ᠮᠣᠩᠭᠣᠯ ᠬᠡᠯᠡᠨ᠎ᠦ ᠨᠠᠢᠷᠠᠭᠤᠯᠤᠨ ᠬᠠᠷᠭᠤᠭᠤᠯᠬᠤ ᠠᠵᠢᠯ᠎ᠤᠨ ᠬᠤᠷᠠᠯ ᠶᠠᠪᠤᠭᠳᠠᠪᠠ
2025-12-27 15:16:42
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠦᠬᠡᠨᠠᠭᠤᠷ ᠮᠤᠵᠢ ᠵᠢᠨ ᠬᠠᠶ᠋ᠢᠰᠢ ᠵᠧᠦ᠎ᠶᠢᠨ ᠬᠠᠮ ᠵᠠᠭᠤᠴᠢᠯᠠᠭᠤᠷ᠎ᠤᠨ ᠲᠥᠪ ᠪᠣᠯᠣᠨ ᠬᠠᠶ᠋ᠢᠰᠢ ᠵᠧᠦ ᠵᠢᠨ ᠤᠳᠬ᠎ᠠ ᠵᠣᠬᠢᠶᠠᠯ ᠤᠷᠠᠯᠢᠭ᠋᠎ᠤᠨ ᠬᠢᠨ᠎ᠤ ᠬᠣᠯᠪᠣᠭ᠎ᠠ᠎ᠶᠢᠨ ᠬᠠᠮᠲᠤᠷᠠᠨ ᠡᠷᠭᠢᠯᠡᠭᠰᠡᠨ ᠮᠣᠩᠭᠣᠯ ᠬᠡᠯᠡᠨ᠎ᠦ ᠨᠠᠢᠷᠠᠭᠤᠯᠤᠨ ᠬᠠᠷᠭᠤᠭᠤᠯᠬᠤ ᠠᠵᠢᠯ᠎ᠤᠨ ᠬᠤᠷᠠᠯ ᠲᠦᠷᠦᠭᠦᠭᠡᠨ ᠶᠠᠪᠤᠭᠳᠠᠪᠠ᠃

ᠬᠠᠶ᠋ᠢᠰᠢ ᠵᠧᠦ᠎ᠶᠢᠨ ᠬᠠᠮ ᠵᠠᠭᠤᠴᠢᠯᠠᠭᠤᠷ᠎ᠤᠨ ᠲᠥᠪ᠎ᠦᠨ ᠮᠣᠩᠭᠣᠯ ᠬᠡᠯᠡᠨ᠎ᠦ ᠨᠠᠢᠷᠠᠭᠤᠯᠬᠤ ᠬᠡᠯᠲᠡᠰ᠎ᠦᠨ ᠡᠷᠬᠢᠯᠡᠭᠴᠢ ᠤᠶᠠᠩᠭ᠎ᠠ ᠬᠤᠷᠠᠯ᠎ᠢ ᠡᠷᠬᠢᠯᠡᠪᠡ᠃ ᠬᠤᠷᠠᠯ ᠲᠡᠭᠡᠷ᠎ᠡ᠂ 《ᠴᠡᠴᠡᠭᠲᠦ ᠴᠠᠶ᠋ᠢᠳᠠᠮ》 ᠰᠡᠳᠬᠦᠯ ᠎ᠤᠨ  ᠶᠡᠷᠦᠩᠬᠡᠢ ᠨᠠᠢᠷᠠᠭᠤᠯᠤᠭ᠍ᠴᠢ ᠨᠠᠷᠠᠨᠵᠦ᠋ᠭ ᠡᠴᠡ 《ᠴᠡᠴᠡᠭᠲᠦ ᠴᠠᠶ᠋ᠢᠳᠠᠮ》 ᠰᠡᠳᠬᠦᠯ ᠎ᠦᠨ ᠲᠣᠢᠮᠣ᠌ ᠪᠠᠢᠳᠠᠯ ᠵᠢᠴᠢ ᠰᠣᠨᠢᠨ ᠰᠡᠳᠬᠦᠯ ᠷᠠᠳᠢᠣ᠋ ᠲᠧᠯᠸᠢᠰ᠎ᠦᠨ ᠨᠠᠢᠷᠠᠭᠤᠯᠤᠨ ᠬᠠᠷᠭᠤᠭᠤᠯᠬᠤ ᠠᠵᠢᠯ᠎ᠤᠨ ᠲᠤᠬᠠᠢ ᠲᠠᠨᠢᠯᠴᠠᠭᠤᠯᠵᠤ ᠪᠢᠯᠡ᠃ ᠲᠡᠷᠡ ᠬᠡᠯᠡᠭᠦ ᠳ᠋ᠡᠭᠡᠨ᠂《ᠴᠡᠴᠡᠭᠲᠦ ᠴᠠᠶ᠋ᠢᠳᠠᠮ》 ᠰᠡᠳᠬᠦᠯ ᠰᠢ᠎ᠶᠢᠨ ᠫᠢᠩ ᠎ᠦᠨ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ ᠎ᠤᠨ ᠣᠨᠴᠠᠯᠢᠭ᠋᠎ᠪᠦᠬᠦᠢ ᠨᠡᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠤᠯᠭ᠎ᠠ ᠪᠣᠯᠭᠠᠵᠤ᠂ ᠬᠠᠶ᠋ᠢᠰᠢ᠎ᠪᠠᠷ ᠰᠠᠭᠤᠷᠢᠯᠠᠵᠤ᠂ ᠪᠥᠬᠥ ᠬᠦᠬᠡᠨᠠᠭᠤᠷ ᠮᠤᠵᠢ ᠪᠠ ᠤᠯᠤᠰ᠎ᠤᠨ ᠳᠣᠲᠣᠭᠠᠳᠤ ᠭᠠᠳᠠᠭᠠᠳᠤ᠎ᠳᠤ ᠬᠠᠨᠳᠤᠭᠤᠯᠵᠤ᠂ ᠰᠡᠳᠭᠦᠯ ᠨᠢ ᠴᠠᠭ ᠦᠶ᠎ᠡ᠂ ᠦᠨᠳᠦᠰᠦᠲᠡᠨ᠂ ᠥᠨᠳᠥᠷᠯᠢᠭ ᠭᠡᠬᠦ ᠣᠨᠴᠠᠯᠢᠭ᠋ ᠰᠢᠨᠵᠢ ᠵᠢ ᠲᠤᠪᠤᠢᠯᠭᠠᠨ᠂ ᠵᠣᠬᠢᠶᠠᠯ ᠪᠦᠲᠦᠭᠡᠯ ᠨᠢ ᠦᠵᠡᠯ ᠰᠠᠨᠠᠭᠠᠴᠢ ᠴᠢᠨᠠᠷ᠂ ᠤᠷᠠᠯᠢᠭ᠍ᠴᠢ ᠴᠢᠨᠠᠷ᠂ ᠤᠩᠰᠢᠪᠤᠷᠢᠲᠤ ᠴᠢᠨᠠᠷ᠎ᠢ ᠴᠢᠬᠤᠯᠠᠴᠢᠯᠠᠵᠤ᠂ ᠤᠷᠠᠨ ᠵᠣᠬᠢᠶᠠᠯ᠎ᠤᠨ ᠵᠠᠯᠭᠠᠮᠵᠢ ᠦᠶ᠎ᠡ᠎ᠶᠢᠨ ᠰᠢᠨ᠎ᠡ ᠬᠥᠮᠥᠰ᠎ᠢ ᠠᠩᠬᠠᠷᠴᠤ᠂ ᠢᠯᠡᠷᠡᠭᠦᠯᠵᠦ᠂ ᠬᠥᠮᠥᠵᠢᠭᠦᠯᠳᠡᠭ ᠤᠯᠠᠮᠵᠢᠯᠠᠯ᠎ᠢᠶᠠᠨ ᠪᠠᠷᠢᠮᠲᠠᠯᠠᠭᠰᠠᠭᠠᠷ ᠢᠷᠡᠵᠡᠢ ᠭᠡᠪᠡ᠃


QQ20251227-151721.png



