12 ᠰᠠᠷ᠎ᠠ᠎ᠶᠢᠨ 1᠎ᠤ᠋ ᠡᠳᠦᠷ᠂ ᠤᠯᠠᠭᠠᠨᠴᠠᠪ ᠬᠣᠲᠠ᠎ᠶᠢᠨ ᠴᠠᠬᠠᠷ ᠪᠠᠷᠠᠭᠤᠨ ᠭᠠᠷᠤᠨ ᠳᠤᠮᠳᠠᠳᠤ ᠬᠣᠰᠢᠭᠤᠨ ᠤ ᠦᠨᠳᠦᠰᠦᠲᠡᠨ᠎ᠦ ᠬᠡᠦᠬᠡᠳ᠎ᠦᠨ ᠴᠡᠴᠡᠷᠯᠢᠭ᠎ᠲᠦ᠂ ᠨᠢᠭᠡ ᠤᠳᠠᠭᠠᠨ᠎ᠤ ᠥᠪᠡᠷᠮᠢᠴᠡ ᠣᠨᠴᠠᠯᠢᠭ᠋ ᠪᠦᠬᠦᠢ ᠤᠯᠤᠰ᠎ᠤᠨ ᠨᠡᠢᠲᠡᠮ ᠬᠡᠷᠡᠭᠯᠡᠬᠦ ᠦᠭᠡ ᠬᠡᠯᠡ᠎ᠦᠰᠦᠭ ᠪᠢᠴᠢᠭ᠎ᠤᠨ ᠬᠢᠴᠢᠶᠡᠯ ᠶᠠᠪᠤᠭᠳᠠᠨ᠎ᠠ᠃ ᠪᠠᠭ᠍ᠰᠢ ᠨᠢ ᠰᠣᠨᠢᠷᠬᠠᠯᠲᠠᠢ ᠵᠢᠷᠤᠬ᠎ᠲᠦ ᠲᠡᠪᠲᠡᠷ᠂ ᠤᠶᠤᠯᠢᠭ ᠲᠣᠭᠯᠠᠭᠠᠮ᠎ᠢᠶᠠᠷ ᠲᠠᠮᠵᠢᠨ᠂ ᠤᠯᠤᠰ᠎ᠤᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠬᠡᠦᠬᠡᠳ᠎ᠦᠨ ᠡᠳᠦᠷ ᠲᠤᠲᠤᠮ᠎ᠤᠨ ᠠᠮᠢᠳᠤᠷᠠᠯ᠎ᠳ᠋ᠤ ᠠᠭᠤᠰᠬᠠᠨ᠎ᠠ᠃
ᠵᠢᠷᠤᠭᠲᠦ ᠲᠡᠪᠲᠡᠷ᠎ᠤᠨ ᠰᠠᠩ᠎ᠳᠤ᠂ ᠪᠠᠭ᠍ᠰᠢ ᠨᠢ ᠥᠩᠭᠡ ᠢᠯᠭᠠᠷᠠᠭᠰᠠᠨ᠂ ᠠᠭᠤᠯᠭ᠎ᠠ ᠨᠢ ᠰᠣᠨᠢᠷᠬᠠᠯᠲᠠᠢ ᠵᠢᠷᠤᠭᠲᠤ ᠳᠡᠪᠲᠡᠷ ᠢ᠋ ᠠᠰᠢᠭ᠍ᠯᠠᠨ ᠬᠡᠦᠬᠡᠳ᠎ᠦᠳ᠎ᠲᠦ ᠥᠯᠢᠭᠡᠷ ᠤᠩᠰᠢᠨ ᠦᠭᠴᠤ᠂ ᠥᠯᠢᠭᠡᠷ᠎ᠤᠨ ᠠᠷᠤ᠎ᠳᠠᠬᠢ ᠤᠳᠬ᠎ᠠ ᠠᠭᠤᠯᠭ᠎ᠠ ᠶ᠋ᠢ ᠨᠢ ᠶᠠᠷᠢᠵᠤ ᠥᠭᠴᠦ ᠪᠠᠢᠯ᠎ᠠ᠃ ᠬᠢᠴᠢᠶᠡᠯ᠎ᠦᠨ ᠵᠠᠪᠰᠠᠷᠯᠠᠭ᠎ᠠ᠎ᠳᠤ᠂ ᠪᠠᠶᠠᠯᠢᠭ᠋ ᠰᠠᠢᠬᠠᠨ ᠨᠠᠭᠠᠳᠤᠮ ᠲᠣᠭᠯᠠᠭᠠᠮ ᠨᠢ ᠬᠡᠦᠬᠡᠳ᠎ᠦᠨ ᠤᠯᠤᠰ᠎ᠤᠨ ᠨᠡᠢᠲᠡᠮ ᠬᠡᠷᠡᠭᠯᠡᠬᠦ ᠦᠭᠡ ᠭᠡᠯᠨ ᠥᠰᠥᠭ ᠪᠢᠴᠢᠭ ᠤᠨ ᠪᠣᠯᠪᠠᠰᠤᠷᠠᠯ᠎ᠤᠨ ᠴᠡᠩᠭᠡᠯ᠎ᠦᠨ ᠲᠠᠪᠴᠠᠩ ᠪᠣᠯᠤᠭᠰᠠᠨ ᠪᠠᠢᠨ᠎ᠠ᠃ ᠬᠠᠷᠢᠯᠴᠠᠨ ᠰᠣᠯᠢᠯᠴᠠᠬᠤ ᠶᠠᠪᠤᠴᠠ᠎ᠳᠤ᠂ ᠦᠭᠡ ᠬᠡᠯᠡᠨ᠎ᠦ ᠢᠯᠡᠳᠬᠡᠯ ᠤᠯᠠᠮ ᠤᠷᠤᠰᠤᠮ᠎ᠠ ᠪᠣᠯᠵᠤ᠂ ᠬᠡᠦᠬᠡᠳ᠎ᠦᠳ ᠴᠦ᠍ ᠪᠠᠶᠠᠷ ᠪᠠᠶᠠᠰᠬᠤᠯᠠᠩ᠎ᠲᠠᠢ ᠠᠭᠤᠷ ᠠᠮᠢᠰᠬᠤᠯ ᠤᠨ ᠳᠤᠮᠳᠠ ᠤᠯᠤᠰ᠎ᠤᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠤᠨ ᠬᠡᠷᠡᠭᠯᠡᠭᠡᠨ᠎ᠦ ᠴᠢᠳᠠᠪᠤᠷᠢ᠎ᠪᠠᠨ ᠳᠡᠭᠡᠭᠰᠢᠯᠡᠭᠦᠯᠵᠦ ᠪᠠᠢᠳᠠᠭ᠃
ᠴᠠᠬᠠᠷ ᠪᠠᠷᠠᠭᠤᠨ ᠭᠠᠷᠤᠨ ᠳᠤᠮᠳᠠᠳᠤ ᠬᠣᠰᠢᠭᠤᠨ ᠤ ᠦᠨᠳᠦᠰᠦᠲᠡᠨ᠎ᠦ ᠬᠡᠦᠬᠡᠳ᠎ᠦᠨ ᠴᠡᠴᠡᠷᠯᠢᠭ ᠦᠨ ᠰᠣᠷᠣᠭ᠍ᠴᠢ ᠹᠦᠶᠢᠨ ᠰᠢᠦᠸᠠᠨ᠄ 《ᠪᠠᠭ᠍ᠰᠢ ᠡᠳᠦᠷ ᠪᠣᠯᠭᠠᠨ ᠪᠢᠳᠡᠨ᠎ᠢ ᠳᠠᠭᠠᠭᠤᠯᠤᠨ ᠲᠣᠭᠯᠠᠭᠠᠮ ᠬᠢᠵᠦ᠂ ᠵᠢᠷᠤᠭᠲᠤ ᠳᠡᠪᠲᠡᠷ ᠦᠵᠡᠳᠡᠭ᠂ ᠮᠢᠨᠤ ᠤᠯᠤᠰ᠎ᠤᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠯᠠᠮ ᠡᠴᠡ ᠤᠯᠠᠮ ᠪᠠᠷᠢᠮᠵᠢᠶᠠᠵᠢᠵᠦ ᠪᠠᠢᠨ᠎ᠠ》 ᠭᠡᠵᠡᠢ ᠃
