ᠰᠢᠪᠠᠭᠤ ᠰᠡᠭᠦᠳᠡᠷᠯᠡᠬᠦ᠎ᠳᠡᠭᠡᠨ ᠪᠤᠯᠪᠠᠰᠤᠨ ᠪᠠᠢᠶ᠎ᠠ
2025-12-29 11:38:07
ᠵᠣᠬᠢᠶᠠᠭ᠍ᠴᠢ᠄
ᠯᠸ ᠴᠢᠣᠸᠠᠨ
ᠣᠩᠱᠢᠭ᠍ᠰᠠᠨ ᠣᠳᠠᠭ᠎ᠠ᠄
★★★☆☆


QQ截图20251001104448.png


ᠵᠣᠣ ᠴᠦᠨ ᠴᠢᠩ   ᠵᠢᠷᠣᠪᠠ


《ᠪᠡᠭᠡᠵᠢᠩ᠎ᠦᠨ ᠣᠷᠣᠢ᠎ᠶᠢᠨ ᠰᠣᠨᠢᠨ》᠎ᠤ ᠮᠡᠳᠡᠭᠡᠯᠡᠭᠰᠡᠨ᠎ᠢᠶᠡᠷ᠂ ᠣᠢᠷ᠎ᠠ᠎ᠳᠤ ᠪᠦᠬᠦ ᠤᠯᠤᠰ᠎ᠤᠨ ᠬᠥᠳᠡᠭᠡ ᠠᠵᠤ ᠠᠬᠤᠢ᠎ᠶᠢᠨ ᠦᠵᠡᠰᠬᠦᠯᠡᠩ᠎ᠦᠨ ᠣᠷᠳᠣᠨ᠎ᠤ ᠣᠢᠷᠠᠯᠴᠠᠭᠠᠬᠢ ᠨᠢᠭᠡ ᠰᠠᠭᠤᠷᠢ ᠮᠣᠳᠣᠨ ᠲᠡᠭᠡᠷ᠎ᠡ ᠤᠯᠠᠭᠠᠨ ᠵᠢᠮᠢᠰ ᠪᠠᠬᠰᠢᠷᠠᠳᠠᠯ᠎ᠠ ᠰᠠᠭᠣᠵᠦ ᠨᠢᠬᠡ ᠰᠦᠷᠦᠭ ᠡᠩᠬᠡᠳᠦ ᠪᠢᠯᠵᠣᠣᠬᠠᠢ ᠨᠢᠰᠦᠨ ᠢᠷᠡᠵᠦ ᠢᠳᠡᠰᠢ ᠡᠷᠢᠵᠦ ᠪᠠᠢᠯ᠎ᠠ᠃ ᠣᠯᠠᠨ ᠰᠢᠪᠠᠭᠤ ᠰᠡᠭᠦᠳᠡᠷᠯᠡᠭᠴᠢ ᠲᠤᠰᠬᠠᠢ ᠮᠡᠷᠭᠡᠵᠢᠯ᠎ᠦᠨ ᠪᠠᠭᠠᠵᠢ ᠬᠡᠷᠡᠭᠰᠡᠯ᠎ᠢᠶᠡᠨ ᠠᠪᠴᠤ ᠪᠥᠭᠡᠮᠨᠡᠷᠡᠨ ᠢᠷᠡᠵᠦ ᠰᠡᠬᠦᠳᠡᠷᠯᠡᠵᠡᠭᠡᠭᠰᠡᠨ ᠡᠴᠡ ᠰᠢᠪᠠᠭᠣᠳ ᠠᠶᠣᠨ ᠰᠣᠴᠢᠵᠦ ᠨᠢᠰᠦᠨ ᠲᠣᠳᠠᠭᠠᠵᠦ ᠪᠠᠢᠭᠠᠳ ᠬᠣᠶᠡᠷ ᠡᠩᠬᠡᠳᠦ ᠪᠢᠯᠵᠣᠣᠬᠠᠢ ᠬᠡᠷᠡᠯ ᠣᠢᠳᠠᠭ ᠰᠢᠯ ᠲᠡᠭᠡᠷ᠎ᠡ ᠮᠦᠷᠬᠦᠵᠦ ᠦᠬᠦᠵᠡᠢ᠃