《ᠴᠡᠴᠡᠭᠲᠦ ᠴᠠᠶ᠋ᠢᠳᠠᠮ》 ᠰᠡᠳᠬᠦᠯ  1980 ᠣᠨ᠎ᠳᠤ ᠬᠡᠪᠯᠡᠯ ᠡᠬᠢᠯᠡᠵᠦ᠂ ᠬᠡᠳᠦᠨ ᠦᠶ᠎ᠡ᠎ᠶᠢᠨ ᠰᠡᠳᠬᠦᠯᠴᠢᠳ᠎ᠦᠨ ᠣᠶ᠋ᠢᠭ᠎ᠠ ᠦᠭᠡᠢ ᠴᠢᠷᠮᠠᠢᠯᠭ᠎ᠠ᠎ᠪᠠᠷ ᠤᠯᠠᠮ᠎ᠠᠴᠠ ᠤᠯᠠᠮ ᠴᠢᠨᠠᠷᠯᠢᠭ᠋ ᠪᠣᠯᠵᠤ ᠥᠷᠨᠢᠨ ᠬᠥᠭᠵᠢᠵᠤ ᠪᠤᠢ᠂ ᠡᠨᠡ ᠵᠢᠯ ᠮᠦᠨ ᠬᠡᠪᠯᠡᠯ ᠡᠬᠢᠯᠡᠭᠰᠡᠨ 45 ᠵᠢᠯ᠎ᠦᠨ ᠣᠶ᠎ᠪᠡᠨ ᠤᠭᠲᠤᠵᠤ᠂ ᠳᠤᠮᠳᠠᠳᠤ ᠤᠯᠤᠰ᠎ᠤᠨ ᠮᠣᠩᠭᠣᠯ ᠰᠡᠳᠬᠦᠯ᠎ᠦᠨ ᠬᠣᠶᠠᠳᠠᠭ᠍ᠴᠢ 《ᠠᠷᠪᠠᠨ ᠰᠣᠳᠣᠨ ᠰᠡᠳᠬᠦᠯ》 ᠎ᠢᠶᠠᠷ ᠰᠢᠯᠭᠠᠷᠠᠭᠰᠠᠨ ᠪᠠᠢᠨ᠎ᠠ᠃

ᠳᠠᠷᠠᠭ᠎ᠠ ᠨᠢ ᠬᠠᠶ᠋ᠢᠰᠢ ᠵᠧᠦ᠎ᠶᠢᠨ ᠬᠠᠮ ᠵᠠᠭᠤᠴᠢᠯᠠᠭᠤᠷ᠎ᠤᠨ ᠲᠥᠪ᠎ᠦᠨ ᠠᠯᠲᠠᠨᠪᠠᠭᠠᠨ᠎ᠠ ᠨᠥᠬᠥᠷ᠎ᠡᠴᠡ ᠬᠠᠶ᠋ᠢᠰᠢ᠎ᠶᠢᠨ ᠮᠣᠩᠭᠣᠯ ᠷᠠᠳᠢᠣ᠋ ᠲᠸᠯᠸᠢᠰ ᠪᠠ ᠴᠠᠢᠳᠠᠮ᠎ᠤᠨ ᠰᠤᠨᠢᠨ᠎ᠤ ᠲᠤᠬᠠᠢ ᠲᠠᠨᠢᠯᠴᠠᠭᠤᠯᠵᠤ ᠪᠢᠯᠡ᠃ ᠤᠢᠯᠠᠭᠠᠬᠰᠠᠨ ᠵᠢᠡᠷ᠂ ᠬᠠᠶ᠋ᠢᠰᠢ᠎ᠶᠢᠨ ᠮᠣᠩᠭᠣᠯ ᠷᠠᠳᠢᠣ᠋ 1980 ᠣᠨ᠎ᠳᠤ ᠨᠡᠪᠲᠡᠷᠡᠭᠦᠯᠭᠡ ᠡᠬᠢᠯᠡᠵᠦ᠂ ᠣᠳᠣᠬᠠᠨ ᠪᠣᠯᠲᠠᠯ᠎ᠠ ᠰᠣᠨᠢᠨ ᠮᠡᠳᠡᠭᠡ᠂ ᠤᠳᠬ᠎ᠠ ᠤᠷᠠᠯᠢᠭ᠋᠂ ᠭᠠᠷᠠᠭ᠎ᠤᠨ ᠳᠠᠭᠤᠤ᠂ ᠰᠣᠨᠣᠷ᠎ᠤᠨ ᠴᠢᠮᠡᠭ ᠵᠡᠷᠭᠡ ᠨᠡᠪᠲᠡᠷᠡᠭᠦᠯᠭᠡ᠎ᠶᠢ AM882 ᠳᠣᠯᠭᠢᠶᠠᠨ᠎ᠢᠶᠠᠷ ᠰᠣᠨᠣᠰᠤᠭ᠍ᠴᠢᠳ᠎ᠲᠠᠭᠠᠨ ᠬᠦᠷᠭᠡᠵᠦ ᠪᠠᠢᠳᠠᠭ᠃ ᠴᠠᠢᠳᠠᠮ᠎ᠤᠨ ᠰᠣᠨᠢᠨ ᠨᠢ 1987 ᠣᠨ᠎ᠳᠤ ᠬᠡᠪᠯᠡᠯ ᠡᠬᠢᠯᠡᠨ ᠢᠯᠡ᠎ᠪᠡᠷ ᠲᠠᠷᠬᠠᠭᠠᠭᠳᠠᠵᠤ᠂ ᠣᠳᠣ᠌ ᠪᠣᠯᠲᠠᠯ᠎ᠠ ᠨᠢᠭᠡᠨᠲᠡ 2746 ᠳ᠋ᠤᠭᠠᠷ ᠬᠤᠭᠤᠴᠠᠭ᠎ᠠ ᠎ᠪᠠᠨ ᠬᠡᠪᠯᠡᠭᠦᠯᠦᠨ᠂ ᠬᠠᠢᠰᠢ ᠎ᠶᠢᠨ ᠮᠣᠩᠭᠣᠯ ᠲᠧᠯᠸᠢᠰ 2010 ᠣᠨ᠎ᠳᠤ ᠨᠡᠪᠲᠡᠷᠡᠭᠦᠯᠭᠡ ᠡᠬᠢᠯᠡᠵᠦ᠂ ᠡᠳᠦᠷ ᠪᠦᠷᠢ᠎ᠶᠢᠨ ᠰᠣᠨᠢᠨ ᠮᠡᠳᠡᠭᠡ᠂ ᠴᠠᠭ ᠠᠭᠤᠷ᠎ᠤᠨ ᠤᠷᠢᠳᠴᠢᠯᠠᠭᠰᠠᠨ ᠮᠡᠳᠡᠭᠡ ᠎ᠶᠢ ᠣᠯᠠᠨ ᠎ᠳᠠᠭᠠᠨ ᠬᠦᠷᠭᠡᠵᠦ᠂ ᠦᠵᠡᠭᠴᠢ ᠰᠣᠨᠣᠰᠤᠭ᠍ᠴᠢᠳ᠎ᠤᠨ᠎ᠢᠶᠠᠨ ᠬᠠᠯᠠᠭᠤᠨ ᠬᠦᠷᠢᠶᠡᠯᠡᠯ᠎ᠢ ᠣᠯᠵᠤ ᠪᠣᠶ᠃

ᠬᠤᠷᠠᠯ ᠳᠡᠭᠡᠷ᠎ᠡ᠂ ᠬᠠᠶ᠋ᠢᠰᠢ ᠵᠧᠦ᠎ᠶᠢᠨ ᠬᠠᠮ ᠵᠠᠭᠤᠴᠢᠯᠠᠭᠤᠷ᠎ᠤᠨ ᠲᠥᠪ ᠪᠣᠯᠣᠨ ᠬᠠᠶ᠋ᠢᠰᠢ ᠵᠧᠦ᠎ᠶᠢᠨ ᠤᠳᠬ᠎ᠠ ᠵᠣᠬᠢᠶᠠᠯ ᠤᠷᠠᠯᠢᠭ᠋᠎ᠤᠨ ᠬᠢᠨ᠎ᠦ ᠬᠣᠯᠪᠣᠭ᠎ᠠ᠎ᠶᠢᠨ ᠮᠣᠩᠭᠣᠯ ᠬᠡᠯᠡᠨ᠎ᠦ ᠪᠥᠬᠥ ᠨᠠᠢᠷᠠᠭᠤᠯᠤᠭ᠍ᠴᠢᠳ᠎ᠠᠴᠠ ᠦᠷᠭᠦᠯᠵᠢᠯᠡᠨ ᠬᠠᠮᠲᠤᠷᠠᠨ ᠠᠵᠢᠯᠯᠠᠬᠤ ᠲᠤᠬᠠᠢ᠂ ᠡᠬᠡ ᠪᠢᠴᠢᠭ ᠎ᠢᠶᠡᠨ ᠰᠣᠩᠭᠣᠵᠤ ᠰᠣᠯᠢᠯᠴᠠᠬᠤ᠂ ᠣᠷᠣᠨ ᠨᠤᠲᠤᠭ᠎ᠤᠨ ᠦᠭᠡ ᠬᠡᠯᠡᠯᠭᠡ᠎ᠶᠢ ᠨᠢᠭᠡᠳᠬᠡᠵᠦ ᠬᠡᠷᠡᠭᠯᠡᠬᠦ᠂ ᠤᠬᠠᠭᠤᠯᠭ᠎ᠠ ᠰᠤᠷᠲᠠᠯᠴᠢᠯᠠᠭ᠎ᠠ᠎ᠪᠠᠷ ᠬᠠᠮᠲᠤᠷᠠᠯᠴᠠᠬᠤ ᠲᠤᠬᠠᠢ ᠴᠢᠯᠦᠭᠡᠲᠦ ᠶᠠᠷᠢᠯᠴᠠᠭ᠎ᠠ ᠥᠷᠨᠢᠭᠦᠯᠦᠭᠰᠡᠨ ᠪᠠᠢᠨ᠎ᠠ᠃

ᠢᠷᠡᠯᠲᠡ᠄  ᠴᠠᠢᠳᠠᠮ᠎ᠤᠨ ᠰᠤᠨᠢᠨ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号