ᠮᠡᠳᠡᠯᠭᠡ ᠶᠢ ᠰᠣᠨᠢᠷᠬᠠᠯᠲᠤ ᠲᠣᠭᠯᠠᠭᠠᠮ ᠳᠤ ᠠᠭᠤᠰᠬᠠᠬᠤ ᠡᠨᠡᠬᠦ ᠵᠢᠭᠠᠨ ᠰᠤᠷᠭᠠᠯᠲᠠ᠎ᠶᠢᠨ ᠬᠡᠪ ᠵᠠᠭᠪᠤᠷ ᠨᠢ ᠬᠠᠪᠤᠷ᠎ᠤᠨ ᠬᠤᠷ᠎ᠠ ᠲᠦᠮᠡᠨ ᠪᠣᠳᠠᠰ᠎ᠢ ᠤᠮᠳᠠᠯᠠᠬᠤ ᠮᠡᠲᠦ ᠪᠡᠷ ᠬᠡᠦᠬᠡᠳ᠎ᠦᠨ ᠤᠯᠤᠰ᠎ᠤᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠢ ᠰᠤᠷᠬᠤ ᠤᠷᠮ᠎ᠠ ᠵᠣᠷᠢᠭ᠋᠎ᠢ ᠨᠢ ᠬᠦᠭᠵᠢᠭᠡᠵᠦ ᠪᠠᠢᠲᠠᠭ᠃ ᠵᠢᠷᠤᠬ᠎ᠲᠦ ᠲᠡᠪᠲᠡᠷ᠎ᠤᠨ ᠵᠢᠭᠠᠨ ᠰᠤᠷᠭᠠᠯᠳᠠ ᠪᠠ ᠬᠠᠷᠢᠯᠴᠠᠨ ᠦᠢᠯᠡᠳᠦᠯᠴᠡᠬᠦ ᠲᠣᠭᠯᠠᠭᠠᠮ᠎ᠤᠨ ᠬᠤᠤᠰ ᠬᠦᠮᠦᠵᠢᠯ ᠳᠣᠣᠷ᠎ᠠ᠂ ᠬᠡᠦᠬᠡᠳ᠎ᠦᠳ ᠦᠭᠡ ᠬᠡᠯᠡᠨ᠎ᠦ ᠰᠡᠬᠡᠭᠡᠷᠡᠭᠦᠯᠦᠯ᠎ᠦᠨ 《ᠠᠯᠲᠠᠨ ᠲᠦᠯᠬᠢᠭᠦᠷ》 ᠢ᠋ ᠣᠯᠣᠭᠰᠠᠨ᠎ᠢᠶᠠᠷ ᠪᠠᠷᠠᠬᠤ ᠦᠭᠡᠢ᠂ ᠢᠷᠡᠭᠡᠳᠦᠢ ᠶ᠋ᠢᠨ ᠦᠭᠡ ᠬᠡᠯᠡᠨ᠎ᠦ ᠢᠯᠡᠳᠬᠡᠯ᠂ ᠰᠡᠳᠬᠢᠬᠦᠢ ᠶ᠋ᠢᠨ ᠬᠥᠭᠵᠢᠯᠲᠡ ᠪᠠ ᠰᠣᠶᠣᠯ᠎ᠤᠨ ᠲᠠᠨᠢᠨ ᠮᠡᠳᠡᠬᠦᠢ ᠶ᠋ᠢᠨ ᠪᠠᠲᠤ ᠪᠡᠬᠢ ᠰᠠᠭᠤᠷᠢ ᠶ᠋ᠢ ᠲᠠᠯᠪᠢᠭ᠍ᠰᠠᠨ ᠪᠠᠢᠨ᠎ᠠ᠃
ᠴᠠᠬᠠᠷ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠦᠨᠳᠦᠰᠦᠲᠡᠨ᠎ᠦ ᠬᠡᠦᠬᠡᠳ᠎ᠦᠨ ᠴᠡᠴᠡᠷᠯᠢᠭ᠎ᠦᠨ ᠪᠠᠭ᠍ᠰᠢ ᠨᠢᠩ ᠶᠠ ᠴᠢᠩ ᠄ 《ᠤᠯᠤᠰ᠎ᠤᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ ᠪᠤᠯ ᠪᠢᠲᠡᠨ᠎ᠤ ᠨᠡᠪᠲᠡᠷᠡᠯᠴᠡᠨ ᠰᠣᠯᠢᠯᠴᠠᠬᠤ ᠴᠢᠬᠤᠯᠠ ᠪᠠᠭᠠᠵᠢ ᠮᠥᠨ᠂ ᠪᠠᠯᠴᠢᠷ ᠬᠡᠦᠬᠡᠳ᠎ᠦᠨ ᠦᠭᠡ ᠬᠡᠯᠡᠨ᠎ᠦ ᠬᠥᠭᠵᠢᠯᠲᠡ᠎ᠶᠢᠨ ᠵᠠᠩᠭᠢᠯᠠᠭ᠎ᠠ᠎ᠶᠢᠨ ᠬᠤᠭᠤᠴᠠᠭᠠᠨ᠎ᠳᠤ᠂ ᠮᠠᠨ᠎ᠤ ᠴᠡᠴᠡᠷᠯᠢᠭ ᠲᠡᠭᠦᠨ᠎ᠢ ᠨᠢᠭᠡ ᠡᠳᠦᠷ᠎ᠦᠨ ᠠᠮᠢᠳᠤᠷᠠᠯ ᠪᠠ ᠬᠢᠴᠢᠶᠡᠯ᠎ᠦᠨ ᠠᠵᠢᠯᠯᠠᠭ᠎ᠠ᠎ᠳᠤ ᠠᠭᠤᠰᠬᠠᠨ ᠣᠷᠣᠭᠤᠯᠵᠤ᠂ ᠰᠣᠨᠢᠷᠬᠠᠯᠲᠤ ᠬᠡᠦᠬᠡᠳ᠎ᠦᠨ ᠳᠡᠭᠤᠤ᠂ ᠥᠯᠢᠭᠡᠷ᠂ ᠲᠣᠭᠯᠠᠭᠠᠮ ᠵᠡᠷᠭᠡ ᠬᠡᠯᠪᠡᠷᠢ ᠪᠡᠷ ᠬᠡᠦᠬᠡᠳ᠎ᠲᠦ ᠠᠶᠠᠨ᠎ᠳᠠᠭᠠᠨ ᠡᠵᠡᠮᠰᠢᠭᠦᠯᠵᠦ᠂ ᠲᠡᠳᠡᠨ᠎ᠦ ᠶᠢᠷᠲᠢᠨᠴᠦ᠎ᠶᠢ ᠲᠠᠨᠢᠨ ᠮᠡᠳᠡᠬᠦ᠂ ᠨᠡᠢᠭᠡᠮ᠎ᠳᠦ ᠠᠭᠤᠰᠤᠨ ᠣᠷᠣᠬᠤ ᠡᠭᠦᠳᠡ ᠶᠢ ᠨᠡᠭᠡᠭᠡᠨ ᠥᠭᠴᠦ᠂ ᠳᠤᠮᠳᠠᠳᠤ᠎ᠶᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠵᠠᠯᠭᠠᠮᠵᠢᠯᠠᠵᠤ᠂ ᠦᠨᠳᠦᠰᠦᠲᠡᠨ᠎ᠦ ᠪᠦᠯᠬᠦᠮᠳᠡᠯ᠎ᠢ ᠠᠬᠢᠭᠤᠯᠬᠤ᠎ᠳᠤ ᠰᠠᠭᠤᠷᠢ ᠲᠠᠯᠪᠢᠵᠤ ᠥᠭᠭᠦᠨ᠎ᠡ》 ᠭᠡᠵᠡᠢ ᠢᠯᠡᠷᠬᠡᠢᠯᠡᠪᠡ᠃
ᠴᠠᠬᠠᠷ ᠪᠠᠷᠠᠭᠤᠨ ᠭᠠᠷᠤᠨ ᠳᠤᠮᠳᠠᠳᠤ ᠬᠣᠰᠢᠭᠤᠨ᠎ᠤ ᠦᠨᠳᠦᠰᠦᠲᠡᠨ᠎ᠦ ᠬᠡᠦᠬᠡᠳ᠎ᠦᠨ ᠴᠡᠴᠡᠷᠯᠢᠭ ᠨᠢ ᠤᠯᠤᠰ᠎ᠤᠨ ᠨᠡᠢᠲᠡᠮ ᠬᠡᠷᠡᠭᠯᠡᠬᠦ ᠦᠭᠡ ᠬᠡᠯᠡ ᠦᠰᠦᠭ ᠪᠢᠴᠢᠭ᠎ᠢ ᠬᠡᠦᠬᠡᠳ᠎ᠦᠨ ᠡᠳᠦᠷ ᠲᠤᠲᠤᠮ᠎ᠤᠨ ᠰᠤᠷᠭᠠᠨ ᠬᠥᠮᠦᠵᠢᠯ᠎ᠳᠦ ᠭᠦᠨᠵᠡᠭᠡᠢ ᠠᠭᠤᠰᠬᠠᠨ ᠣᠷᠣᠭᠤᠯᠬᠤ ᠨᠢ ᠬᠡᠦᠬᠡᠳ᠎ᠦᠨ ᠦᠭᠡ ᠬᠡᠯᠡᠨ᠎ᠦ ᠬᠥᠭᠵᠢᠯᠲᠡ᠎ᠶᠢᠨ ᠰᠢᠨᠵᠢᠯᠡᠬᠦ ᠤᠬᠠᠭᠠᠨᠴᠢ ᠵᠢᠮ᠎ᠡ ᠶᠣᠰᠣᠨ᠎ᠤ ᠲᠤᠬᠠᠢ ᠣᠨᠣᠪᠴᠢᠲᠠᠶ ᠡᠵᠡᠮᠰᠢᠯ ᠪᠣᠯᠬᠤ ᠪᠠᠷ ᠪᠠᠷᠠᠬᠤ ᠦᠭᠡᠢ᠂ ᠪᠠᠰᠠ ᠤᠯᠠᠮᠵᠢᠯᠠᠯᠲᠤ ᠰᠣᠶᠣᠯ ᠪᠣᠯᠣᠨ ᠦᠨᠳᠦᠰᠦᠲᠡᠨ᠎ᠦ ᠪᠦᠯᠬᠦᠮᠳᠡᠯ᠎ᠦᠨ ᠦᠷ᠎ᠡ᠎ᠶᠢ ᠬᠡᠦᠬᠡᠳ᠎ᠦᠨ ᠰᠡᠳᠬᠢᠯ᠎ᠳᠦ ᠦᠨᠳᠦᠰᠦᠯᠡᠭᠦᠯᠦᠨ ᠰᠣᠶᠣᠭᠠᠯᠠᠭᠤᠯᠵᠤ᠂ ᠰᠢᠨᠵᠢᠯᠡᠬᠦ ᠤᠬᠠᠭᠠᠨᠴᠢ ᠰᠤᠷᠭᠠᠨ ᠬᠥᠮᠦᠵᠢᠯ᠎ᠦᠨ ᠣᠢᠯᠠᠭᠠᠭᠳᠠᠬᠤᠨ ᠪᠣᠯᠣᠨ ᠰᠢᠨ᠎ᠡ᠎ᠶᠢ ᠡᠭᠦᠳᠬᠦ ᠦᠢᠯᠡᠳᠦᠯᠭᠡ᠎ᠶᠢᠨ ᠬᠠᠮᠵᠢᠯᠴᠠᠭ᠎ᠠ᠎ᠶᠢᠨ ᠦᠢᠯᠡᠳᠦᠯ ᠳᠣᠣᠷ᠎ᠠ᠂ ᠪᠠᠯᠴᠢᠷ ᠬᠡᠦᠬᠡᠳ ᠤᠨ ᠤᠯᠤᠰ ᠤᠨ ᠨᠡᠢᠲᠡᠮ ᠬᠡᠷᠡᠭᠯᠡᠬᠦ ᠦᠭᠡ ᠬᠡᠯᠡᠨᠦᠰᠦᠭ ᠪᠢᠴᠢᠭ᠎ᠤᠨ ᠰᠠᠭᠤᠷᠢ᠎ᠶᠢ ᠪᠠᠲᠤᠳᠬᠠᠬᠤ᠎ᠪᠠᠷ ᠪᠠᠷᠠᠬᠤ ᠦᠭᠡᠢ᠂ ᠨᠡᠩ ᠴᠤ᠌ ᠤᠯᠠᠨ ᠡᠰᠢᠲᠦ ᠰᠣᠶᠣᠯ᠎ᠤᠨ ᠰᠢᠮ᠎ᠡ ᠲᠡᠵᠢᠭᠡᠯ᠎ᠦᠨ ᠳᠤᠮᠳᠠ ᠲᠠᠨᠢᠨ ᠮᠡᠳᠡᠬᠦᠢ᠎ᠶᠢᠨ ᠴᠢᠳᠠᠪᠤᠷᠢ᠂ ᠬᠠᠢᠷ᠎ᠠ ᠰᠡᠳᠬᠢᠯᠭᠡ᠎ᠶᠢᠨ ᠢᠯᠡᠳᠬᠡᠯᠲᠡ᠎ᠶᠢᠨ ᠪᠦᠬᠦ ᠲᠠᠯ᠎ᠠ ᠶᠢᠨ ᠳᠡᠭᠡᠭᠰᠢᠯᠡᠯᠲᠡ ᠶᠢ ᠪᠡᠶᠡᠯᠡᠭᠦᠯᠬᠦ ᠪᠣᠯᠣᠨ᠎ᠠ᠃