— ᠬᠤᠷᠴᠢᠨ ᠵᠡᠬᠦᠨ ᠭᠠᠷᠤᠨ ᠳᠤᠮᠳᠠᠳᠤ
ᠬᠤᠰᠢᠭᠤᠨ ᠤ ᠪᠤᠤᠺᠠᠡᠭ ᠪᠠᠯᠭᠠᠰᠤ ᠵᠢᠨ ᠳᠠᠷᠬᠠᠨ ᠨᠡᠢᠬᠡᠮ ᠲᠤᠭᠤᠷᠢᠭᠤᠨ ᠪᠠᠢ ᠭᠤᠸᠠᠡᠭ ᠶᠤᠸᠠᠨ ᠤ ᠬᠢᠨᠢ
ᠲᠡᠮᠲᠡᠭᠯᠡᠪᠡ
— ᠮᠠᠨᠤ ᠨᠡᠢᠬᠡᠮ ᠲᠤᠭᠤᠷᠢᠭᠤᠨ ᠪᠠᠢ ᠭᠤᠸᠠᠡᠭ ᠶᠤᠸᠠᠨ ᠤ ᠬᠢᠨ ᠪᠤᠯ ᠭᠤᠷᠪᠠᠨ ᠦᠨᠳᠦᠰᠦᠲᠡᠨ ᠵᠢᠡᠷ
ᠪᠦᠷᠢᠯᠳᠦᠭᠰᠡᠨ ᠳᠦᠷᠪᠡᠨ ᠦᠶ᠎ᠡ ᠪᠡᠷ ᠵᠢᠨᠨ ᠬᠠᠮᠲᠤ ᠠᠮᠢᠳᠤᠷᠠᠵᠦ ᠪᠠᠢᠭ᠎ᠠ ᠲᠤᠮᠤ ᠭᠡᠷ ᠪᠦᠯᠢ ᠶᠤᠮ᠃ ᠪᠠᠢ
ᠭᠤᠸᠠᠡᠭ ᠶᠤᠸᠠᠨᠤ ᠠᠪᠤ ᠡᠵᠢ ᠨᠢ ᠪᠦᠷ ᠶᠡᠷᠡ ᠭᠠᠷᠴᠦ ᠪᠠᠢᠭ᠎ᠠ ᠪᠦᠬᠡᠳ ᠠᠪᠤ ᠨᠢ ᠨᠢᠬᠡᠨᠲᠡ ᠬᠡᠪᠲᠡᠷᠢ
ᠳᠤ ᠤᠷᠤᠭᠠᠳ ᠬᠦᠳᠡᠯᠵᠦ ᠳᠡᠢᠯᠬᠦ ᠦᠬᠡᠢ ᠪᠤᠯᠴᠢᠬᠠᠵᠠᠢ᠃ ᠡᠨᠡ ᠪᠠᠢᠳᠠᠯᠳᠤ ᠪᠠᠢ ᠭᠤᠸᠠᠡᠭ ᠶᠤᠸᠠᠨ ᠤ
ᠠᠬ᠎ᠠ ᠡᠬᠡᠴᠢ ᠳᠡᠬᠦᠦ ᠬᠡᠳᠦᠬᠦᠯᠡ ᠪᠠᠨ ᠬᠠᠷᠢᠯᠴᠠᠨ ᠡᠬᠡᠯᠵᠢ ᠬᠠᠯᠠᠭ᠎ᠠ ᠪᠡᠷ ᠵᠢᠵᠢᠬᠦᠷᠯᠡᠨ ᠨᠠᠰᠤᠲᠠᠢ
ᠠᠪᠤ ᠪᠠᠨ ᠲᠤᠡᠭ ᠰᠠᠢᠬᠠᠨ ᠠᠰᠠᠷᠠᠨ ᠰᠤᠪᠢᠯᠠᠵᠦ ᠪᠠᠢᠨ᠎ᠠ ᠰᠢᠦ ᠭᠡᠬᠦ ᠪᠤᠤᠺᠠᠡᠭ ᠪᠠᠯᠭᠠᠰᠤ ᠵᠢᠨ ᠳᠠᠷᠬᠠᠨ
ᠨᠡᠢᠬᠡᠮ ᠲᠤᠭᠤᠷᠢᠭ ᠤᠨ ᠠᠵᠢᠯᠲᠠᠨ ᠤ ᠲᠠᠨᠢᠯᠴᠠᠭᠤᠯᠭ᠎ᠠ ᠪᠡᠷ ᠪᠢᠳᠡ ᠪᠠᠢ ᠭᠤᠸᠠᠡᠭ ᠶᠤᠸᠠᠨ ᠤ ᠭᠡᠷ
ᠲᠤ᠌ ᠨᠢ ᠬᠦᠷᠦᠭᠰᠡᠨ ᠶᠤᠮ᠃

ᠤᠷᠢᠳᠠᠪᠠᠷ
ᠮᠡᠳᠡᠭᠳᠡᠭᠰᠡᠨ ᠴᠤ᠌ ᠦᠬᠡᠢ ᠪᠡᠷ ᠭᠡᠨᠡᠳᠳᠡ ᠪᠡᠷ ᠡᠬᠦᠳᠡ ᠵᠢ ᠨᠢ ᠲᠤᠭᠰᠢᠭᠠᠳ ᠠᠯᠬᠤᠭᠠᠳ ᠤᠷᠤᠬᠤᠳᠤ ᠯᠠ
ᠬᠢᠯ᠎ᠠ ᠴᠢᠯᠠ᠂ ᠴᠡᠪᠡᠷ ᠲᠡᠭᠰᠢᠭᠡᠨ ᠰᠠᠭᠤᠵᠦ ᠪᠠᠢᠭᠰᠠᠨ ᠡᠴᠡ ᠨᠢ ᠡᠨᠡ ᠭᠡᠷᠤᠨ ᠬᠦᠮᠦᠰ ᠤᠨ ᠠᠵᠢᠯᠴᠢ
ᠬᠦᠳᠡᠯᠮᠦᠷᠢᠴᠢ᠂ ᠠᠷᠢᠭᠤᠨ ᠴᠡᠪᠡᠷᠴᠢ ᠭᠡᠳᠡᠭ ᠨᠢ ᠮᠡᠳᠡᠭᠳᠡᠨ᠎ᠡ᠃ ᠦᠲᠡᠯᠦᠬᠡ ᠨᠠᠰᠤᠲᠠᠨ ᠨᠢ ᠤᠳᠠᠭᠠᠨ ᠡᠳᠦᠷ
ᠵᠢᠡᠷ ᠬᠡᠪᠲᠡᠵᠦ ᠦᠳᠭᠡᠨ ᠰᠢᠨᠭᠭᠡᠨᠳᠤ ᠪᠠᠨ ᠵᠦᠪ ᠦᠬᠡᠢ ᠪᠤᠯᠴᠢᠬᠠᠭᠰᠠᠨ ᠠᠳᠠᠯ᠎ᠠ ᠦᠴᠦᠬᠡᠨ ᠴᠤ᠌ ᠦᠨᠦᠷ
ᠲᠡᠨᠦᠷ ᠦᠬᠡᠢ ᠡᠢᠮᠦ ᠰᠠᠢᠬᠠᠨ ᠴᠡᠪᠡᠷ ᠴᠡᠮᠴᠡᠭᠡᠷ ᠠᠰᠠᠷᠠᠵᠦ ᠰᠤᠪᠢᠯᠠᠨ᠎ᠠ ᠭᠡᠳᠡᠭ ᠦᠷ᠎ᠡ ᠬᠡᠦᠬᠡᠳ
ᠪᠤᠯᠤᠭᠰᠠᠳᠤᠨ ᠨᠠᠷᠢᠨ ᠨᠢᠮᠪᠠᠢ ᠠᠰᠠᠷᠠᠨ ᠰᠤᠪᠢᠯᠠᠯᠳᠠ ᠡᠴᠡ ᠰᠠᠯᠵᠦ ᠴᠢᠳᠠᠬᠤ ᠦᠬᠡᠢ ᠨᠢ ᠮᠡᠳᠡᠭᠡᠵᠢ᠃ ᠲᠡᠷᠡ
ᠭᠠᠷᠠᠭ ᠨᠢ ᠶᠠᠭ ᠪᠠᠢ ᠭᠤᠸᠠᠡᠭ ᠶᠤᠸᠠᠨᠤ ᠠᠬ᠎ᠠ ᠪᠠᠢ ᠭᠤᠸᠠᠡᠭ ᠶᠧ ᠵᠢᠨ ᠠᠪᠤ ᠪᠠᠨ ᠠᠰᠠᠷᠠᠬᠤ ᠵᠢᠵᠢᠬᠦᠷ ᠲᠠᠭᠠᠷᠠᠵᠦ
ᠳᠡᠬᠦᠦ ᠵᠢᠨ ᠳᠡᠭᠡᠨ ᠢᠷᠡᠵᠦ ᠠᠪᠤ ᠪᠠᠨ ᠰᠤᠪᠢᠯᠠᠵᠦ ᠪᠠᠢᠪᠠ᠃