ᠬᠡᠭᠡᠷ᠎ᠡ᠎ᠶᠢᠨ ᠬᠣᠪᠣᠷ ᠴᠤᠬᠠᠭ ᠰᠢᠪᠠᠭᠤᠨ᠎ᠤ ᠲᠥᠷᠥᠯ ᠮᠠᠨ᠎ᠦ ᠣᠢᠷ᠎ᠠ ᠬᠠᠪᠢ᠎ᠳᠦ ᠣᠯᠠᠨᠳᠠ ᠢᠷᠡᠵᠦ ᠪᠠᠢᠬᠣ ᠨᠢ ᠠᠮᠢ ᠠᠬᠣᠢ ᠵᠢᠨ ᠣᠷᠴᠢᠨ ᠲᠣᠭᠣᠷᠢᠨ ᠦᠷᠬᠦᠯᠵᠢᠯᠡᠨ ᠰᠠᠢᠵᠢᠷᠠᠬᠰᠠᠨ᠎ᠦ ᠬᠡᠷᠡᠴᠢ ᠪᠣᠯᠣᠨ᠎ᠠ᠃ ᠰᠢᠪᠠᠭᠤ ᠰᠣᠨᠢᠷᠬᠠᠬᠤ ᠨᠢ ᠪᠠᠢᠭᠠᠯᠢ᠎ᠶᠢᠨ ᠭᠤᠸ᠎ᠠ ᠰᠠᠢᠬᠠᠨ᠎ᠢ ᠰᠣᠨᠢᠷᠬᠠᠬᠣ᠂ ᠠᠮᠢ ᠨᠠᠰᠣᠨ᠎ᠦ ᠭᠣᠸ᠎ᠠ ᠰᠠᠢᠬᠠᠨ᠎ᠢ ᠰᠣᠨᠢᠷᠬᠠᠵᠦ ᠪᠠᠢᠭ᠎ᠠ ᠶᠠᠪᠣᠳᠠᠯ ᠪᠣᠯᠣᠨ᠎ᠠ᠃ ᠬᠡᠪᠡᠴᠤ ᠵᠠᠷᠢᠮ ᠰᠢᠪᠠᠭᠤ ᠰᠣᠨᠢᠷᠬᠠᠬᠤ ᠪᠠᠬᠠᠲᠠᠢ ᠬᠥᠮᠥᠰ ᠵᠥᠪᠬᠡᠨ ᠨᠢᠳᠦ᠎ᠪᠡᠷ ᠦᠵᠡᠵᠦ ᠴᠢᠬᠢ᠎ᠪᠡᠷ᠎ᠢᠶᠡᠨ ᠰᠣᠨᠣᠰᠬᠤ ᠲᠡᠳᠦᠢ ᠪᠢᠰᠢ᠂ ᠭᠠᠷ ᠤᠲᠠᠰᠤᠨ᠎ᠤ ᠬᠡᠷᠡᠯ ᠵᠢᠷᠤᠭ᠎ᠲᠠᠳᠠᠬᠤ ᠴᠢᠳᠠᠮᠵᠢ᠂ ᠵᠢᠯᠣᠭᠣᠴᠢ ᠦᠬᠡᠢ ᠨᠢᠰᠬᠡᠯ᠎ᠢ ᠵᠡᠷᠭᠡ ᠪᠡᠷ ᠬᠡᠷᠡᠭᠯᠡᠳᠡᠭ᠃ ᠪᠠᠰᠠ ᠬᠡᠲᠦᠷᠬᠡᠢ ᠲᠡᠵᠢᠭᠡᠬᠦ ᠪᠤᠶᠤ ᠪᠦᠰᠡᠯᠡᠨ ᠬᠥᠭᠡᠭᠡᠵᠦ ᠲᠠᠭᠤᠬᠤ ᠵᠡᠷᠭᠡ ᠪᠣᠯᠪᠠᠰᠤᠨ ᠪᠤᠰᠤ ᠦᠶ᠋ᠯᠡ ᠠᠵᠢᠯᠯᠠᠭ᠎ᠠ ᠪᠠᠢᠨ ᠪᠠᠢᠨ ᠭᠠᠷᠴᠤ᠂ ᠰᠢᠪᠠᠭᠤᠳ ᠰᠣᠴᠢᠨ ᠳᠡᠪᠵᠢᠶᠡᠷᠡᠵᠦ ᠣᠢᠷ᠎ᠠ ᠬᠠᠪᠢ᠎ᠶᠢᠨ᠎ᠢᠶᠠᠨ ᠪᠠᠷᠢᠯᠭ᠎ᠠ᠎ᠶᠢ ᠡᠨᠳᠡᠭᠦᠷᠡᠨ ᠮᠥᠷᠭᠥᠬᠦ᠂ ᠵᠢᠯᠣᠭᠣᠴᠢ ᠦᠭᠡᠢ ᠨᠢᠰᠬᠡᠯ᠎ᠢ᠎ᠮᠦᠷᠬᠦᠵᠦ ᠦᠬᠦᠭᠰᠡᠨ ᠵᠡᠷᠭᠡ ᠪᠠᠢᠳᠠᠯ ᠭᠠᠷᠴᠤ ᠪᠠᠢᠨ᠎ᠠ᠃ ᠪᠠᠢᠭᠠᠯᠢ᠎ᠶᠢ ᠲᠡᠮᠳᠡᠭᠯᠡᠬᠦ ᠨᠡᠷ᠎ᠡ᠎ᠪᠡᠷ ᠠᠮᠢ ᠠᠬᠤᠢ᠎ᠶᠢᠨ ᠡᠮᠬᠢ ᠳᠢᠭ᠌ᠯᠢᠮ ᠪᠠ ᠪᠠᠢᠭᠠᠯᠢ᠎ᠶᠢᠨ ᠣᠷᠴᠢᠨ ᠲᠣᠭᠣᠷᠢᠨ᠎ᠢ ᠡᠪᠳᠡᠵᠦ ᠪᠣᠯᠬᠤ ᠦᠭᠡᠢ᠃ ᠡᠨᠡ ᠲᠠᠯ᠎ᠠ᠎ᠪᠠᠷ ᠬᠠᠮᠢᠶ᠎ᠠ ᠪᠦᠬᠦᠢ ᠦᠵᠡᠮᠵᠢ᠎ᠶᠢᠨ ᠣᠷᠣᠨ ᠪᠠ ᠲᠠᠯᠠᠪᠠᠶ ᠣᠷᠳᠣᠨ᠎ᠤ ᠬᠢᠨ ᠬᠠᠮᠢᠶᠠᠷᠤᠯᠲᠠ ᠪᠠ ᠰᠠᠨᠠᠭᠤᠯᠤᠮᠵᠢ᠎ᠪᠠᠨ ᠴᠢᠩᠭᠠᠳᠬᠠᠵᠤ᠂ ᠰᠢᠪᠠᠭᠤ ᠰᠣᠨᠢᠷᠬᠠᠭ᠍ᠴᠢᠳ ᠴᠤ᠌ ᠰᠢᠪᠠᠭᠣᠨ᠎ᠦ ᠠᠷᠠᠨᠰᠢᠨ᠎ᠢ ᠣᠷᠢᠳᠴᠢᠯᠠᠨ ᠣᠢᠯᠠᠭᠠᠵᠦ᠂ ᠶᠣᠰᠣ᠌ ᠳᠦᠷᠢᠮ᠎ᠢ ᠰᠠᠬᠢᠵᠦ᠂ ᠠᠮᠢᠳᠠᠨ᠎ᠢ ᠦᠢᠮᠡᠬᠦᠯᠬᠦ ᠦᠬᠡᠢ᠂ ᠪᠣᠯᠪᠠᠰᠣᠨ ᠵᠠᠩ ᠰᠣᠷᠳᠠᠯ ᠲᠠᠢ ᠪᠠᠢᠪᠠᠯ ᠵᠣᠬᠢᠨ᠎ᠠ᠃    

                                                

                                                         — 《ᠠᠵᠢᠯᠴᠢᠨ᠎ᠦ ᠡᠳᠦᠷ᠎ᠦᠨ ᠰᠣᠨᠢᠨ》 ᠡᠴᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号