᠨ ᠤᠳᠠᠰᠤᠲᠤ ᠬᠤᠭᠤᠷ ᠵᠢᠨᠨ ᠪᠤᠯᠪᠠᠰᠤᠷᠠᠬᠤ ᠨᠡᠡᠭ ᠰᠠᠢᠨ ᠳᠤᠬᠢᠶᠠᠯ ᠪᠤᠯᠵᠦ᠂ ᠡᠳᠡᠭᠡᠷ ᠠᠷᠪᠠᠭᠠᠳ ᠵᠢᠯ ᠎ᠤᠨ ᠲᠤᠷᠰᠢ ᠲᠡᠬᠦᠨ ᠎ᠤ ᠤᠷᠠᠯᠢᠬ ᠎ᠤᠨ ᠬᠢᠷᠢ ᠲᠦᠪᠰᠢᠨ  ᠤᠯᠠᠮ ᠨᠢᠬᠡ ᠠᠯᠬᠤᠮ ᠳᠡᠭᠡᠭᠰᠢᠯᠡᠵᠡᠢ᠃  ᠡᠨᠡ ᠬᠤᠭᠤᠷᠤᠨᠳᠦ ᠲᠡᠷᠡ ᠮᠦᠨ ᠠᠴᠢᠯᠠᠯᠲᠤ ᠮᠡᠲᠦ ᠵᠢᠨ ᠬᠤᠭᠤᠷ ᠬᠦᠭᠵᠢᠮ ᠎ᠳᠤ ᠪᠠᠬᠠᠲᠠᠢ ᠬᠦᠮᠦᠰ ᠲᠠᠢ ᠲᠠᠨᠢᠯᠴᠠᠵᠦ ᠴᠢᠯᠦᠬᠡ ᠯᠠ ᠭᠠᠷᠪᠠᠯ ᠬᠤᠭᠤᠷ ᠲᠠᠭᠠᠷᠠᠭᠤᠯᠳᠠᠭ ᠪᠠᠢᠪᠠ᠃ 2011 ᠤᠨ ᠎ᠤ ᠨᠠᠮᠤᠷ ᠲᠡᠷᠡ ᠪᠠᠰᠠ ᠤᠯᠤᠰ ᠎ᠤᠨ ᠳᠡᠰ ᠎ᠤᠨ ᠪᠤᠳᠠᠰ ᠎ᠤᠨ ᠪᠤᠰᠤ ᠰᠤᠶᠤᠯ ᠎ᠤᠨ ᠦᠪ ᠪᠤᠯᠬᠤ ᠳᠦᠷᠪᠡᠨ ᠤᠳᠠᠰᠤᠲᠤ ᠬᠤᠭᠤᠷ ᠎ᠤᠨ ᠬᠦᠭᠵᠢᠮ ᠎ᠤᠨ ᠤᠯᠤᠰ ᠎ᠤᠨ ᠲᠡᠰ ᠎ᠤᠨ ᠲᠦᠯᠦᠭᠡᠯᠡᠭᠴᠢ ᠴᠢᠨᠠᠷᠲᠠᠢ ᠦᠪᠯᠡᠨ ᠤᠯᠠᠮᠵᠢᠯᠠᠭᠴᠢ ᠲᠡᠭᠰᠢᠳᠦᠬᠦ᠋ᠷᠡᠡᠭ ᠨᠠᠰᠤᠲᠠᠨ ᠎ᠳᠤ ᠱᠠᠪᠢ ᠤᠷᠤᠵᠦ᠂ ᠲᠡᠬᠦᠨ ᠡᠴᠡ ᠤᠯᠠᠨ ᠠᠷᠪᠢᠨ ᠬᠤᠭᠤᠷ ᠎ᠤᠨ ᠮᠡᠷᠭᠡᠵᠢᠯ ᠪᠠ ᠬᠤᠭᠤᠷ ᠎ᠤᠨ ᠠᠶ᠎ᠠ ᠰᠤᠷᠴᠦ ᠠᠪᠴᠠᠢ᠃ ᠤᠷᠳᠤᠵᠢᠷᠭᠠᠯ ᠎ᠤᠨ ᠬᠤᠭᠤᠷ ᠲᠠᠲᠠᠬᠤ ᠵᠢ ᠰᠤᠨᠤᠰᠤᠭᠰᠠᠨ ᠲᠡᠭᠰᠢᠳᠦ᠋ᠬᠦᠷᠡᠡᠭ ᠪᠠᠭᠰᠢᠲᠠᠨ ᠨᠡᠬᠡᠷᠡᠨ ᠭᠠᠢᠬᠠᠵᠦ ᠬᠤᠶᠠᠷ ᠭᠠᠷ ᠎ᠤᠨ ᠡᠷᠡᠬᠡᠢ ᠬᠤᠷᠤᠭᠤ ᠪᠠᠨ ᠵᠡᠷᠭᠡᠪᠡᠷ ᠭᠠᠷᠭᠠᠵᠦ᠄ 《ᠴᠢ ᠬᠤᠭᠤᠷ ᠎ᠢ ᠶᠠᠭᠠᠬᠢᠵᠦ ᠰᠤᠷᠤᠭᠰᠠᠨ ᠪᠤᠢ?ᠮᠢᠨᠦ ᠬᠤᠭᠤᠷ ᠎ᠤᠨ ᠡᠷᠳᠡᠮ ᠎ᠢ ᠴᠢ ᠵᠠᠯᠭᠠᠮᠵᠢᠯᠠᠵᠦ ᠳᠡᠢᠯᠦᠨ᠎ᠡ ᠡ》 ᠭᠡᠵᠦ ᠦᠨᠳᠦᠷ ᠦᠨᠡᠯᠡᠨ ᠦᠪᠡᠷ ᠎ᠤᠨ ᠬᠤᠭᠤᠷ ᠎ᠤᠨ ᠡᠷᠳᠡᠮ ᠵᠢᠨᠨ ᠬᠠᠷᠠᠮ ᠦᠬᠡᠢ ᠵᠢᠭᠠᠵᠦ ᠤᠯᠠᠮᠵᠢᠯᠠᠵᠠᠢ᠃ ᠤᠷᠲᠤᠵᠢᠷᠭᠠᠯ ᠤᠤᠯ ᠡᠴᠡ ᠪᠠᠨ ᠤᠷᠠᠯᠢᠭ ᠎ᠤᠨ ᠮᠡᠳᠡᠷᠡᠮᠵᠢ ᠰᠠᠢᠨ ᠪᠤᠯᠬᠤᠷ ᠵᠢᠭᠠᠭᠰᠠᠨ ᠪᠦᠬᠦᠨ᠎ᠢ ᠨᠢ ᠰᠠᠢᠲᠤᠷ ᠰᠢᠨᠭᠭᠡᠭᠡᠨ ᠡᠵᠡᠮᠰᠢᠵᠦ᠂ ᠦᠨᠡᠨ ᠰᠡᠳᠬᠢᠯ ᠡᠴᠡ ᠪᠠᠨ ᠠᠮᠢ ᠪᠠᠨ ᠬᠦᠭᠡᠭᠡᠵᠦ ᠰᠤᠷᠪᠡ᠃ ᠤᠷᠮ᠎ᠠ ᠪᠠᠬ᠎ᠠ ᠪᠤᠯ ᠬᠠᠮᠤᠭ᠎ᠤᠨ ᠰᠠᠢᠨ ᠪᠠᠭᠰᠢ ᠭᠡᠳᠡᠭ ᠵᠢᠡᠷ᠂ ᠤᠷᠲᠤᠵᠢᠷᠭᠠᠯ ᠭᠡᠭᠴᠢ ᠤᠨᠠᠭᠠᠨ ᠪᠠᠭ᠎ᠠ ᠡᠴᠡ ᠪᠠᠨ ᠳᠦᠷᠪᠡᠨ ᠤᠳᠠᠰᠤᠲᠤ ᠬᠤᠭᠤᠷ ᠭᠡᠪᠡᠯ ᠤᠷᠮ᠎ᠠ ᠰᠡᠷᠬᠦᠵᠦ ᠪᠠᠬ᠎ᠠ ᠬᠦᠳᠡᠯᠳᠡᠭ ᠬᠦᠮᠦᠨ ᠪᠤᠯᠬᠤᠷ ᠪᠠᠭᠰᠢ ᠵᠢᠨ ᠵᠢᠨᠨ ᠵᠢᠭᠠᠭᠰᠠᠨ ᠠᠶ᠎ᠠ ᠪᠤᠯᠭᠠᠨ ᠎ᠢ ᠬᠤᠪᠢᠷᠠᠭᠤᠯᠵᠦ ᠤᠯᠠᠷᠢᠭᠤᠯᠤᠨ ᠡᠵᠡᠮᠰᠢᠭᠰᠡᠨ ᠪᠦᠬᠡᠳ《ᠨᠠᠢ᠍ᠮᠠᠨ ᠠᠶᠠᠯᠭᠤ》 ᠵᠡᠷᠭᠡ  ᠵᠠᠷᠢᠮ ᠤᠨᠴᠠᠭᠠᠢ ᠬᠦᠴᠢᠷ ᠠᠶ᠎ᠠ ᠵᠢ ᠨᠢ ᠴᠤ᠌ ᠪᠦᠷᠢᠨ ᠪᠦᠳᠦᠨ ᠵᠢᠡᠷ ᠨᠢ ᠤᠷᠪᠠᠭᠤᠯᠵᠦ ᠬᠦᠷᠪᠡᠬᠦᠯᠦᠨ ᠲᠠᠲᠠᠵᠦ ᠳᠡᠢᠯᠬᠦ ᠪᠤᠯᠵᠠᠢ᠃ ᠲᠡᠷᠡ ᠪᠠᠭ᠎ᠠ ᠡᠴᠡ ᠪᠠᠨ ᠨᠤᠲ ᠰᠤᠷᠤᠭᠨᠰᠠᠨ ᠎ᠤ ᠰᠠᠢᠨ ᠨᠢ ᠭᠠᠷᠴᠦ ᠲᠡᠳᠡᠭᠡᠷ ᠠᠶ᠎ᠠ ᠎ᠤᠳ ᠎ᠢ ᠪᠦᠷ ᠨᠤᠲ ᠵᠢᠡᠷ ᠪᠠᠭᠤᠯᠭᠠᠵᠦ ᠪᠠᠢᠭᠠᠳ ᠰᠤᠷᠪᠠ᠃ ᠨᠢᠬᠡ ᠮᠡᠳᠡᠬᠦ ᠎ᠳᠤ  ᠲᠡᠬᠦᠨ᠎ᠤ ᠳᠦᠷᠪᠡᠨ ᠤᠳᠠᠰᠤᠲᠤ ᠬᠤᠭᠤᠷ ᠲᠠᠲᠠᠬᠤ ᠬᠢᠷᠢ ᠲᠦᠪᠰᠢᠨ ᠵᠢᠷ ᠎ᠤᠨ ᠨᠢᠬᠡᠨ ᠠᠵᠢᠯ ᠎ᠤᠨ ᠴᠢᠯᠦᠬᠡᠨ ᠎ᠤ ᠠᠷᠠᠳ ᠎ᠤᠨ ᠤᠷᠠᠯᠢᠭᠴᠢᠨ ᠎ᠤ ᠬᠢᠷᠢ ᠬᠡᠮᠵᠢᠶᠡᠨ ᠡᠴᠡ ᠬᠡᠳᠦᠢᠨ ᠳᠠᠪᠠᠵᠦ᠂ ᠵᠠᠷᠢᠮ ᠮᠡᠷᠭᠡᠵᠢᠯ ᠎ᠤᠨ ᠬᠦᠮᠦᠰ ᠴᠤ᠌ ᠲᠡᠬᠦᠨ ᠎ᠢ ᠡᠷᠢᠨ ᠵᠢᠭᠠᠨ ᠵᠢᠯᠤᠭᠤᠳᠤᠭᠤᠯᠳᠠᠭ ᠪᠤᠯᠵᠠᠢ᠃  

ᠤᠷᠲᠤᠵᠢᠷᠭᠠᠯ ᠡᠳᠡᠭᠡᠷ ᠵᠢᠯ ᠎ᠤᠨ ᠲᠤᠷᠰᠢ ᠤᠯᠠᠨ ᠵᠦᠢᠯ ᠎ᠤᠨ ᠬᠦᠴᠢᠷ ᠪᠡᠷᠬᠡᠰᠢᠶᠡᠯ ᠎ᠢ ᠢᠯᠠᠨ ᠳᠠᠪᠠᠵᠦ ᠳᠦᠷᠪᠡᠨ ᠤᠳᠠᠰᠤᠲᠤ ᠬᠤᠭᠤᠷ ᠎ᠤᠨ ᠤᠷᠤᠯᠳᠤᠭᠠᠨ ᠲᠡᠮᠡᠴᠡᠭᠡᠨ᠎ᠳᠤ ᠤᠳᠠᠭ᠎ᠠ ᠳᠠᠷᠠᠭᠠᠯᠠᠨ ᠤᠷᠤᠯᠴᠠᠵᠦ ᠪᠦᠷ ᠰᠢᠯᠢᠳᠡᠭ ᠬᠢᠷᠢ ᠪᠦᠲᠦᠮᠵᠢ ᠤᠯᠵᠦ ᠶᠠᠪᠤᠵᠠᠢ᠃ 2012 ᠤᠨ ᠎ᠤ 9 ᠰᠠᠷ᠎ᠠ ᠎ᠳᠤ ᠬᠢᠷᠢᠨ ᠮᠤᠵᠢ ᠵᠢᠨ ᠡᠮᠦᠨᠡᠳᠦ ᠭᠤᠷᠯᠤᠰ ᠲᠤ᠌ ᠶᠠᠪᠤᠭᠳᠠᠭᠰᠠᠨ 《ᠭᠤᠷᠯᠤᠰ》 ᠬᠤᠨᠳᠠᠭᠠᠲᠤ ᠨᠠᠢ᠍ᠮᠠᠨ ᠮᠤᠵᠢ ᠤᠷᠤᠨ ᠎ᠤ ᠭᠤᠷᠪᠠᠳᠤᠭᠠᠷ ᠤᠳᠠᠭᠠᠨ ᠎ᠤ ᠳᠦᠷᠪᠡᠨ ᠤᠳᠠᠰᠤᠲᠤ ᠬᠤᠭᠤᠷ ᠎ᠤᠨ ᠲᠧᠯᠸᠢᠰ ᠱᠠᠨᠭᠨᠠᠯᠲᠤ ᠤᠷᠤᠯᠳᠤᠭᠠᠨ ᠎ᠳᠤ ᠤᠷᠤᠯᠴᠠᠬᠤ ᠭᠡᠬᠦ ᠎ᠳᠤ ᠬᠤᠷᠴᠢᠨ ᠵᠡᠬᠦᠨ ᠭᠠᠷᠤᠨ ᠬᠤᠢᠳᠦ ᠬᠤᠰᠢᠭᠤ ᠡᠴᠡ ᠤᠷᠤᠯᠴᠠᠬᠤ ᠬᠦᠮᠦᠨ ᠎ᠤ ᠲᠤᠭ᠎ᠠ ᠨᠢ ᠬᠡᠲᠦᠷᠡᠭᠡᠢ ᠠᠷᠪᠢᠨ ᠪᠤᠯᠤᠭᠰᠠᠨ ᠲᠡᠷᠡ ᠪᠠᠢᠳᠠᠯ ᠳᠤᠤᠷ᠎ᠠ ᠤᠷᠲᠤᠵᠢᠷᠭᠠᠯ ᠠᠯᠤᠰ ᠬᠤᠯᠠ ᠬᠦᠯᠦᠨ ᠪᠤᠢᠷ ᠲᠤ᠌ ᠬᠦᠷᠴᠦ ᠰᠠᠷ᠎ᠠ ᠭᠠᠷᠤᠢ ᠪᠤᠯᠪᠠᠰᠤᠷᠠᠵᠦ ᠪᠠᠢᠭᠠᠳ ᠰᠢᠨ᠎ᠡ ᠪᠠᠷᠭᠤ ᠵᠡᠬᠦᠨ ᠬᠤᠰᠢᠭᠤ ᠵᠢ ᠲᠦᠯᠦᠬᠡᠯᠡᠨ ᠤᠷᠤᠯᠳᠤᠭᠠᠨ ᠎ᠳᠤ ᠤᠷᠤᠯᠴᠠᠵᠠᠢ᠃ ᠡᠨᠡ ᠮᠡᠲᠦ ᠪᠡᠷ ᠬᠤᠢᠨ᠎ᠠ ᠡᠮᠦᠨ᠎ᠡ ᠲᠡᠷᠡ 2014 ᠤᠨ ᠎ᠳᠤ ᠲᠦᠨᠭᠯᠢᠶᠤᠤ ᠬᠤᠲᠠ ᠎ᠳᠤ ᠶᠠᠪᠤᠭᠳᠠᠭᠰᠠᠨ ᠲᠦᠨᠭᠯᠢᠶᠤᠤ ᠬᠤᠲᠠ ᠵᠢᠨ ᠠᠷᠪᠠᠳᠤᠭᠠᠷ ᠬᠤᠭᠤᠴᠠᠭᠠᠨ ᠎ᠤ ᠬᠤᠷᠴᠢᠨ ᠤᠷᠠᠯᠢᠭ ᠎ᠤᠨ ᠨᠠᠢᠷ ᠎ᠤᠨ ᠳᠦᠷᠪᠡᠨ ᠤᠳᠠᠰᠤᠲᠤ ᠬᠤᠭᠤᠷ ᠎ᠤᠨ ᠤᠷᠤᠯᠳᠤᠭᠠᠨ᠂ 2016 ᠤᠨ  ᠎ᠳᠤ ᠲᠦᠨᠭᠯᠢᠶᠤᠤ ᠬᠤᠲᠠ ᠎ᠳᠤ ᠶᠠᠪᠤᠭᠳᠠᠭᠰᠠᠨ ᠮᠤᠨᠭᠭᠤᠯ ᠦᠨᠳᠦᠰᠦᠲᠡᠨ ᠎ᠤ ᠳᠦᠷᠪᠡᠨ ᠤᠳᠠᠰᠤᠲᠤ ᠬᠤᠭᠤᠷ ᠎ᠤᠨ ᠤᠷᠤᠯᠳᠤᠭᠠᠨ ᠵᠡᠷᠭᠡ ᠎ᠳᠤ ᠪᠦᠷ ᠠᠯᠳᠠᠯ ᠦᠬᠡᠢ ᠤᠷᠤᠯᠴᠠᠵᠦ ᠶᠠᠪᠤᠵᠠᠢ᠃ ᠤᠷᠳᠤᠵᠢᠷᠭᠠᠯ ᠦᠪᠡᠷ ᠎ᠤᠨ ᠰᠤᠷᠤᠭᠰᠠᠨ ᠮᠡᠳᠡᠭᠰᠡᠨ ᠵᠢᠨᠨ ᠪᠠᠰᠠ ᠤᠷᠠᠯᠢᠭ ᠲᠤ᠌ ᠳᠤᠷ᠎ᠠ ᠪᠠᠬᠠᠲᠠᠢ ᠪᠦᠬᠡᠳ ᠰᠤᠷᠴᠦ ᠮᠡᠳᠡᠶ᠎ᠡ ᠭᠡᠰᠡᠨ ᠲᠡᠳᠡᠭᠡᠷ ᠬᠦᠮᠦᠰ ᠲᠤ᠌ ᠬᠠᠷᠠᠮ ᠦᠬᠡᠢ ᠵᠢᠭᠠᠵᠦ ᠤᠯᠠᠮᠵᠢᠯᠠᠭᠰᠠᠭᠠᠷ ᠪᠠᠢᠪᠠ᠃ ᠤᠷᠳᠤᠵᠢᠷᠭᠠᠯ ᠵᠢᠷᠭᠠᠯᠠᠡᠭ ᠪᠠᠯᠭᠠᠰᠤ ᠵᠢᠨ ᠨᠢᠬᠡᠨ ᠬᠤᠪᠢ ᠬᠦᠮᠦᠨ ᠎ᠤ ᠬᠡᠦᠬᠡᠳ ᠎ᠤᠨ ᠴᠡᠴᠡᠷᠯᠢᠭ ᠲᠤ᠌ ᠳᠤᠯᠤᠭ᠎ᠠ ᠨᠠᠢ᠍ᠮᠠᠨ ᠵᠢᠯ ᠳᠦᠷᠪᠡᠨ ᠤᠳᠠᠰᠤᠲᠤ ᠬᠤᠭᠤᠷ ᠵᠢᠭᠠᠵᠦ ᠪᠠᠭ᠎ᠠ ᠪᠤᠰᠤ ᠦᠰᠪᠦᠷᠢ ᠬᠡᠦᠬᠡᠳ ᠲᠤ᠌ ᠦᠪᠡᠷ ᠎ᠤᠨ ᠰᠤᠷᠤᠭᠰᠠᠨ ᠡᠷᠳᠡᠮ ᠮᠡᠷᠭᠡᠵᠢᠯ ᠵᠢᠨᠨ ᠤᠯᠠᠮᠵᠢᠯᠠᠵᠠᠢ᠃ ᠲᠡᠷᠡ ᠳᠤᠮᠳᠠ ᠡᠴᠡ ᠪᠠᠢ ᡁᠢ ᠴᠢᠶᠠᠡᠭ ᠭᠡᠳᠡᠭ ᠪᠠᠭ᠎ᠠ ᠰᠤᠷᠭᠠᠭᠤᠯᠢ ᠵᠢᠨ ᠬᠡᠦᠬᠡᠳ 《ᠠᠳᠤᠭᠤᠴᠢᠨ ᠵᠠᠯᠠᠭᠤ》 ᠭᠡᠬᠦ ᠠᠶ᠎ᠠ ᠵᠢ ᠲᠠᠲᠠᠵᠦ ᠪᠠᠢᠭᠰᠠᠨ ᠭᠡᠳᠡᠭ ᠡᠴᠡ ᠨᠢ ᠦᠵᠡᠪᠡᠯ ᠨᠡᠯᠢᠶᠡᠳ ᠦᠨᠳᠦᠷ ᠬᠢᠷᠢ ᠲᠦᠪᠰᠢᠨ ᠎ᠳᠤ ᠬᠦᠷᠳᠡᠯ᠎ᠡ ᠰᠤᠷᠴᠦ ᠪᠠᠢᠭᠰᠠᠨ ᠭᠡᠳᠡᠭ ᠨᠢ ᠢᠯᠡᠬᠡᠨ᠃  2017 ᠤᠨ ᠎ᠳᠤ ᠤᠷᠲᠤᠵᠢᠷᠭᠠᠯ ᠤᠯᠤᠰ ᠎ᠤᠨ ᠳᠡᠰ ᠎ᠤᠨ ᠪᠤᠳᠠᠰ ᠎ᠤᠨ ᠪᠤᠰᠤ ᠰᠤᠶᠤᠯ ᠎ᠤᠨ ᠦᠪ ᠪᠤᠯᠬᠤ ᠳᠦᠷᠪᠡᠨ ᠤᠳᠠᠰᠤᠲᠤ ᠬᠤᠭᠤᠷ ᠎ᠤᠨ ᠬᠦᠭᠵᠢᠮ ᠎ᠤᠨ ᠬᠤᠰᠢᠭᠤᠨ ᠲᠡᠰ ᠎ᠤᠨ ᠲᠦᠯᠦᠭᠡᠯᠡᠭᠴᠢ ᠴᠢᠨᠠᠷᠲᠠᠢ ᠦᠪᠯᠡᠨ ᠤᠯᠠᠮᠵᠢᠯᠠᠭᠴᠢ ᠪᠤᠯᠪᠠ᠃ ᠡᠳᠡᠭᠡᠷ ᠵᠢᠯ ᠎ᠤᠨ ᠲᠤᠷᠰᠢ ᠤᠷᠲᠤᠵᠢᠷᠭᠠᠯ ᠡᠴᠡ ᠬᠤᠭᠤᠷ ᠰᠤᠷᠤᠭᠰᠠᠨ ᠲᠡᠷᠡ ᠤᠯᠠᠨ ᠬᠦᠮᠦᠰ ᠡᠴᠡ ᠲᠦᠯᠦᠬᠡᠯᠡᠭᠴᠢ ᠬᠡᠳᠦ ᠵᠢ ᠳᠤᠷᠠᠳᠪᠠᠯ ᠬᠦᠭᠵᠢᠯᠲᠦ᠂ ᠠᠴᠢᠯᠠᠯᠲᠤ᠂ ᠪᠦᠷᠢᠨᠮᠠᠨᠳᠠ᠂ ᠲᠢᠶᠧ ᠬᠤ᠌᠂ ᠰᠤᠶᠤᠯᠲᠦ᠂ ᠪᠤᠦ ᠎ᠳ᠋ᠢᠡᠭ  ᠭᠡᠬᠦ ᠮᠡᠲᠦ ᠪᠡᠷ  ᠮᠠᠯᠴᠢᠨ ᠲᠠᠷᠢᠶᠠᠴᠢᠨ ᠠᠷᠠᠳ ᠎ᠤᠨ ᠤᠷᠠᠯᠢᠭᠴᠢᠳ ᠡᠴᠡ ᠡᠬᠢᠯᠡᠬᠡᠳ ᠠᠷᠠᠳ ᠎ᠤᠨ ᠪᠠᠭᠰᠢ᠂  ᠮᠡᠷᠭᠡᠵᠢᠯ ᠎ᠤᠨ ᠬᠦᠮᠦᠰ ᠬᠦᠷᠳᠡᠯ᠎ᠡ ᠪᠦᠷ ᠪᠠᠢᠯᠴᠠᠪᠠ᠃ 2019 ᠤᠨ ᠎ᠳᠤ ᠵᠢᠷᠭᠠᠯᠠᠡᠭ ᠤᠷᠠᠯᠢᠬ ᠎ᠤᠨ ᠪᠦᠯᠬᠦᠮ ᠪᠠᠢᠭᠤᠯᠤᠭᠳᠠᠬᠤ ᠎ᠳᠤ ᠤᠷᠲᠤᠵᠢᠷᠭᠠᠯ ᠮᠦᠨ ᠳᠦᠷᠪᠡᠨ ᠤᠳᠠᠰᠤᠲᠤ ᠬᠤᠭᠤᠷ ᠎ᠤᠨ ᠡᠷᠳᠡᠮ ᠵᠢᠡᠷ ᠵᠢᠨᠨ ᠭᠤᠤᠯ ᠬᠡᠰᠢᠬᠦᠨ ᠵᠢᠡᠷ ᠡᠯᠰᠡᠭᠳᠡᠵᠡᠢ᠃ ᠬᠤᠰᠢᠭᠤᠨ ᠎ᠤ ᠰᠤᠶᠤᠯ ᠎ᠤᠨ ᠤᠷᠳᠤᠨ ᠡᠴᠡ ᠵᠢᠷᠭᠠᠯᠠᠡᠭ ᠤᠷᠠᠯᠢᠬ ᠎ᠤᠨ ᠪᠦᠯᠬᠦᠮ ᠎ᠳᠤ ᠵᠢᠯ ᠎ᠳᠤ ᠬᠡᠳᠦᠢ ᠲᠠᠯᠠᠪᠠᠢ ᠲᠤᠭᠯᠠᠯᠲᠠ ᠭᠠᠷᠭᠠᠬᠤ ᠭᠡᠬᠦ ᠮᠡᠲᠦ ᠪᠡᠷ ᠡᠬᠦᠷᠭᠡ ᠲᠤᠭᠲᠠᠭᠠᠨ ᠦᠭᠭᠦᠭᠰᠡᠨ ᠵᠢᠡᠷ ᠵᠢᠷᠭᠠᠯᠠᠡᠭ ᠤᠷᠠᠯᠢᠭ ᠎ᠤᠨ ᠪᠦᠯᠬᠦᠮ ᠎ᠤᠨ ᠤᠷᠳᠤᠵᠢᠷᠭᠠᠯ ᠎ᠢ ᠪᠠᠭᠲᠠᠭᠠᠭᠰᠠᠨ 14 ᠬᠡᠰᠢᠬᠦᠨ ᠪᠦᠲᠦᠨ 5 ᠵᠢᠯ ᠎ᠤᠨ ᠲᠤᠷᠰᠢ ᠤᠯᠠᠨ ᠲᠦᠮᠡᠨ ᠎ᠤ ᠪᠠᠨ ᠰᠤᠶᠤᠯ ᠎ᠤᠨ ᠠᠮᠢᠳᠤᠷᠠᠯ ᠎ᠢ ᠪᠠᠶᠠᠯᠢᠬᠵᠢᠭᠤᠯᠬᠤ ᠎ᠳᠤ ᠤᠮᠳᠤᠭᠠᠢᠯᠠᠵᠦ ᠪᠤᠯᠤᠮ᠎ᠠ ᠦᠬᠡᠢ ᠬᠦᠴᠦᠨ ᠵᠢᠳᠬᠦᠯ ᠵᠢᠨᠨ ᠦᠵᠡᠬᠦᠯᠵᠦ ᠶᠠᠪᠤᠵᠠᠢ᠃

— ᠪᠢ ᠬᠡᠳᠦᠢᠪᠡᠷ ᠵᠢᠷ ᠎ᠤᠨ ᠨᠢᠬᠡᠨ ᠮᠠᠯᠴᠢᠨ ᠤᠷᠠᠯᠢᠭᠴᠢᠨ ᠪᠤᠯᠪᠠᠴᠦ ᠤᠢᠷ᠎ᠠ ᠬᠠᠪᠢ ᠵᠢᠨ ᠳᠦᠷᠪᠡᠨ ᠤᠳᠠᠰᠤᠲᠤ ᠬᠤᠭᠤᠷ ᠎ᠤᠨ ᠳᠤᠷ᠎ᠠ ᠪᠠᠬᠠᠲᠠᠳ ᠪᠤᠯᠤᠨ ᠰᠤᠷᠴᠦ ᠮᠡᠳᠡᠶ᠎ᠡ ᠭᠡᠬᠦ ᠬᠦᠰᠡᠯ ᠲᠠᠢ ᠬᠡᠦᠬᠡᠳ ᠳᠡᠬᠦᠦ ᠨᠠᠷ ᠲᠠᠭᠠᠨ ᠴᠢᠳᠠᠯ ᠎ᠤᠨ ᠬᠢᠷᠢ ᠪᠡᠷ ᠵᠢᠨᠨ ᠰᠤᠷᠤᠭᠰᠠᠨ ᠮᠡᠳᠡᠭᠰᠡᠨ ᠵᠢᠨᠨ ᠵᠢᠭᠠᠵᠦ ᠤᠯᠠᠮᠵᠢᠯᠠᠵᠦ ᠢᠷᠡᠵᠡᠢ᠃ ᠤᠢᠷ᠎ᠠ ᠵᠢᠨ ᠬᠡᠳᠦᠨ ᠵᠢᠯ ᠎ᠳᠤ  ᠪᠢ ᠬᠤᠷᠳᠤᠨ ᠭᠠᠷ ᠪᠤᠯᠤᠨ ᠵᠢᠷᠬᠢᠶ᠎ᠠ ᠵᠡᠷᠭᠡ ᠲᠤᠤᠷ ᠰᠦᠯᠵᠢᠶᠡᠨ ᠎ᠤ ᠲᠠᠪᠴᠠᠡᠭ ᠳᠡᠭᠡᠷ᠎ᠡ ᠬᠤᠭᠤᠷ ᠵᠢᠨᠨ ᠲᠠᠲᠠᠵᠦ ᠨᠡᠡᠭ ᠤᠯᠠᠨ ᠰᠤᠷᠴᠦ ᠮᠡᠳᠡᠬᠦ ᠬᠦᠰᠡᠯ ᠲᠠᠢ ᠬᠦᠮᠦᠰ ᠲᠤ᠌ ᠲᠤᠰᠠ ᠳᠡᠮ ᠪᠤᠯᠬᠤ ᠵᠢ ᠵᠤᠷᠢᠵᠦ ᠪᠤᠢ᠃ ᠤᠳᠤᠬᠠᠨ᠎ᠳᠤ ᠳᠦᠷᠪᠡᠨ ᠤᠳᠠᠰᠤᠲᠤ ᠬᠤᠭᠤᠷ ᠎ᠢ ᠲᠠᠲᠠᠵᠦ ᠪᠠᠢᠬᠤ ᠬᠦᠮᠦᠨ ᠤᠯᠠᠨ ᠪᠠᠢᠨ᠎ᠠ᠂ ᠭᠡᠬᠦ ᠎ᠳᠡᠭᠡᠨ 《ᠨᠠᠢ᠍ᠮᠠᠨ ᠠᠶᠠᠯᠭᠤ》 ᠮᠡᠲᠦ ᠵᠢᠨ ᠠᠶ᠎ᠠ ᠵᠢ ᠠᠷᠪᠠᠨ ᠬᠤᠶᠠᠷ ᠦᠨᠭᠭᠡ ᠪᠡᠷ ᠤᠷᠪᠠᠭᠤᠯᠵᠦ ᠬᠦᠷᠪᠡᠬᠦᠯᠦᠨ ᠳᠠᠲᠠᠵᠦ ᠳᠡᠢᠯᠬᠦ ᠨᠢ ᠬᠡᠳᠦ ᠯᠠ ᠪᠠᠢᠬᠤ ᠪᠤᠢ? ᠪᠢ ᠡᠳᠡᠭᠡᠷ ᠰᠤᠷᠤᠭᠰᠠᠨ ᠪᠠᠭ᠎ᠠ ᠰᠠᠭ᠎ᠠ ᠡᠷᠳᠡᠮ ᠵᠢᠨᠨ ᠵᠠᠯᠠᠭᠤ ᠨᠢᠬᠡ ᠦᠶ᠎ᠡ ᠵᠢᠨ ᠬᠢᠨ᠎ᠳᠡᠭᠡᠨ ᠴᠢᠳᠠᠯ ᠎ᠤᠨ ᠬᠢᠷᠢ ᠪᠡᠷ ᠵᠢᠨᠨ ᠤᠯᠠᠮᠵᠢᠯᠠᠵᠦ ᠶᠠᠪᠤᠨ᠎ᠠ ᠭᠡᠵᠦ ᠤᠷᠲᠤᠵᠢᠷᠭᠠᠯ ᠭᠤᠸᠠᠢ ᠰᠤᠷᠪᠤᠯᠵᠢᠯᠠᠭ᠎ᠠ ᠬᠦᠯᠢᠶᠡᠬᠦ ᠎ᠳᠡᠭᠡᠨ ᠬᠡᠯᠡᠵᠦ ᠪᠠᠢᠯ᠎ᠠ᠃

ᠡᠨᠡ ᠮᠡᠲᠦ ᠪᠡᠷ ᠵᠢᠷ ᠎ᠤᠨ ᠨᠢᠬᠡᠨ ᠠᠷᠠᠳ ᠎ᠤᠨ ᠤᠷᠠᠯᠢᠭᠴᠢᠨ ᠤᠷᠲᠤᠵᠢᠷᠭᠠᠯ ᠭᠤᠸᠠᠢ ᠤᠨᠠᠭᠠᠨ ᠨᠠᠰᠤᠨ ᠡᠴᠡ ᠪᠠᠨ ᠤᠳᠠᠰᠤᠲᠤ ᠬᠤᠭᠤᠷ ᠲᠠᠢ ᠨᠦᠬᠦᠷᠯᠡᠵᠦ᠂ ᠵᠢᠷᠠᠨ ᠵᠢᠯ ᠎ᠤᠨ ᠲᠤᠷᠰᠢ ᠡᠨᠡ ᠤᠷᠠᠯᠢᠬ ᠵᠢᠨᠨ ᠦᠨᠡᠨ ᠰᠡᠳᠬᠢᠯ ᠵᠢᠡᠷ ᠵᠢᠨᠨ ᠠᠮᠢᠨᠴᠢᠷᠬᠠᠨ ᠳᠡᠭᠡᠳᠦᠯᠡᠵᠦ᠂ ᠲᠤᠷ᠎ᠠ ᠰᠤᠨᠢᠷᠬᠠᠯ ᠲᠠᠢ ᠪᠠᠭ᠎ᠠ ᠪᠤᠰᠤ ᠬᠦᠮᠦᠰ ᠲᠤ᠌ ᠤᠯᠠᠮᠵᠢᠯᠠᠨ ᠰᠤᠷᠭᠠᠵᠦ ᠶᠠᠪᠤᠭᠰᠠᠨ ᠨᠢ ᠨᠢᠬᠡ ᠶᠤᠰᠤᠨ ᠎ᠤ ᠪᠠᠬᠠᠷᠬᠠᠯ ᠪᠢᠯᠡ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号