ᠤᠢᠯᠠᠭᠠᠭᠰᠠᠨ
ᠵᠢᠡᠷ᠂ ᠪᠠᠢ ᠭᠤᠸᠠᠡᠭ ᠶᠤᠸᠠᠨᠤ ᠠᠪᠤ ᠵᠢ ᠪᠠᠢ ᠬᠤᠡᠭ ᡁᠢ ᠭᠡᠳᠡᠭ᠂ ᠮᠠᠨᠵᠦ ᠦᠨᠳᠦᠰᠦᠲᠡᠨ᠂ ᠡᠨᠡ ᠵᠢᠯ ᠶᠡᠷᠡᠨ
ᠳᠦᠷᠪᠡᠲᠡᠢ᠃ ᠡᠵᠢ ᠨᠢ ᠬᠤ᠌ ᠬᠦᠢ ᠯᠠᠨ ᠭᠡᠳᠡᠭ᠂ ᠬᠢᠲᠠᠳ ᠦᠨᠳᠦᠰᠦᠲᠡᠨ᠂ ᠡᠨᠡ ᠵᠢᠯ ᠶᠡᠷᠡᠨ ᠨᠢᠬᠡ ᠬᠦᠷᠴᠦ ᠪᠤᠢ᠃
ᠲᠡᠳᠡᠨ ᠤ ᠳᠡᠭᠡᠳᠦ ᠵᠢᠨ ᠨᠤᠲᠤᠭ ᠨᠢ ᠯᠢᠶᠤᠤᠨᠢᠡᠭ ᠮᠤᠵᠢ ᠪᠦᠬᠡᠳ ᠰᠡᠬᠦᠯᠡᠷ ᠨᠢ ᠡᠪᠦᠬᠡ ᠵᠢᠨ ᠬᠢᠨᠢ ᠦᠶᠡᠳᠤ ᠲᠠᠢ ᠫᠢᠡᠭ ᠴᠤᠸᠠᠨᠳᠤ ᠨᠡᠬᠦᠵᠦ ᠰᠠᠭᠤᠷᠢᠰᠢᠨ᠂ ᠶᠡᠬᠡ ᠬᠦᠦ ᠪᠠᠢ ᠭᠤᠸᠠᠡᠭ ᠶᠧ ᠪᠠᠨ ᠨᠢᠷᠠᠢ ᠪᠠᠢᠬᠤᠳᠤ ᠨᠢ ᠪᠤᠤᠺᠠᠡᠭ ᠪᠠᠯᠭᠠᠰᠤᠨᠳᠤ ᠨᠡᠬᠦᠨ ᠢᠷᠡᠵᠦ ᠠᠮᠢᠳᠤᠷᠠᠭᠰᠠᠨ ᠭᠡᠳᠡᠭ᠃ ᠲᠡᠢᠮᠦ ᠪᠡᠷ ᠵᠢᠨᠨ ᠠᠬ᠎ᠠ ᠨᠢ
ᠪᠤᠯᠬᠤ ᠪᠠᠢ ᠭᠤᠸᠠᠡᠭ ᠶᠧ ᠵᠢᠨ ᠲᠦᠷᠦᠭᠰᠡᠨ ᠨᠤᠲᠤᠭ ᠨᠢ ᠲᠠᠢ ᠫᠢᠡᠭ ᠴᠤᠸᠠᠨ ᠪᠠᠢᠬᠤᠳᠤ᠂ ᠳᠡᠬᠦᠦ ᠨᠢ ᠪᠤᠯᠤᠭᠰᠠᠨ ᠪᠠᠢ ᠭᠤᠸᠠᠡᠭ ᠶᠤᠸᠠᠨᠤ ᠲᠦᠷᠦᠭᠰᠡᠨ ᠨᠤᠲᠤᠭ ᠨᠢ ᠪᠤᠤᠺᠠᠡᠭ
ᠪᠠᠯᠭᠠᠰᠤ ᠪᠤᠯᠬᠤ ᠠᠵᠢ᠃ ᠲᠡᠳᠡ ᠠᠬ᠎ᠠ ᠡᠭᠡᠴᠢ ᠳᠡᠬᠦᠦ
ᠲᠠᠪᠤᠭᠤᠯᠠ᠂ ᠪᠠᠢ ᠭᠤᠸᠠᠡᠭ ᠶᠧ ᠬᠠᠮᠤᠭ ᠶᠡᠬᠡ ᠨᠢ᠂
ᠪᠠᠢ ᠭᠤᠸᠠᠡᠭ ᠶᠤᠸᠠᠨ ᠬᠤᠶᠠᠳᠤᠭᠠᠷ ᠨᠢ᠂ ᠲᠡᠳᠡ ᠬᠤᠶᠠᠭᠤᠯᠠᠳᠤ ᠭᠤᠷᠪᠠᠨ ᠬᠡᠦᠬᠡᠨ ᠳᠡᠬᠦᠦ ᠲᠠᠢ ᠶᠤᠮ ᠭᠡᠨ᠎ᠡ᠃ ᠠᠬ᠎ᠠ ᠡᠭᠡᠴᠢ ᠳᠡᠬᠦᠦ ᠲᠠᠪᠤᠭᠤᠯᠠ ᠪᠠᠨ ᠮᠠᠨᠵᠦ ᠪᠤᠯᠤᠨ ᠬᠢᠲᠠᠳ
ᠬᠤᠶᠠᠷ ᠦᠨᠳᠦᠰᠦᠲᠡᠨᠤ ᠠᠪᠤ ᠡᠵᠢ ᠡᠴᠡ ᠲᠦᠷᠦᠭᠰᠡᠨ ᠪᠤᠯᠪᠠᠴᠦ ᠡᠷᠦᠬᠡ ᠠᠮᠠ ᠵᠢᠨ ᠳᠠᠨᠭᠰᠠᠨ ᠳᠡᠭᠡᠷ᠎ᠡ ᠪᠠᠨ
ᠪᠦᠷ ᠮᠠᠨᠵᠦ ᠦᠨᠳᠦᠰᠦᠲᠡᠨ ᠵᠢᠡᠷ ᠶᠠᠪᠤᠵᠦ ᠪᠠᠢᠭ᠎ᠠ ᠠᠵᠢ᠃
— ᠮᠢᠨᠦ
ᠳᠡᠬᠦᠦ ᠪᠤᠯᠤᠨ ᠳᠡᠬᠦᠦ ᠪᠡᠷᠢ ᠪᠦᠷ ᠵᠢᠷᠠ ᠭᠠᠷᠴᠦ ᠳᠠᠯ᠎ᠠ ᠤᠢᠷᠠᠳᠤᠵᠦ ᠪᠠᠢᠨ᠎ᠠ᠃ ᠳᠡᠬᠦᠦ ᠮᠠᠨᠢ ᠤᠮᠪᠤᠯᠤ
ᠪᠠᠨ ᠰᠤᠷᠭᠠᠭᠤᠯᠢᠳᠤ ᠬᠦᠷᠭᠡᠵᠦ ᠲᠤᠰᠤᠭᠠᠳ ᠡᠳᠦᠷᠤᠨ ᠬᠡᠳᠦ ᠤᠳᠠᠭ᠎ᠠ ᠨᠠᠭᠠᠰᠢ ᠴᠠᠭᠠᠰᠢ ᠬᠦᠶᠦᠬᠡᠳ ᠶᠠᠭᠠᠷᠠᠦ᠂ ᠦᠳᠡᠳᠤ ᠰᠠᠶᠢ ᠤᠮᠪᠤᠯᠤ ᠪᠠᠨ ᠲᠤᠰᠤᠭᠠᠳ
ᠬᠠᠷᠢᠵᠦ ᠢᠷᠡᠨ᠎ᠡ᠃ ᠮᠢᠨᠦ ᠳᠡᠬᠦᠦ ᠪᠡᠷᠢ ᠪᠠᠰᠠ ᠬᠤᠪᠴᠠᠰᠤ ᠬᠤᠨᠠᠷ ᠤᠬᠢᠶᠠᠵᠦ ᠴᠡᠪᠡᠷᠯᠡᠬᠦ᠂ ᠭᠤᠷᠪᠠᠨ
ᠡᠷᠡᠨᠤ ᠬᠤᠭᠤᠯᠠ ᠪᠡᠯᠡᠳᠭᠡᠭᠡᠳ ᠡᠳᠦᠷᠵᠢᠨ ᠶᠠᠭᠠᠷᠡᠦ᠂ ᠰᠠᠶᠢᠬᠠᠨ ᠨᠤᠭᠤᠭ᠎ᠠ ᠠᠪᠬᠤ ᠪᠡᠷ ᠵᠡᠬᠡᠯᠢ ᠳᠤ
ᠭᠠᠷᠴᠠᠢ᠃ ᠪᠢ ᠴᠤ᠌ ᠪᠤᠯ ᠡᠨᠳᠡ ᠢᠷᠡᠪᠡᠯ ᠠᠪᠤ ᠪᠠᠨ ᠰᠤᠪᠢᠯᠠᠬᠤ ᠡᠴᠡ ᠤᠨᠳᠤᠤ ᠶᠠᠭᠤ ᠴᠤ᠌ ᠬᠢᠵᠦ ᠪᠠᠢᠬᠤ
ᠦᠬᠡᠢ᠃ ᠬᠡᠦᠬᠡᠳ ᠪᠦᠷ ᠬᠤᠪᠢ ᠬᠤᠪᠢᠨ ᠤ ᠠᠵᠢᠯ ᠳᠠᠭᠠᠨ ᠶᠠᠭᠠᠷᠡᠦ᠃ ᠠᠪᠤ ᠮᠢᠨᠢ ᠬᠡᠪᠲᠡᠷᠢ ᠳᠤ ᠤᠷᠤᠭᠠᠳ ᠨᠢᠬᠡᠨᠳᠡ ᠵᠢᠯ ᠭᠠᠷᠤᠢ
ᠪᠤᠯᠴᠢᠬᠠᠵᠠᠢ᠂ ᠴᠡᠷ ᠵᠢᠨᠨ ᠭᠠᠷᠭᠠᠵᠦ ᠳᠡᠢᠯᠬᠦ ᠦᠬᠡᠢ ᠪᠦᠬᠡᠳ ᠬᠠᠭᠠᠰ ᠴᠠᠭ ᠪᠤᠯᠬᠤ ᠦᠬᠡᠢ ᠵᠤᠷᠯᠤᠡᠭ ᠳᠤ
ᠤᠷᠤᠨ᠎ᠠ᠃ ᠡᠢᠮᠦ ᠡᠴᠡ ᠡᠳᠦᠷ ᠰᠦᠨᠢ ᠵᠢᠨ ᠬᠤᠪᠢᠨ ᠳᠤ ᠬᠤᠷᠢᠨ ᠲᠦᠷᠪᠡᠨ ᠴᠠᠭ ᠵᠢᠡᠷ ᠬᠠᠵᠠᠭᠤ ᠡᠴᠡ ᠨᠢ ᠬᠦᠮᠦᠨ
ᠰᠠᠯᠵᠦ ᠳᠡᠢᠯᠬᠦ ᠦᠬᠡᠢ ᠪᠤᠯᠴᠢᠬᠠᠭᠰᠠᠨ ᠵᠢᠡᠷ ᠮᠠᠨᠤ ᠠᠬ᠎ᠠ ᠡᠭᠡᠴᠢ ᠳᠡᠬᠦᠦ ᠲᠠᠪᠤᠭᠤᠯᠠ ᠪᠠᠨ ᠡᠭᠡᠯᠵᠢᠯᠡᠨ
ᠰᠤᠪᠢᠯᠠᠵᠦ ᠪᠠᠢᠨ᠎ᠠ᠃ ᠮᠢᠨᠦ ᠳᠡᠬᠦᠦ ᠪᠠᠢ ᠭᠤᠸᠠᠡᠭ ᠶᠤᠸᠠᠨᠤ ᠡᠳᠦᠷᠤᠨ ᠠᠵᠢᠯ ᠶᠠᠭᠠᠷᠠᠦ ᠪᠤᠯᠬᠤᠷ
ᠲᠡᠬᠦᠨᠳᠤ ᠡᠳᠦᠷ ᠪᠤᠯᠭᠠᠨᠤ ᠤᠷᠤᠢ ᠵᠢᠨ ᠬᠤᠭᠤᠯᠠᠨᠤ ᠳᠠᠷᠠᠭ᠎ᠠ ᠰᠦᠨᠢ ᠵᠢᠨ 12 ᠴᠠᠭ ᠪᠤᠯᠳᠠᠯ᠎ᠠ ᠠᠪᠤ
ᠵᠢ ᠰᠤᠪᠢᠯᠠᠬᠤ ᠡᠬᠡᠯᠵᠢ ᠲᠤᠬᠢᠷᠠᠭᠤᠯᠵᠠᠢ᠃ ᠪᠤᠰᠤᠳ ᠴᠠᠭ ᠨᠢ ᠪᠦᠷ ᠪᠢᠳᠡᠨᠤ ᠡᠭᠡᠯᠵᠢ ᠵᠢᠨ ᠬᠦᠮᠦᠰᠤᠨ
ᠬᠢ᠂ ᠪᠢᠳᠡ ᠤᠤᠯ ᠳᠠᠭᠠᠨ ᠬᠡᠳᠦᠬᠦᠯᠡ ᠪᠠᠨ ᠬᠦᠮᠦᠨ
ᠪᠦᠷᠢ ᠠᠷᠪᠠᠨ ᠡᠳᠦᠷ ᠵᠢᠡᠷ ᠡᠭᠡᠯᠵᠢᠯᠡᠵᠦ ᠪᠠᠢᠵᠠᠢ᠃ ᠡᠨᠡ ᠵᠢᠯᠤᠨ ᠡᠬᠢᠨ ᠡᠴᠡ ᠨᠠᠭᠠᠰᠢ ᠭᠤᠷᠪᠠᠨ
ᠬᠡᠦᠬᠡᠨ ᠳᠡᠬᠦᠦ ᠬᠤᠭᠤᠷᠤᠨᠳᠦ ᠪᠠᠨ ᠵᠦᠪᠳᠡᠭᠡᠳ ᠨᠠᠳᠠ ᠵᠢ ᠪᠠᠰᠠ ᠳᠠᠯ᠎ᠠ ᠭᠠᠷᠴᠦ ᠨᠠᠰᠤ ᠠᠬᠢᠵᠦ ᠪᠠᠢᠨ᠎ᠠ
ᠬᠡᠮᠡᠨ ᠲᠡᠳᠡ ᠬᠦᠮᠦᠨ ᠪᠤᠯᠭᠠᠨ 11 ᠡᠳᠦᠷ ᠠᠪᠤ ᠵᠢ ᠰᠤᠪᠢᠯᠠᠬᠤ ᠪᠡᠷ ᠪᠤᠯᠵᠦ᠂ ᠨᠠᠳᠠ ᠰᠠᠶᠢ ᠨᠢᠬᠡ ᠯᠠ
ᠭᠠᠷᠠᠭ ᠤᠨ ᠵᠢᠵᠢᠬᠦᠷ ᠲᠤᠬᠢᠷᠠᠭᠤᠯᠤᠭᠠᠳ ᠪᠠᠢᠭ᠎ᠠ ᠨᠢ ᠡᠨᠡ᠃ ᠲᠡᠢᠮᠦ ᠪᠡᠷ ᠵᠢᠨᠨ ᠪᠢ ᠶᠠᠭ ᠪᠦᠲᠦᠨ ᠨᠢᠬᠡ ᠰᠠᠷ᠎ᠠ ᠠᠮᠠᠷᠠᠭᠠᠳ ᠰᠠᠶᠢ ᠨᠢᠬᠡ ᠭᠠᠷᠠᠭ
ᠤᠨ ᠠᠪᠤ ᠵᠢ ᠰᠤᠪᠢᠯᠠᠬᠤ ᠵᠢᠵᠢᠬᠦᠷ ᠲᠠᠭᠠᠷᠠᠳᠠᠭ ᠭᠡᠵᠦ ᠪᠠᠢ ᠭᠤᠸᠠᠡᠭ ᠶᠧ ᠬᠡᠯᠡᠬᠡᠳ ᠢᠨᠢᠶᠡᠵᠦ ᠪᠠᠢᠯ᠎ᠠ᠃

ᠪᠠᠢ ᠭᠤᠸᠠᠡᠭ ᠶᠧ ᠪᠤᠤ ᠯᠦᠡᠭ ᠱᠠᠨ ᠪᠠᠯᠭᠠᠰᠤ
ᠵᠢᠨ ᠬᠠᠨᠭᠭᠠᠨ ᠪᠤᠷᠤᠯᠠᠭᠤᠯᠬᠤ ᠬᠤᠷᠰᠢᠶ᠎ᠠ ᠡᠴᠡ ᠠᠵᠢᠯ ᠡᠴᠡ ᠪᠠᠨ ᠠᠮᠠᠷᠠᠵᠦ ᠤᠳᠤ ᠴᠤ᠌ ᠭᠡᠰᠡᠨ ᠪᠤᠤ
ᠯᠦᠡᠭ ᠱᠠᠨ ᠪᠠᠯᠭᠠᠰᠤ ᠵᠢᠨ ᠪᠠᠢᠰᠢᠡᠭ ᠭᠡᠷ ᠲᠤ᠌ ᠪᠠᠨ ᠰᠠᠭᠤᠵᠦ ᠪᠤᠢ᠃ ᠡᠮᠦᠨ᠎ᠡ ᠬᠡᠳᠦᠨ ᠵᠢᠯ ᠠᠪᠤ ᠡᠵᠢ ᠨᠢ ᠪᠠᠢ ᠭᠤᠸᠠᠡᠭ ᠶᠧ ᠵᠢᠨ
ᠲᠡᠨᠳᠡ ᠰᠠᠭᠤᠵᠦ ᠪᠠᠢᠭᠰᠠᠨ ᠵᠢᠨᠨ ᠪᠠᠢᠰᠢᠡᠭ ᠭᠡᠷ ᠡᠪᠦᠯ
ᠳᠡᠭᠡᠨ ᠬᠦᠢᠲᠡᠨ᠂ ᠨᠠᠰᠤᠲᠠᠢ ᠬᠦᠮᠦᠰ ᠵᠤᠷᠯᠤᠡᠭᠳᠤ ᠤᠷᠤᠬᠤᠳᠤ ᠲᠦᠬᠦᠮ ᠦᠬᠡᠢ ᠵᠡᠷᠭᠡ ᠰᠢᠯᠲᠠᠭᠠᠨ ᠡᠴᠡ ᠪᠤᠯᠵᠦ ᠰᠡᠬᠦᠯ ᠤᠨ
ᠲᠠᠪᠤ ᠳᠤᠯᠤᠭᠠᠨ ᠵᠢᠯᠳᠤ ᠬᠤᠶᠠᠳᠤᠭᠠᠷ ᠬᠦᠦ ᠪᠠᠢ ᠭᠤᠸᠠᠡᠭ ᠶᠤᠸᠠᠨᠤ ᠬᠢᠨᠳᠡᠭᠡᠨ ᠪᠠᠢᠨᠭᠭᠤ
ᠰᠠᠭᠤᠳᠠᠭ ᠪᠤᠯᠤᠭᠰᠠᠨ ᠨᠢ ᠡᠨᠡ ᠠᠵᠢ᠃ ᠪᠠᠢ ᠭᠤᠸᠠᠡᠭ ᠶᠧ ᠬᠡᠳᠦᠢᠪᠡᠷ ᠦᠪᠡᠷ ᠵᠢᠨᠨ ᠪᠠᠰᠠ ᠳᠠᠯᠨᠨ ᠨᠢᠬᠡ ᠬᠦᠷᠴᠦ
ᠰᠠᠬᠠᠯ ᠦᠰᠦ ᠨᠢ ᠴᠠᠢᠵᠦ ᠰᠠᠨᠴᠢᠭ ᠨᠢ ᠪᠤᠭᠤᠷᠤᠯᠳᠤᠨ ᠨᠢᠷᠤᠭᠤ ᠨᠢ ᠪᠦᠭᠲᠦᠢᠭᠰᠡᠨ ᠪᠤᠯᠪᠠᠴᠦ ᠦᠷ᠎ᠡ ᠬᠡᠦᠬᠡᠳᠤᠨ ᠶᠤᠰᠤ ᠪᠡᠷ ᠡᠯᠪᠡᠷᠢᠯ ᠵᠢᠷᠤᠮᠢ ᠬᠦᠢᠴᠡᠳᠭᠡᠨ᠂ ᠦᠲᠡᠯᠦᠬᠡ ᠠᠪᠤ ᠪᠠᠨ ᠰᠤᠪᠢᠯᠠᠬᠤ ᠪᠡᠷ ᠰᠠᠷ᠎ᠠ ᠵᠢᠨ
ᠨᠢᠬᠡ ᠤᠳᠠᠭ᠎ᠠ ᠳᠡᠬᠦᠦ ᠵᠢᠨ ᠬᠢᠨ ᠳᠡᠭᠡᠨ ᠬᠦᠷᠴᠦ ᠢᠷᠡᠭᠡᠳ ᠠᠪᠤ ᠪᠠᠨ ᠰᠤᠪᠢᠯᠠᠬᠤ ᠪᠠᠨ
ᠪᠠᠷᠢᠮᠲᠠᠯᠠᠭᠰᠠᠭᠠᠷ ᠪᠠᠢᠨ᠎ᠠ᠃ ᠬᠡᠯᠡᠵᠦ ᠶᠠᠷᠢᠬᠤ ᠪᠠ ᠶᠠᠪᠤᠵᠦ ᠰᠠᠭᠤᠬᠤ ᠡᠴᠡ ᠨᠢ ᠪᠠᠢ ᠭᠤᠸᠠᠡᠭ ᠶᠧ
ᠭᠡᠭᠴᠢ ᠨᠠᠮ ᠲᠦᠯᠬᠡᠨ ᠵᠠᠡᠭ ᠠᠭᠠᠯᠢ ᠲᠠᠢ᠂ ᠲᠤᠡᠭ ᠶᠡᠬᠡ ᠬᠡᠪ ᠪᠤᠯᠪᠠᠰᠤᠷᠠᠯ ᠲᠠᠢ ᠬᠦᠮᠦᠨ ᠭᠡᠳᠡᠭ ᠨᠢ
ᠢᠯᠡ ᠮᠡᠳᠡᠭᠳᠡᠨ᠎ᠡ᠃ ᠪᠠᠢ ᠭᠤᠸᠠᠡᠭ ᠶᠤᠸᠠᠨᠤ ᠶᠡᠷᠡ
ᠭᠠᠷᠴᠦ ᠪᠠᠢᠬᠤ ᠨᠠᠰᠤᠲᠠᠢ ᠡᠵᠢ ᠭᠡᠭᠴᠢ ᠲᠡᠢᠮᠦ ᠯᠠ ᠦᠨᠭᠭᠢᠶᠡᠮᠦᠷᠴᠢ ᠵᠢᠰᠦ ᠴᠢᠷᠠᠢ ᠲᠠᠢ ᠬᠦᠮᠦᠨ ᠪᠦᠬᠡᠳ ᠪᠢᠳᠡᠨᠳᠤ ᠰᠠᠨᠳᠠᠯᠢ ᠠᠪᠴᠦ ᠦᠭᠭᠦᠨ ᠤᠰᠤ ᠴᠠᠢ ᠤᠢᠷᠠᠲᠤᠭᠤᠯᠬᠤ ᠭᠡᠵᠦ ᠮᠠᠢᠵᠢᠬᠢᠨᠠᠬᠤ ᠨᠢ ᠠᠰᠪᠤᠷ ᠴᠠᠢᠯᠭᠠᠨ ᠬᠠᠯᠭᠤᠮᠰᠤᠭ
ᠵᠠᠡᠭ ᠲᠠᠢ ᠬᠦᠮᠦᠨ ᠭᠡᠳᠡᠭ ᠨᠢ ᠲᠤᠳᠤᠷᠠᠬᠠᠢ᠃
— ᠡᠨᠡ ᠳᠡᠯᠡᠬᠡᠢᠳᠤ ᠡᠵᠢ ᠠᠪᠤ ᠭᠡᠳᠡᠭ
ᠡᠷᠬᠢᠬᠡᠳ ᠤᠯᠳᠠᠰᠢ ᠦᠬᠡᠢ ᠡᠷᠳᠡᠨᠢ᠃ ᠨᠠᠳᠠ ᠵᠢ ᠲᠦᠬᠦᠬᠡ ᠤᠷᠤᠬᠤ ᠲᠡᠷᠡ ᠴᠠᠭ ᠡᠴᠡ ᠡᠬᠢᠯᠡᠨ ᠮᠠᠨᠤ
ᠠᠮᠢᠳᠤᠷᠠᠯ ᠲᠡᠢᠮᠦ ᠴᠢᠨᠡᠭᠡᠯᠢᠭ ᠪᠢᠰᠢ ᠪᠠᠢᠭᠰᠠᠨ᠃ ᠭᠡᠪᠡᠴᠦ ᠠᠬᠠᠰ ᠵᠠᠬᠠᠰ ᠵᠢᠨᠨ ᠬᠦᠨᠳᠦᠳᠭᠡᠨ᠂ ᠠᠪᠤ
ᠡᠵᠢ ᠪᠠᠨ ᠬᠦᠨᠳᠦᠯᠡᠬᠦ ᠵᠢ ᠮᠢᠨᠦ ᠠᠪᠤ ᠡᠵᠢ ᠮᠠᠨᠤᠰ ᠲᠤ᠌ ᠦᠪᠡᠷ ᠤᠨ ᠪᠡᠶ᠎ᠡ ᠪᠡᠷ ᠵᠢᠨᠨ ᠳᠠᠭᠤᠷᠢᠶᠠᠯ
ᠪᠤᠯᠵᠦ ᠦᠵᠡᠬᠦᠯᠵᠦ ᠰᠤᠷᠭᠠᠵᠠᠢ᠃ ᠪᠢᠳᠡᠨᠢ ᠪᠠᠭ᠎ᠠ
ᠪᠠᠢᠬᠤ ᠳᠤ ᠮᠢᠨᠦ ᠡᠪᠦᠬᠡ ᠲᠠᠯ᠎ᠠ ᠪᠡᠶ᠎ᠡ ᠵᠢᠨ ᠲᠠᠮᠪᠠᠷᠠᠯᠳᠤ ᠨᠡᠷᠪᠡᠭᠳᠡᠭᠰᠡᠨ ᠪᠦᠬᠡᠳ ᠮᠢᠨᠦ ᠡᠮᠡᠭᠡ
ᠪᠤᠯ ᠨᠡᠡᠭ ᠨᠢᠬᠡ ᠨᠠᠰᠤ ᠪᠡᠷ ᠵᠢᠨᠨ ᠬᠦᠨᠳᠦ ᠠᠭᠤᠰᠬᠢᠨ ᠡᠪᠡᠳᠴᠢᠨ ᠳᠤ ᠲᠠᠷᠴᠢᠯᠠᠭᠠᠭᠳᠠᠵᠦ᠂ ᠰᠡᠬᠦᠯᠳᠡᠵᠦ
ᠢᠷᠡᠭᠡᠳ ᠵᠢᠯᠤᠨ ᠬᠡᠳᠦ ᠤᠳᠠᠭ᠎ᠠ ᠡᠮᠨᠡᠯᠬᠡ ᠳᠤ ᠰᠠᠭᠤᠳᠠᠭ ᠪᠠᠢᠭᠰᠠᠨ ᠶᠤᠮ᠃ ᠤᠨᠴᠠᠭᠠᠢᠯᠠᠨ ᠡᠪᠦᠯ
ᠪᠤᠯᠬᠤ ᠲᠠᠢ ᠵᠡᠷᠭᠡ ᠡᠮᠡᠭᠡ ᠵᠢᠨ ᠮᠢᠨᠢ ᠬᠠᠭᠤᠴᠢᠨ ᠠᠷᠬᠠᠭ ᠬᠦᠳᠡᠯᠬᠦ ᠨᠢ ᠬᠡᠴᠡᠬᠦᠦ ᠪᠤᠯᠴᠢᠬᠠᠳᠠᠭ᠃
ᠲᠡᠢᠮᠦ ᠡᠴᠡ ᠲᠤᠬᠠᠢ ᠵᠢᠨ ᠦᠶᠡᠰ ᠬᠡᠳᠦᠢᠪᠡᠷ ᠮᠠᠨᠤ
ᠠᠮᠢᠳᠤᠷᠠᠯ ᠲᠤᠡᠭ ᠬᠦᠴᠢᠷᠲᠡᠢ ᠪᠠᠢᠭᠰᠠᠨ ᠴᠤ᠌ ᠡᠪᠦᠯ ᠪᠤᠯᠪᠠᠯ ᠭᠡᠷ ᠵᠢᠨᠨ ᠲᠤᠯᠠᠭᠠᠨ ᠪᠠᠢᠯᠭᠠᠬᠤ ᠵᠢ
ᠬᠢᠴᠢᠶᠡᠵᠦ ᠨᠡᠬᠦᠷᠡᠰᠦ ᠵᠢ ᠵᠤᠭᠰᠤᠭᠠᠯ ᠦᠬᠡᠢ ᠰᠢᠲᠠᠭᠠᠳᠠᠭ᠃ ᠬᠡᠷᠪᠡ ᠡᠮᠡᠭᠡ ᠵᠢᠨ ᠡᠪᠡᠳᠴᠢᠨ ᠨᠢ
ᠬᠦᠨᠳᠦᠷᠡᠵᠦ ᠡᠮᠨᠡᠯᠬᠡᠳᠤ ᠰᠠᠭᠤᠬᠤᠳᠤ ᠬᠦᠷᠪᠡᠯ ᠪᠢᠳᠡ ᠨᠡᠬᠦᠷᠡᠰᠦ ᠪᠠᠨ ᠠᠷᠪᠢᠯᠠᠬᠤ ᠵᠢ ᠪᠤᠳᠤᠵᠦ
ᠭᠠᠯ ᠵᠢᠨᠨ ᠵᠤᠭᠰᠤᠭᠠᠴᠢᠬᠠᠳᠠᠭ ᠪᠠᠢᠭᠰᠠᠨ ᠶᠤᠮ᠃ ᠲᠡᠭᠡᠭᠡᠳ ᠨᠢᠬᠡ ᠵᠢᠯ ᠤᠨ ᠡᠪᠦᠯ ᠮᠢᠨᠦ ᠡᠮᠡᠭᠡ ᠬᠤᠷᠢ
ᠭᠠᠷᠤᠢ ᠡᠳᠦᠷ ᠵᠢᠡᠷ ᠡᠮᠨᠡᠯᠬᠡ ᠳᠤ ᠰᠠᠭᠤᠬᠤᠳᠤ ᠪᠢᠳᠡ ᠨᠡᠬᠦᠷᠡᠰᠦ ᠪᠠᠨ ᠠᠷᠪᠢᠯᠠᠵᠦ ᠭᠠᠯ ᠬᠢᠭᠰᠡᠨ
ᠦᠬᠡᠢ ᠪᠤᠯᠬᠤᠷ ᠮᠢᠨᠦ ᠲᠡᠬᠦᠦ ᠪᠠᠢ ᠭᠤᠸᠠᠡᠭ ᠶᠤᠸᠠᠨᠤ ᠬᠦᠯ ᠭᠠᠷ ᠨᠢ ᠪᠦᠷ ᠬᠦᠯᠡᠢᠳᠡᠯᠡ
ᠬᠦᠯᠳᠡᠴᠢᠬᠡᠭᠰᠡᠨ ᠰᠢᠦ ᠭᠡᠵᠦ ᠬᠡᠯᠡᠬᠦ ᠳᠤ ᠪᠠᠢ ᠭᠤᠸᠠᠡᠭ ᠶᠧ ᠵᠢᠨ ᠨᠢᠳᠤᠨ ᠳᠤ ᠨᠢᠯᠪᠤᠰᠤ ᠴᠢᠢᠯᠭᠡᠨᠡᠵᠦ
ᠪᠠᠢᠯ᠎ᠠ᠃ ᠲᠡᠢᠮᠦ ᠡ! ᠬᠠ ᠬᠢᠰᠬᠢᠭᠰᠡᠨ ᠭᠠᠵᠠᠷ ᠭᠤᠶ᠎ᠠ ᠭᠡᠳᠡᠭ ᠬᠠᠭᠤᠴᠢᠨᠤ ᠦᠬᠡ ᠪᠠᠢᠳᠠᠭ᠃ ᠨᠢᠬᠡᠨ
ᠡᠯᠪᠡᠷᠢᠯ ᠵᠢᠷᠤᠮ ᠲᠠᠢ ᠰᠠᠢᠨ ᠬᠡᠦᠬᠡᠳᠢ ᠬᠦᠮᠦᠵᠢᠬᠦᠯᠬᠦᠳᠤ ᠬᠡᠳᠦᠨ ᠦᠶ᠎ᠡ ᠵᠢᠨ ᠬᠦᠮᠦᠰᠤᠨ
ᠬᠢᠴᠢᠶᠡᠯ ᠵᠢᠳᠬᠦᠯ ᠱᠠᠭᠠᠷᠲᠠᠭᠳᠠᠨᠠ ᠭᠡᠳᠡᠭ ᠤᠷᠤ ᠲᠠᠢ ᠦᠬᠡ ᠪᠠᠢᠵᠠᠢᠳᠠ᠃
ᠪᠠᠢ ᠭᠤᠸᠠᠡᠭ ᠶᠧ ᠲᠠᠢ ᠪᠠᠬᠠᠨ ᠵᠤᠭᠤᠭᠳᠠᠵᠦ
ᠰᠠᠭᠤᠳᠠᠯ᠎ᠠ ᠭᠠᠳᠠᠨ᠎ᠠ ᠡᠴᠡ ᠪᠠᠢ ᠭᠤᠸᠠᠡᠭ ᠶᠤᠸᠠᠨ ᠤ ᠡᠬᠡᠨᠡᠷ ᠨᠤᠭᠤᠭ᠎ᠠ ᠮᠢᠬ᠎ᠠ ᠠᠪᠴᠦ ᠢᠷᠡᠭᠡᠳ
ᠶᠠᠭᠠᠷᠠᠯᠲᠠᠢ ᠭᠡᠭᠴᠢ ᠭᠠᠯ ᠲᠤᠭᠤᠭ᠎ᠠ ᠲᠠᠢ ᠪᠠᠨ ᠨᠤᠴᠤᠯᠳᠤᠵᠦ ᠦᠳᠡ ᠵᠢᠨ ᠬᠤᠭᠤᠯᠠ ᠪᠠᠨ ᠪᠡᠯᠡᠳᠭᠡᠵᠦ
ᠡᠬᠢᠯᠡᠪᠡ᠃ ᠳᠡᠮᠡᠢ ᠤᠳᠠᠭᠰᠠᠨ ᠦᠬᠡᠢ ᠪᠠᠢ ᠭᠤᠸᠠᠡᠭ ᠶᠤᠸᠠᠨ ᠴᠤ᠌ ᠪᠠᠭ᠎ᠠ ᠰᠤᠷᠭᠠᠭᠤᠯᠢ ᠵᠢᠨ ᠵᠢᠷᠭᠤᠳᠤᠭᠠᠷ
ᠤᠨᠳᠤ ᠰᠤᠷᠤᠯᠴᠠᠵᠦ ᠪᠠᠢᠭ᠎ᠠ ᠤᠮᠪᠤᠯᠤ ᠬᠦᠦ ᠪᠠᠢ ᠪᠤᠤ ᠲᠢᠶᠠᠨ ᠵᠢᠨᠨ ᠲᠤᠰᠤᠭᠠᠳ ᠠᠪᠤᠭᠠᠳ ᠢᠷᠡᠵᠡᠢ᠃
ᠪᠠᠢ ᠭᠤᠸᠠᠡᠭ ᠶᠤᠸᠠᠨ ᠭᠡᠭᠴᠢ ᠠᠬ᠎ᠠ ᠪᠠᠨ ᠪᠤᠳᠤᠪᠠᠯ ᠦᠨᠳᠦᠷ ᠨᠠᠷᠢᠬᠠᠨ ᠪᠡᠶ᠎ᠡ ᠲᠠᠢ ᠪᠦᠬᠡᠳ ᠦᠰᠦ ᠭᠡᠵᠢᠬᠡ
ᠨᠢ ᠠᠬ᠎ᠠ ᠡᠴᠡ ᠪᠠᠨ ᠢᠯᠡᠬᠦᠦ ᠴᠠᠢᠴᠢᠬᠠᠭᠰᠠᠨ ᠬᠠᠷᠠᠪᠲᠤᠷ ᠵᠢᠰᠦ ᠲᠠᠢ ᠬᠦᠮᠦᠨ ᠪᠠᠢᠯ᠎ᠠ᠃
— ᠠᠪᠤ ᠡᠵᠢ ᠮᠠᠨᠢ ᠡᠪᠡᠳᠴᠢᠨ ᠡᠮᠭᠡᠭ ᠲᠠᠢ
ᠡᠪᠦᠬᠡ ᠡᠮᠡᠭᠡ ᠵᠢ ᠲᠡᠷᠡ ᠮᠡᠲᠦ ᠰᠠᠢᠨ ᠠᠰᠠᠷᠠᠵᠦ ᠰᠤᠪᠢᠯᠠᠭᠰᠠᠨ ᠪᠦᠬᠡᠳ ᠪᠢᠳᠡ ᠴᠤ᠌ ᠭᠡᠰᠡᠨ ᠡᠪᠦᠬᠡ
ᠡᠮᠡᠭᠡ ᠵᠢᠨ ᠵᠢᠨᠨ ᠠᠭᠰᠢᠭᠤᠨ ᠰᠢᠨᠭᠭᠡᠨᠢ ᠠᠰᠬᠠᠬᠤ ᠡᠴᠡ ᠡᠬᠢᠯᠡᠬᠡᠳ ᠲᠡᠳᠡᠨᠢ ᠠᠰᠠᠷᠠᠵᠦ ᠰᠤᠪᠢᠯᠠᠬᠤ
ᠠᠵᠢᠯᠳᠤ ᠬᠦᠯ ᠬᠤᠢᠰᠢ ᠦᠬᠡᠢ ᠤᠷᠤᠯᠴᠠᠳᠠᠭ ᠪᠠᠢᠭᠰᠠᠨ ᠶᠤᠮ᠃ ᠨᠠᠰᠤᠲᠠᠨ ᠵᠢᠨᠨ ᠠᠰᠠᠷᠠᠵᠦ ᠨᠢᠯᠬᠠᠰ ᠵᠢᠨᠨ
ᠬᠠᠢᠷᠠᠯᠠᠨ᠂ ᠭᠡᠷ ᠵᠠᠭᠤᠷ᠎ᠠ ᠪᠠᠨ ᠡᠶ᠎ᠡ ᠨᠠᠢᠷᠲᠠᠢ ᠠᠮᠢᠳᠤᠷᠠᠬᠤ ᠨᠢ ᠮᠠᠨᠤ ᠭᠡᠷ ᠤᠨ ᠬᠡᠳᠦᠨ ᠦᠶ᠎ᠡ
ᠵᠢᠨ ᠬᠦᠮᠦᠰᠤᠨ ᠰᠢᠯᠢᠳᠡᠭ ᠤᠳᠤᠮᠰᠢᠯ ᠪᠤᠯᠴᠢᠬᠠᠵᠠᠢ᠃ ᠮᠢᠨᠦ ᠡᠬᠡᠨᠡᠷ ᠬᠢᠲᠠᠳ ᠬᠦᠮᠦᠨ᠂ ᠪᠢᠳᠡ
ᠬᠤᠶᠠᠭᠤᠯᠠ ᠡᠴᠡ ᠨᠢᠬᠡ ᠬᠦᠦ ᠨᠢᠬᠡ ᠦᠬᠢᠨ ᠲᠠᠢ᠂ ᠬᠦᠦ ᠵᠢᠨ ᠪᠡᠷᠢ ᠪᠤᠯᠤᠨ ᠦᠬᠢᠨᠤ ᠬᠦᠷᠭᠡᠨ ᠪᠦᠷ
ᠮᠤᠨᠭᠭᠤᠯ ᠦᠨᠳᠦᠰᠦᠲᠡᠨ᠃ ᠲᠡᠢᠮᠦ ᠪᠡᠷ ᠵᠢᠨᠨ ᠮᠠᠨᠤ ᠭᠡᠷ ᠴᠢᠨᠢ ᠭᠤᠷᠪᠠᠨ ᠦᠨᠳᠦᠰᠦᠲᠡᠨ ᠲᠠᠢ ᠲᠤᠮᠤ ᠭᠡᠷ
ᠪᠦᠯᠢ᠂ ᠪᠢ ᠳᠡᠭᠡᠷ᠎ᠡ ᠪᠠᠨ ᠶᠡᠷᠡ ᠭᠠᠷᠴᠦ ᠪᠠᠢᠭ᠎ᠠ ᠨᠠᠰᠤᠲᠠᠨ ᠠᠪᠤ ᠡᠵᠢ ᠲᠠᠢ᠂ ᠳᠤᠤᠷ᠎ᠠ ᠪᠠᠨ ᠠᠷᠪᠠ
ᠭᠠᠷᠤᠭᠰᠠᠨ ᠤᠮᠪᠤᠯᠤ ᠲᠠᠢ ᠪᠠᠨ ᠤᠳᠤ ᠨᠡᠢᠲᠡ ᠳᠤᠯᠤᠭᠠᠨ ᠠᠮᠠ ᠬᠦᠮᠦᠨ ᠬᠠᠮᠲᠤ ᠠᠮᠢᠳᠤᠷᠠᠵᠦ ᠪᠠᠢᠨ᠎ᠠ᠃
ᠬᠠᠯᠠᠭᠤᠨ ᠲᠤᠯᠠᠭᠠᠨ ᠬᠡᠷ ᠪᠦᠯᠢ ᠭᠡᠳᠡᠭ ᠬᠠᠢᠷ᠎ᠠ ᠬᠠᠷᠢᠭᠤᠴᠠᠯᠭ᠎ᠠ ᠬᠤᠶᠠᠷ ᠳᠡᠭᠡᠷ᠎ᠡ ᠲᠤᠭᠲᠠᠵᠦ
ᠪᠠᠢᠳᠠᠭ᠂ ᠪᠦᠷ ᠨᠢᠬᠡ ᠭᠡᠷᠤᠨ ᠬᠦᠮᠦᠨ ᠪᠤᠯᠴᠢᠬᠠᠭᠰᠠᠨ ᠪᠢᠳᠡᠨᠳᠤ ᠦᠨᠳᠦᠰᠦᠲᠡᠨ ᠤᠭᠰᠠᠭ᠎ᠠ ᠵᠢᠨ
ᠭᠠᠳᠠᠭᠤᠷᠴᠢᠯᠠᠯ ᠭᠡᠵᠦ ᠶᠠᠭ ᠦᠬᠡᠢ ᠪᠦᠬᠡᠳ ᠬᠠᠷᠢᠯᠴᠠᠨ ᠬᠦᠨᠳᠦᠳᠭᠡᠨ ᠬᠠᠷᠢᠯᠴᠠᠨ ᠬᠠᠮᠵᠢᠯᠴᠠᠨ ᠬᠠᠷᠢᠯᠴᠠᠨ
ᠰᠤᠷᠤᠯᠴᠠᠭᠰᠠᠭᠠᠷ ᠢᠷᠡᠵᠡᠢ᠃ ᠵᠢᠱ᠌ᠢᠶᠡᠯᠡᠪᠡᠯ ᠮᠤᠨᠭᠭᠤᠯ ᠦᠨᠳᠦᠰᠦᠲᠡᠨ ᠤ ᠤᠳᠬ᠎ᠠ ᠤᠷᠠᠯᠢᠭ ᠢ ᠪᠢ ᠮᠠᠰᠢ
ᠪᠠᠬᠠᠷᠬᠠᠳᠠᠭ᠂ ᠲᠡᠢᠮᠦ ᠪᠡᠷ ᠵᠢᠨᠨ ᠤᠳᠤ ᠪᠢ ᠪᠢᠴᠢᠬᠠᠨ ᠤᠮᠪᠤᠯᠤ ᠪᠠᠢ ᠪᠤᠤ ᠲᠢᠶᠠᠨ ᠵᠢᠨᠨ ᠮᠤᠷᠢᠨ ᠬᠤᠭᠤᠷ
ᠰᠤᠷᠭᠠᠵᠦ ᠪᠠᠢᠬᠤ ᠪᠦᠬᠡᠳ ᠡᠮᠦᠨᠡᠬᠡᠨ ᠾᠧᠪᠧᠢ ᠮᠤᠵᠢ ᠵᠢᠨ ᠱᠢ ᠵᠢᠶᠠ ᠵᠤᠸᠠᠡᠭ ᠳᠤ ᠪᠤᠯᠤᠭᠰᠠᠨ ᠳᠤᠮᠳᠠᠳᠤ
ᠤᠯᠤᠰ ᠪᠤᠯᠤᠨ ᠴᠠᠭᠠᠨ ᠤᠷᠤᠰᠤᠨ ᠬᠠᠮᠲᠤᠷᠠᠯᠴᠠᠭᠰᠠᠨ ᠠᠵᠢᠯᠯᠠᠭ᠎ᠠ ᠳᠤ ᠲᠤᠭᠯᠠᠯᠲᠠ ᠭᠠᠷᠭᠠᠭᠠᠳ
ᠢᠷᠡᠭᠰᠡᠨ ᠨᠢ ᠡᠨᠡ ᠰᠢᠦ! ᠭᠡᠵᠦ ᠪᠠᠢ ᠭᠤᠸᠠᠡᠭ ᠶᠤᠸᠠᠨ ᠰᠢᠷᠡᠭᠡᠨ ᠳᠡᠭᠡᠷ᠎ᠡ ᠡᠴᠡ ᠪᠠᠨ ᠤᠮᠪᠤᠯᠤ ᠵᠢᠨ
ᠵᠢᠨᠨ ᠮᠤᠨᠭᠭᠤᠯ ᠲᠡᠷᠯᠢᠭ ᠡᠮᠦᠰᠦᠬᠡᠳ ᠮᠤᠷᠢᠨ ᠬᠤᠭᠤᠷ ᠲᠠᠲᠠᠵᠦ ᠪᠠᠢᠭ᠎ᠠ ᠰᠡᠬᠦᠳᠡᠷᠢ ᠪᠢᠳᠡᠨᠳᠤ ᠠᠪᠴᠦ
ᠦᠵᠡᠬᠦᠯᠪᠡ᠃
ᠢᠨᠭᠭᠢᠵᠦ ᠡᠨᠡ ᠲᠡᠷᠡ ᠵᠢ ᠵᠤᠭᠤᠭᠳᠠᠨ
ᠪᠠᠢᠳᠠᠯ᠎ᠠ ᠡᠬᠦᠳᠡ ᠳᠤᠤᠭᠠᠷᠴᠦ ᠪᠠᠢ ᠭᠤᠸᠠᠡᠭ ᠶᠤᠸᠠᠨᠤ ᠬᠦᠦ ᠪᠠᠢ ᠫᠧᠡᠭ ᠴᠧᠡᠭ ᠨᠢ ᠡᠬᠡᠨᠡᠷ ᠸᠠᠡᠭᠳ᠋ᠠᠨ ᠲᠠᠢ ᠪᠠᠨ ᠤᠷᠤᠭᠠᠳ ᠢᠷᠡᠬᠦ ᠨᠢ ᠲᠡᠷᠡ᠃ ᠡᠳᠡᠨᠤ ᠭᠡᠷᠤᠨ ᠬᠦᠮᠦᠰ ᠡᠬᠦᠳᠡ ᠪᠠᠨ ᠠᠯᠬᠤᠭᠠᠳ
ᠤᠷᠤᠵᠦ ᠢᠷᠡᠬᠦ ᠳᠤ ᠯᠠ ᠬᠦᠮᠦᠨ ᠪᠤᠯᠭᠠᠨᠤ ᠴᠢᠷᠠᠢ ᠳᠤ ᠵᠤᠯ ᠵᠢᠷᠭᠠᠯᠤᠨ ᠮᠦᠰᠢᠶᠡᠳᠦ ᠲᠤᠳᠤᠷᠠᠵᠦ
ᠪᠠᠢᠬᠤ ᠵᠢ ᠪᠢᠳᠡ ᠰᠤᠷᠪᠤᠯᠵᠢᠯᠠᠭᠴᠢ ᠬᠦᠮᠦᠨᠤ ᠬᠢᠷᠬᠠᠢ ᠨᠢᠳᠦ ᠪᠡᠷ ᠠᠵᠢᠭᠯᠠᠵᠦ ᠠᠮᠵᠢᠯ᠎ᠠ᠃ ᠭᠡᠷ ᠲᠤ᠌
ᠨᠢ ᠰᠤᠷᠪᠤᠯᠵᠢᠯᠠᠬᠤ ᠪᠡᠷ ᠢᠷᠡᠭᠰᠡᠨ ᠮᠠᠨᠤᠰᠢ ᠲᠡᠳᠡ ᠦᠯᠦ ᠲᠠᠨᠢᠬᠤ ᠬᠦᠮᠦᠨ᠂ ᠶᠠᠷᠰᠢᠭ ᠲᠦᠪᠡᠭ ᠲᠠᠢ
ᠤᠯᠤᠰ ᠭᠡᠵᠦ ᠲᠦᠪᠡᠭᠰᠢᠶᠡᠭᠰᠡᠨ ᠮᠠᠶᠢᠭ ᠶᠠᠭ ᠦᠬᠡᠢ ᠪᠦᠬᠡᠳ ᠪᠦᠷ ᠯᠡ ᠦᠬᠡᠳᠡ ᠴᠢᠷᠠᠢ ᠲᠠᠢ ᠠᠭᠤᠯᠵᠠᠵᠦ᠂
ᠢᠳᠡᠬᠦᠯᠵᠦ ᠤᠤᠭᠤᠯᠭᠠᠬᠤ ᠬᠡᠮᠡᠨ ᠬᠠᠯᠭᠤᠮᠰᠤᠭ ᠨᠢ ᠠᠷᠭ᠎ᠠ ᠦᠬᠡᠢ ᠪᠠᠢᠯ᠎ᠠ᠃
— ᠪᠢ ᠬᠤᠰᠢᠭᠤᠨᠤ ᠲᠤᠷᠰᠢᠯᠲᠠ ᠵᠢᠨ ᠦᠨᠳᠦᠷ
ᠵᠡᠷᠭᠡ ᠵᠢᠨ ᠳᠤᠮᠳᠠᠳᠤ ᠰᠤᠷᠭᠠᠭᠤᠯᠢ ᠳᠦ ᠠᠩᠭᠯᠢ ᠬᠡᠯᠡ ᠵᠢᠭᠠᠵᠦ ᠪᠤᠢ᠃ ᠮᠠᠨ ᠤ ᠶᠡᠷᠡ ᠭᠠᠷᠤᠭᠰᠠᠨ
ᠬᠠᠳᠠᠮ ᠡᠪᠦᠬᠡ ᠡᠮᠡᠬᠡ ᠪᠢᠳᠡᠨ ᠲᠠᠢ ᠬᠠᠮᠲᠤ ᠠᠮᠢᠳᠤᠷᠠᠳᠠᠭ ᠪᠤᠯᠬᠤᠷ ᠮᠠᠨᠤᠳᠤ ᠠᠪᠠᠭ᠎ᠠ ᠪᠤᠯᠤᠨ
ᠠᠪᠠᠭ᠎ᠠ ᠡᠭᠡᠴᠢ ᠨᠠᠷ ᠪᠠᠢᠨᠭᠭᠤ ᠢᠷᠡᠵᠦ ᠡᠪᠦᠬᠡ ᠡᠮᠡᠭᠡ ᠵᠢ ᠬᠠᠷᠠᠭᠠᠯᠵᠠᠳᠠᠭ᠂ ᠤᠳᠤ ᠪᠤᠯ ᠨᠡᠡᠭ ᠡᠬᠡᠯᠵᠢ
ᠬᠠᠯᠠᠭ᠎ᠠ ᠪᠡᠷ ᠵᠢᠵᠢᠬᠦᠷᠯᠡᠵᠦ ᠪᠠᠢᠨ᠎ᠠ᠂ ᠡᠬᠦᠨᠳᠤ ᠨᠢ ᠪᠢᠳᠡ ᠴᠤ᠌ ᠭᠡᠰᠡᠨ ᠶᠡᠬᠡ ᠪᠠᠶᠠᠷᠯᠠᠵᠦ
ᠲᠠᠯᠠᠷᠬᠠᠵᠦ ᠶᠠᠪᠤᠳᠠᠭ᠃ ᠨᠡᠡᠭ ᠵᠢᠯ ᠴᠠᠭᠠᠨ ᠰᠠᠷ᠎ᠠ ᠪᠤᠶᠤ ᠪᠠᠶᠠᠷ ᠳᠤᠷᠠᠰᠬᠠᠯᠤᠨ ᠡᠳᠦᠷ ᠪᠤᠯ ᠮᠠᠨᠠᠢᠬᠢᠨᠳᠤ ᠨᠠᠰᠤᠲᠠᠢ ᠵᠠᠯᠠᠭᠤ ᠪᠦᠬᠦᠳᠡᠭᠡᠷ ᠵᠢᠨᠨ ᠴᠤᠭᠯᠠᠷᠠᠭᠠᠳ ᠬᠦᠷ ᠪᠠᠶᠠᠷ ᠵᠢᠡᠷ ᠪᠢᠯᠬᠠᠳᠠᠭ᠃ ᠡᠪᠦᠬᠡ
ᠡᠮᠡᠭᠡ ᠨᠠᠷ ᠡᠴᠡ ᠤᠯᠠᠮᠵᠢᠯᠠᠭᠰᠠᠨ ᠰᠢᠯᠢᠳᠡᠭ ᠤᠯᠠᠮᠵᠢᠯᠠᠯ ᠪᠠᠢᠬᠤ ᠪᠤᠯᠬᠤᠷ ᠮᠠᠨᠤ ᠭᠡᠷ ᠬᠦᠮᠦᠨ ᠠᠮᠠ
ᠤᠯᠠᠨᠲᠠᠢ᠂ ᠦᠨᠳᠦᠰᠦᠲᠡᠨ ᠠᠳᠠᠯᠢ ᠪᠤᠰᠤ ᠪᠤᠯᠪᠠᠴᠤ ᠬᠡᠷᠡᠬᠦᠯ ᠶᠠᠷᠬᠢᠶᠠᠨ ᠭᠡᠵᠦ ᠬᠡᠵᠢᠶᠡᠳᠡ ᠪᠠᠢᠳᠠᠭ
ᠦᠬᠡᠢ᠂ ᠤᠴᠢᠷ ᠨᠢ ᠪᠢᠳᠡ ᠪᠠᠰᠠ ᠬᠤᠵᠢᠮ ᠪᠦᠷ ᠦᠲᠡᠯᠦᠨ᠎ᠡ᠂ ᠦᠲᠡᠯᠵᠦ ᠬᠦᠭᠰᠢᠷᠡᠬᠦ ᠡᠴᠡ ᠮᠤᠯᠲᠤᠷᠠᠵᠦ
ᠴᠢᠳᠠᠬᠤ ᠬᠦᠮᠦᠨ ᠦᠬᠡᠢ᠂ ᠲᠡᠢᠮᠦ ᠪᠡᠷ ᠵᠢᠨᠨ ᠦᠷ᠎ᠡ ᠬᠡᠦᠬᠡᠳ ᠲᠤ᠌ ᠪᠠᠨ ᠰᠠᠢᠨ ᠳᠠᠭᠤᠷᠢᠶᠠᠯ ᠪᠤᠯᠬᠤ ᠵᠢ
ᠪᠢᠳᠡ ᠪᠦᠷ ᠬᠢᠴᠢᠶᠡᠳᠡᠭ᠃ ᠤᠳᠤ ᠮᠢᠨᠦ ᠬᠦᠦ ᠴᠤ᠌ ᠡᠪᠦᠬᠡ ᠡᠮᠡᠭᠡ ᠪᠠᠨ ᠬᠠᠮᠵᠢᠨ ᠨᠠᠰᠤᠲᠠᠢ ᠡᠯᠦᠨᠴᠡ ᠪᠠᠨ
ᠠᠰᠠᠷᠠᠬᠤᠳᠤ ᠲᠤᠰᠠ ᠳᠡᠮ ᠪᠤᠯᠴᠢᠬᠠᠳᠠᠭ ᠰᠢᠦ᠃ ᠡᠨᠡ ᠨᠢᠬᠡ ᠭᠡᠷᠤᠨ ᠵᠢᠨᠨ ᠰᠠᠢᠨ ᠰᠠᠢᠬᠠᠨᠤ
ᠲᠦᠯᠦᠬᠡ ᠦᠳᠡᠯᠦᠬᠡ ᠵᠠᠯᠠᠭᠤ ᠪᠦᠬᠦᠳᠡᠬᠡᠷ ᠵᠢᠨᠨ ᠨᠢᠬᠡ ᠯᠠ ᠰᠡᠳᠬᠢᠯ ᠵᠢᠡᠷ ᠴᠢᠷᠮᠠᠢᠵᠦ ᠪᠠᠢᠳᠠᠭ ᠡᠴᠡ
ᠶᠠᠳᠠᠷᠠᠯᠲᠠᠢ ᠪᠠᠢᠭᠰᠠᠨ ᠴᠤ᠌ ᠵᠢᠷᠭᠠᠯᠲᠠᠢ ᠰᠠᠨᠠᠭᠳᠠᠳᠠᠭ ᠭᠡᠵᠦ ᠪᠠᠢ ᠭᠤᠸᠠᠡᠭ ᠶᠤᠸᠠᠨᠤ ᠬᠦᠦ ᠪᠡᠷᠢ
ᠸᠠᠡᠭᠳ᠋ᠠᠨ ᠰᠤᠷᠪᠤᠯᠵᠢᠯᠠᠭ᠎ᠠ ᠬᠦᠯᠢᠶᠡᠬᠦᠳᠡᠭᠡᠨ ᠬᠡᠯᠡᠵᠦ ᠪᠠᠢᠯ᠎ᠠ᠃
《ᠦᠰᠬᠦ ᠮᠠᠯ ᠤᠨ ᠵᠢᠰᠦ ᠨᠢ ᠨᠢᠬᠡ᠂
ᠦᠬᠡᠳᠡᠯᠡᠬᠦ ᠭᠡᠷᠤᠨ ᠦᠬᠡ ᠨᠢ ᠨᠢᠬᠡ ᠭᠡᠳᠡᠭ》 ᠵᠢᠡᠷ᠂ ᠪᠠᠢ ᠭᠤᠸᠠᠡᠭ ᠶᠤᠸᠠᠨᠤ ᠨᠢᠬᠡ ᠭᠡᠷᠤᠨ ᠬᠡᠨ
ᠨᠢ ᠪᠤᠯᠪᠠᠴᠦ ᠬᠠᠢᠷ᠎ᠠ ᠪᠢᠯᠬᠠᠭᠰᠠᠨ ᠬᠠᠯᠠᠭᠤᠨ ᠳᠤᠯᠠᠭᠠᠨ ᠭᠡᠷ ᠪᠦᠯᠢ ᠪᠡᠷ ᠵᠢᠨᠨ ᠪᠠᠬᠠᠷᠬᠠᠵᠦ᠂ ᠬᠤᠪᠢ
ᠬᠤᠪᠢᠨ ᠳᠤ ᠪᠠᠨ ᠪᠦᠷ ᠵᠤᠯ ᠵᠢᠷᠭᠠᠯ ᠵᠢᠠᠨ ᠨᠠᠨᠳᠢᠩᠨᠠᠵᠤ᠂ ᠨᠠᠰᠤᠲᠠᠨ ᠵᠢᠨᠨ ᠬᠦᠨᠳᠦᠯᠡᠨ ᠨᠢᠯᠬᠠᠰ ᠵᠢᠨᠨ
ᠬᠠᠢᠷᠠᠯᠠᠵᠤ᠂ ᠲᠤᠰ ᠲᠤᠰᠤᠨ ᠬᠤᠪᠢᠳᠠᠭᠰᠠᠨ ᠠᠵᠢᠯᠳᠤ ᠪᠠᠨ ᠰᠢᠭᠤᠷᠬᠠᠢᠯᠠᠨ ᠠᠵᠠ ᠵᠢᠷᠭᠠᠯᠲᠤ ᠠᠮᠢᠳᠤᠷᠠᠯ
ᠵᠢᠨᠨ ᠴᠤᠭᠴᠠᠯᠠᠵᠦ ᠪᠠᠢᠭ᠎ᠠ ᠨᠢ ᠪᠠᠬᠠᠳᠤᠭᠤᠰᠢᠲᠠᠢ᠃ ᠲᠡᠳᠡ ᠡᠨᠡ ᠮᠡᠲᠦ ᠪᠡᠷ ᠭᠤᠷᠪᠠᠨ ᠦᠨᠳᠦᠰᠦᠲᠡᠨᠤ
ᠬᠦᠮᠦᠰ ᠨᠢᠬᠡ ᠭᠡᠷ ᠪᠦᠯᠢᠳᠤ ᠳᠦᠷᠪᠡᠨ ᠦᠶ᠎ᠡ ᠪᠡᠷ ᠵᠢᠨᠨ ᠡᠶ᠎ᠡ ᠨᠠᠢᠷᠲᠠᠢ ᠬᠠᠮᠲᠤ ᠠᠮᠢᠳᠤᠷᠠᠵᠦ᠂ ᠠᠨᠠᠷᠤᠨ ᠦᠷ᠎ᠡ ᠮᠡᠲᠦ ᠪᠦᠯᠬᠦᠮᠳᠡᠨ ᠨᠢᠬᠲᠠᠷᠠᠵᠦ᠂ ᠦᠨᠳᠦᠰᠦᠲᠡᠨᠤ ᠪᠦᠯᠬᠦᠮᠳᠡᠯᠤᠨ ᠦᠯᠢᠬᠡᠷ ᠵᠢᠱ᠌ᠢᠶ᠎ᠡ
ᠪᠤᠯᠵᠦ ᠨᠡᠢᠲᠡ ᠲᠦᠮᠡᠨ ᠳᠡᠭᠡᠨ ᠱᠠᠭᠰᠢᠭᠳᠠᠨ ᠪᠠᠢᠨ᠎ᠠ᠃