ᠮᠠᠨ᠎ᠤ ᠤᠯᠤᠰ᠎ᠤᠨ ᠠᠩᠬᠠᠳᠠᠭ᠍ᠴᠢ ᠵᠢᠯ᠎ᠳᠦ ᠵᠠᠭᠤᠨ ᠲᠦᠮᠡᠨ ᠲᠣᠨ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ ᠣᠷᠣᠭᠤᠯᠬᠤ ᠴᠢᠯᠠᠭᠤᠨ ᠲᠣᠰᠣᠨ᠎ᠤ ᠠᠭᠤᠷᠬᠠᠢ ᠰᠢᠨᠵᠢᠶᠠᠩ᠎ᠳᠤ ᠪᠠᠢᠭᠤᠯᠤᠭᠳᠠᠪᠠ
2025-12-30 11:12:07
ᠵᠣᠬᠢᠶᠠᠭ᠍ᠴᠢ᠄
ᠬᠦ ᠢᠦᠢ
ᠣᠩᠱᠢᠭ᠍ᠰᠠᠨ ᠣᠳᠠᠭ᠎ᠠ᠄
★★★☆☆

ᠳᠤᠮᠳᠠᠳᠤ ᠤᠯᠤᠰ᠎ᠤᠨ ᠴᠢᠯᠠᠭᠤᠨ ᠲᠤᠰᠤᠨ᠎ᠤ ᠪᠦᠯᠦᠭᠯᠡᠯ᠎ᠦᠨ 29᠎ᠤ᠋ ᠡᠳᠦᠷ ᠨᠡᠢᠲᠡᠯᠡᠭᠰᠡᠨ ᠮᠡᠳᠡᠭᠡ᠎ᠡᠴᠡ ᠦᠵᠡᠪᠡᠯ᠂ 12 ᠰᠠᠷ᠎ᠠ᠎ᠶᠢᠨ 28᠎ᠤ᠋ ᠡᠳᠦᠷ ᠪᠣᠯᠲᠠᠯ᠎ᠠ᠂ ᠳᠤᠮᠳᠠᠳᠤ ᠤᠯᠤᠰ᠎ᠤᠨ ᠴᠢᠯᠠᠭᠤᠨ ᠲᠤᠰᠤᠨ᠎ᠤ ᠰᠢᠨᠵᠢᠶᠠᠩ᠎ᠤᠨ ᠴᠢᠯᠠᠭᠤᠨ ᠲᠤᠰᠤᠨ᠎ᠤ ᠠᠭᠤᠷᠬᠠᠢ᠎ᠶᠢᠨ ᠡᠨᠡ ᠵᠢᠯ᠎ᠦᠨ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠦᠨ ᠣᠷᠣᠭᠤᠯᠤᠯᠲᠠ᠎ᠶᠢᠨ ᠬᠡᠮᠵᠢᠶ᠎ᠡ 100 ᠲᠦᠮᠡᠨ ᠲᠣᠨ᠎ᠢ ᠳᠠᠪᠠᠵᠤ᠂ ᠮᠠᠨ᠎ᠤ ᠤᠯᠤᠰ᠎ᠤᠨ ᠵᠢᠯ᠎ᠳᠦ ᠵᠠᠭᠤᠨ ᠲᠦᠮᠡᠨ ᠲᠣᠨ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠦᠨ ᠣᠷᠣᠭᠤᠯᠤᠯᠲᠠ᠎ᠶᠢ ᠪᠡᠶᠡᠯᠡᠭᠦᠯᠦᠭᠰᠡᠨ ᠠᠩᠬᠠᠳᠠᠭ᠍ᠴᠢ ᠴᠢᠯᠠᠭᠤᠨ ᠲᠤᠰᠤᠨ᠎ᠤ ᠠᠭᠤᠷᠬᠠᠢ ᠪᠣᠯᠵᠠᠢ᠃ ᠡᠨᠡ ᠨᠢ ᠰᠢᠨᠵᠢᠶᠠᠩ᠎ᠤᠨ ᠴᠢᠯᠠᠭᠤᠨ ᠲᠣᠰᠣᠨ᠎ᠤ ᠠᠭᠤᠷᠬᠠᠢ᠎ᠶᠢᠨ CCUS (ᠨᠡᠭᠦᠷᠡᠰᠦᠲᠥ᠋ᠷᠥᠭᠴᠢ᠎ᠶᠢ ᠬᠤᠷᠠᠭᠤᠯᠬᠤ᠂ ᠠᠰᠢᠭ᠍ᠯᠠᠬᠤ ᠪᠠ ᠪᠢᠲᠡᠭᠦᠮᠵᠢᠯᠡᠨ ᠬᠠᠳᠠᠭᠠᠯᠠᠬᠤ) ᠮᠡᠷᠭᠡᠵᠢᠯ᠎ᠢ ᠬᠡᠪᠴᠢᠶᠡᠵᠢᠭᠦᠯᠦᠨ ᠬᠡᠷᠡᠭᠯᠡᠬᠦ ᠲᠠᠯ᠎ᠠ᠎ᠪᠠᠷ ᠵᠠᠩᠭᠢᠯᠠᠭ᠎ᠠ᠎ᠶᠢᠨ ᠨᠢᠭᠡ ᠠᠯᠬᠤᠮ᠎ᠢ ᠠᠯᠬᠤᠭᠰᠠᠨ᠎ᠢ ᠬᠠᠷᠠᠭᠤᠯᠵᠤ᠂ ᠮᠠᠨ᠎ᠤ ᠤᠯᠤᠰ᠎ᠤᠨ ᠴᠢᠯᠠᠭᠤᠨ ᠲᠣᠰᠣ ᠬᠡᠢ᠎ᠶᠢ ᠨᠡᠭᠡᠭᠡᠨ ᠮᠠᠯᠲᠠᠬᠤ᠎ᠳᠤ ᠨᠡᠭᠦᠷᠡᠰᠦᠲᠥ᠋ᠷᠥᠭᠴᠢ ᠵᠢᠨ ᠭᠠᠳᠠᠭᠰᠢᠯᠠᠭᠤᠯᠤᠯᠳᠠ ᠣᠷᠭᠢᠯ ᠬᠡᠮᠵᠢᠭᠳᠡᠯ᠎ᠳᠤ ᠬᠦᠷᠬᠦ᠂ ᠨᠡᠭᠦᠷᠡᠰᠦᠲᠥ᠋ᠷᠥᠭᠴᠢ᠎ᠶᠢ ᠰᠠᠭᠠᠷᠮᠠᠭᠵᠢᠭᠤᠯᠬᠤ ᠬᠠᠷᠠᠯᠲᠠ᠎ᠶᠢ ᠪᠡᠶᠡᠯᠡᠭᠦᠯᠬᠦ᠎ᠳᠦ ᠴᠢᠬᠤᠯᠠ ᠮᠡᠷᠭᠡᠵᠢᠯ᠎ᠦᠨ ᠲᠤᠯᠭᠠᠭᠤᠷᠢᠯᠠᠯ ᠪᠠ ᠦᠢᠯᠡᠳᠦᠯᠭᠡ᠎ᠶᠢᠨ ᠠᠷᠭ᠎ᠠ ᠵᠠᠮ ᠬᠠᠩᠭᠠᠭᠰᠠᠨ ᠪᠠᠢᠨ᠎ᠠ᠃

ᠰᠢᠨᠵᠢᠶᠠᠩ᠎ᠤᠨ ᠴᠢᠯᠠᠭᠤᠨ ᠲᠣᠰᠣᠨ᠎ᠤ ᠠᠭᠤᠷᠬᠠᠢ ᠪᠣᠯ ᠵᠦᠩᠭᠠᠷ᠎ᠤᠨ ᠬᠣᠲᠣᠭᠣᠷ᠎ᠲᠤ ᠪᠠᠢᠷᠢᠯᠠᠵᠤ᠂ ᠰᠢᠨ᠎ᠡ ᠳᠤᠮᠳᠠᠳᠤ ᠤᠯᠤᠰ᠎ᠤᠨ ᠠᠩᠬᠠᠨ᠎ᠤ ᠲᠣᠮᠣ᠌ ᠴᠢᠯᠠᠭᠤᠨ ᠲᠣᠰᠣᠨ᠎ᠤ ᠠᠭᠤᠷᠬᠠᠢ ᠪᠣᠯᠣᠨ᠎ᠠ᠃ CCUS ᠨᠢ ᠳᠠᠷᠤᠢ ᠦᠢᠯᠡᠳᠪᠦᠷᠢᠯᠡᠯ᠎ᠦᠨ ᠶᠠᠪᠤᠴᠠ᠎ᠳᠤ ᠢᠯᠭᠠᠷᠠᠭᠤᠯᠤᠭᠰᠠᠨ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠢ ᠴᠤᠭᠯᠠᠭᠤᠯᠤᠨ ᠴᠡᠪᠡᠷᠰᠢᠭᠦᠯᠵᠦ᠂ ᠵᠠᠯᠭᠠᠭᠠᠳ ᠰᠢᠨ᠎ᠡ ᠦᠢᠯᠡᠳᠪᠦᠷᠢᠯᠡᠯ᠎ᠦᠨ ᠶᠠᠪᠤᠴᠠ᠎ᠳᠤ ᠣᠷᠣᠭᠤᠯᠤᠨ ᠳᠠᠬᠢᠨ ᠠᠰᠢᠭ᠍ᠯᠠᠬᠤ ᠪᠠ ᠪᠢᠲᠡᠭᠦᠮᠵᠢᠯᠡᠨ ᠬᠠᠳᠠᠭᠠᠯᠠᠬᠤ᠎ᠶᠢ ᠬᠡᠯᠡᠨ᠎ᠡ᠃ ᠰᠢᠨᠵᠢᠶᠠᠩ᠎ᠤᠨ ᠴᠢᠯᠠᠭᠤᠨ ᠲᠣᠰᠣᠨ᠎ᠤ ᠠᠭᠤᠷᠬᠠᠢ᠎ᠶᠢᠨ ᠵᠢᠱ᠌ᠢᠯᠲᠡ᠎ᠪᠡᠷ᠂ 100 ᠲᠦᠮᠡᠨ ᠲᠣᠨ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠢ ᠣᠷᠣᠭᠤᠯᠬᠤ ᠨᠢ 900 ᠲᠦᠮᠡ ᠰᠢᠬᠠᠮ ᠰᠠᠭᠤᠷᠢ ᠮᠣᠳᠣ᠌ ᠳᠠᠷᠢᠭ᠍ᠰᠠᠨ᠎ᠲᠠᠢ ᠲᠡᠩᠴᠡᠨ᠎ᠡ᠃

《ᠲᠣᠰ ᠵᠠᠭᠤᠨ᠎ᠤ ᠡᠬᠢᠨ᠎ᠳᠦ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠢᠶᠡᠷ ᠲᠣᠰᠣ᠌ ᠰᠠᠯᠭᠠᠬᠤ ᠶᠠᠪᠤᠳᠠᠯ᠎ᠢ ᠬᠠᠮᠤᠭ᠎ᠤᠨ ᠲᠦᠷᠦᠭᠦᠨ᠎ᠳᠦ ᠬᠠᠢᠨ ᠰᠦᠪᠡᠭᠴᠢᠯᠡᠭᠰᠡᠨ᠎ᠡᠴᠡ ᠨᠠᠭᠠᠰᠢ᠂ ᠪᠢᠳᠡ ᠬᠠᠮᠢᠶᠠᠷᠤᠯᠲᠠ᠂ ᠮᠡᠷᠭᠡᠵᠢᠯ᠂ ᠠᠵᠤ ᠦᠢᠯᠡᠰ᠎ᠦᠨ 〈ᠭᠤᠷᠪᠠᠨ ᠬᠦᠷᠳᠦ᠎ᠪᠡᠷ ᠬᠥᠳᠡᠯᠭᠡᠭᠦᠷ ᠪᠣᠯᠭᠠᠬᠤ〉 ᠪᠡᠷ ᠳᠠᠮᠵᠢᠨ᠂ ᠭᠠᠵᠠᠷ ᠰᠢᠨᠵᠢᠯᠡᠭᠡᠨ᠎ᠦ ᠲᠣᠰᠣᠨ᠎ᠤ ᠬᠠᠳᠠᠭᠠᠯᠠᠭᠳᠡᠴᠡ᠂ ᠮᠡᠷᠭᠡᠰᠢᠯ᠎ᠤᠨ ᠲᠣᠬᠢᠷᠠᠭᠤᠯᠤᠯᠲᠠ ᠵᠡᠷᠭᠡ ᠠᠯᠢ ᠣᠯᠠᠨ ᠮᠡᠷᠭᠡᠵᠢᠯ᠎ᠦᠨ ᠪᠣᠭᠣᠮᠢ᠎ᠶᠢ ᠰᠢᠪᠲᠤᠯᠵᠤ᠂〈ᠨᠡᠭᠦᠷᠡᠰᠦᠲᠥ᠋ᠷᠥᠭᠴᠢ᠎ᠶᠢᠨ ᠡᠬᠢ ᠰᠤᠷᠪᠤᠯᠵᠢ᠎ᠶᠢᠨ ᠬᠠᠩᠭᠠᠯᠭ᠎ᠠ᠎ᠶᠢ ᠪᠠᠲᠤᠯᠠᠬᠤ᠂ ᠥᠨᠳᠥᠷ ᠪᠦᠲᠦᠮᠵᠢᠲᠡᠶ᠎ᠪᠡᠷ ᠰᠠᠯᠭᠠᠬᠤ᠂ ᠠᠮᠤᠷ ᠲᠦᠪᠰᠢᠨ᠎ᠢᠶᠡᠷ ᠪᠢᠲᠡᠭᠦᠮᠵᠢᠯᠡᠬᠦ〉᠂ 〈ᠵᠦᠩᠭᠠᠷ᠎ᠤᠨ ᠵᠠᠭᠪᠤᠷ〉 ᠢ᠋ ᠠᠯᠬᠤᠮ ᠠᠯᠬᠤᠮ᠎ᠢᠶᠠᠷ ᠪᠣᠶ ᠪᠣᠯᠭᠠᠵᠠᠢ》᠃ ᠰᠢᠨᠵᠢᠶᠠᠩ᠎ᠤᠨ ᠴᠢᠯᠠᠭᠤᠨ ᠲᠣᠰᠣᠨ᠎ᠤ ᠠᠭᠤᠷᠬᠠᠢ᠎ᠶᠢᠨ ᠭᠦᠢᠴᠡᠳᠬᠡᠭᠴᠢ ᠬᠡᠷᠡᠭ ᠮᠡᠳᠡᠭᠴᠢ᠂ ᠨᠠᠮ᠎ᠤᠨ ᠬᠣᠷᠢᠶ᠎ᠡ ᠵᠢᠨ ᠱᠦᠵᠢ ᠱᠢ ᠳ᠋ᠣᠣ ᠬᠠᠨ᠂ ᠴᠢᠯᠠᠭᠤᠨ ᠲᠣᠰᠣᠨ᠎ᠤ ᠠᠭᠤᠷᠬᠠᠢ᠎ᠶᠢᠨ ᠵᠢᠯ᠎ᠦᠨ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠦᠨ ᠤᠷᠤᠭᠤᠯᠤᠯᠲᠠ᠎ᠵᠢᠨ ᠬᠡᠮᠵᠢᠶ᠎ᠡ 2022 ᠣᠨ᠎ᠳᠤ 12.6 ᠲᠦᠮᠡᠨ ᠲᠣᠨ ᠪᠠᠢᠭᠰᠠᠨ᠎ᠡᠴᠡ᠎ᠪᠠᠨ ᠳᠡᠭᠡᠭᠰᠢᠯᠡᠭᠡᠳ 2025 ᠣᠨ᠎ᠳᠤ 100 ᠲᠦᠮᠡᠨ ᠲᠣᠨ ᠪᠣᠯᠵᠤ ᠂ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠦᠨ ᠣᠷᠣᠭᠤᠯᠤᠯᠲᠠ ᠨᠡᠶ᠋ᠢᠲᠡ 200 ᠲᠦᠮᠡᠨ ᠲᠣᠨ᠎ᠢ ᠳᠠᠪᠠᠵᠠᠢ ᠭᠡᠪᠡ᠃

ᠰᠤᠷᠪᠤᠯᠵᠢᠯᠠᠭ᠍ᠴᠢ ᠰᠢᠨᠵᠢᠶᠠᠩ᠎ᠤᠨ ᠴᠢᠯᠠᠭᠤᠨ ᠲᠣᠰᠣᠨ᠎ᠤ ᠠᠭᠤᠷᠬᠠᠢ᠎ᠶᠢᠨ ᠲᠣᠰᠣ᠌ ᠭᠠᠷᠭᠠᠬᠤ ᠬᠣᠶᠠᠳᠤᠭᠠᠷ ᠦᠢᠯᠡᠳᠪᠦᠷᠢ᠎ᠶᠢᠨ ᠨᠠᠢ᠍ᠮᠠᠳᠤᠭᠠᠷ ᠲᠣᠭᠣᠷᠢᠭ᠋᠎ᠤᠨ 530 ᠬᠤᠳᠳᠤᠭ᠎ᠤᠨ ᠲᠣᠭᠣᠷᠢᠭ᠋᠎ᠤᠨ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠢ ᠬᠣᠯᠢᠯᠳᠤᠭᠤᠯᠬᠤ ᠲᠤᠷᠰᠢᠯᠲᠠ᠎ᠶᠢᠨ ᠥᠷᠲᠡᠭᠡᠨ᠎ᠡᠴᠡ᠂ ᠵᠢᠵᠢᠭᠦᠷ᠎ᠤᠨ ᠠᠵᠢᠯᠲᠠᠨ ᠬᠥᠨᠭᠭᠡᠬᠡᠨ ᠳᠠᠷᠤᠮᠠᠭᠴᠠ᠂ ᠬᠡᠳᠦᠨ ᠠᠷᠪᠠᠨ ᠺᠢᠯᠣᠮᠧᠲᠷ᠎ᠦᠨ ᠴᠠᠭᠠᠨᠠᠬᠢ 80516 ᠬᠤᠳᠳᠤᠭ᠎ᠤᠨ ᠬᠠᠵᠠᠭᠤ᠎ᠳᠤ 10 ᠮᠧᠲᠷ ᠤᠷᠲᠤ᠂ 5 ᠮᠧᠲᠷ ᠥᠨᠳᠥᠷ ᠬᠤᠮᠵᠢᠶ᠎ᠠ ᠬᠡᠯᠪᠡᠷᠢ᠎ᠲᠠᠢ ᠴᠠᠭᠠᠨ ᠥᠩᠭᠡᠲᠦ ᠰᠠᠪᠠ ᠨᠢ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠢ ᠲᠠᠰᠤᠷᠠᠯᠲᠠ ᠦᠭᠡᠢ ᠭᠠᠵᠠᠷ ᠳᠣᠣᠷ᠎ᠠ ᠣᠷᠣᠭᠤᠯᠵᠤ᠂ ᠳᠠᠭᠠᠤ᠎ᠳᠤᠨᠢ ᠳᠡᠯᠭᠡᠴᠡ ᠳᠡᠭᠡᠷᠡᠬᠢ 80516 ᠬᠤᠳᠳᠤᠭ᠎ᠤᠨ ᠲᠣᠰᠣᠨ᠎ᠤ ᠳᠠᠷᠤᠯᠲᠠ ᠠᠭᠠᠵᠢᠮ᠎ᠢᠶᠠᠷ ᠳᠡᠭᠡᠭᠰᠢᠯᠡᠵᠦ ᠪᠠᠢᠬᠤ ᠵᠢ ᠤᠯᠵᠤ ᠬᠠᠷᠠᠵᠠᠢ᠃

《CCUS ᠎ᠢ᠋ ᠬᠥᠭᠵᠢᠭᠦᠯᠬᠦ ᠨᠢ ᠤᠯᠤᠰ᠎ᠤᠨ 〈ᠬᠣᠣᠰ ᠨᠡᠭᠦᠷᠡᠰᠦᠲᠥ᠋ᠷᠥᠭᠴᠢ〉 ᠶ᠋ᠢᠨ ᠪᠠᠢᠯᠳᠤᠬᠤ ᠪᠣᠳᠣᠯᠭ᠎ᠠ᠎ᠳᠤ ᠦᠢᠯᠡᠴᠢᠯᠡᠬᠦ᠎ᠪᠡᠷ ᠪᠠᠷᠠᠬᠤ ᠦᠭᠡᠢ ᠲᠦᠭᠦᠬᠡᠢ ᠴᠢᠯᠠᠭᠤᠨ ᠲᠣᠰᠣᠨ᠎ᠤ ᠭᠠᠷᠭᠠᠯᠲᠠ᠎ᠶᠢᠨ ᠨᠣᠷᠮ᠎ᠠ᠎ᠶᠢ ᠴᠤ᠌ ᠶᠡᠬᠡ᠎ᠪᠡᠷ ᠳᠡᠭᠡᠭᠰᠢᠯᠡᠭᠦᠯᠵᠦ᠂ ᠤᠯᠤᠰ᠎ᠤᠨ ᠡᠨᠧᠷᠭᠢ᠎ᠶᠢᠨ ᠠᠮᠤᠷ ᠲᠦᠪᠰᠢᠨ᠎ᠢ ᠪᠠᠲᠤᠯᠠᠬᠤ᠎ᠳᠤ ᠪᠠᠢᠯᠳᠤᠬᠤ ᠪᠣᠳᠣᠯᠭ᠎ᠠ᠎ᠶᠢᠨ ᠠᠴᠢ ᠬᠣᠯᠪᠣᠭᠳᠠᠯ᠎ᠲᠠᠢ ᠶᠤᠮ》᠃ ᠰᠢᠨᠵᠢᠶᠠᠩ᠎ᠤᠨ ᠴᠢᠯᠠᠭᠤᠨ ᠲᠣᠰᠣᠨ᠎ᠤ ᠠᠭᠤᠷᠬᠠᠢ᠎ᠶᠢᠨ ᠨᠡᠭᠡᠭᠡᠨ ᠬᠥᠭᠵᠢᠭᠦᠯᠦᠯᠲᠡ᠎ᠶᠢᠨ ᠠᠵᠢᠯ ᠦᠢᠯᠡᠰ᠎ᠦᠨ ᠬᠡᠯᠲᠡᠰ᠎ᠦᠨ ᠳᠠᠭᠠᠭᠠᠮᠠᠯ ᠳ᠋ᠢᠩ ᠴᠤᠤ᠂ ᠨᠡᠭᠦᠷᠡᠰᠦᠲᠥ᠋ᠷᠥᠭᠴᠢ᠎ᠶᠢᠨ ᠳᠠᠪᠬᠤᠷ ᠢᠰᠦᠯ᠎ᠢ ᠣᠷᠣᠭᠤᠯᠵᠤ ᠲᠣᠰᠣ᠌ ᠰᠠᠯᠭᠠᠬᠤ᠎ᠳᠦ᠂ ᠨᠡᠭᠡᠭᠡᠨ ᠮᠠᠯᠲᠠᠬᠤ ᠦᠷ᠎ᠡ ᠪᠦᠲᠦᠮᠵᠢ ᠨᠢ ᠤᠯᠠᠮᠵᠢᠯᠠᠯᠲᠤ ᠤᠰᠤ ᠪᠡᠷ ᠰᠠᠯᠭᠠᠬᠤ᠎ᠡᠴᠡ ᠢᠯᠡᠳᠲᠡ ᠳᠡᠭᠡᠭᠰᠢᠯᠡᠵᠦ᠂ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ᠎ᠶᠢ ᠪᠠᠭᠠᠰᠬᠠᠬᠤ ᠪᠠ ᠭᠠᠷᠤᠯᠲᠠ᠎ᠶᠢ ᠨᠡᠮᠡᠭᠳᠡᠭᠦᠯᠦᠨ ᠬᠠᠮᠲᠤ᠎ᠪᠠᠷ ᠠᠰᠢᠭ᠋ ᠭᠥᠷᠳᠡᠬᠦ᠎ᠶᠢ ᠪᠡᠶᠡᠯᠡᠭᠦᠯᠵᠡᠢ ᠭᠡᠵᠤ ᠢᠯᠡᠳᠬᠡᠪᠡ᠃

ᠵᠦᠩᠭᠠᠷ᠎ᠤᠨ ᠬᠣᠲᠣᠭᠣᠷ ᠪᠣᠯ ᠤᠯᠤᠰ᠎ᠤᠨ ᠴᠢᠬᠤᠯᠠ ᠡᠨᠧᠷᠭᠢ᠎ᠶᠢᠨ ᠰᠠᠭᠤᠷᠢᠨ ᠪᠣᠯᠣᠨ᠎ᠠ᠃ ᠰᠢᠨᠵᠢᠶᠠᠩ᠎ᠤᠨ ᠴᠢᠯᠠᠭᠤᠨ ᠲᠣᠰᠣᠨ᠎ᠤ ᠠᠭᠤᠷᠬᠠᠢ᠎ᠶᠢᠨ ᠦᠢᠯᠡᠳᠪᠦᠷᠢᠯᠡᠯ᠎ᠦᠨ ᠣᠷᠣᠨ ᠪᠦᠰᠡ᠎ᠶᠢᠨ ᠳᠣᠲᠣᠷ᠎ᠠ ᠨᠡᠭᠦᠷᠡᠰᠦᠲᠥ᠋ᠷᠥᠭᠴᠢ᠎ᠶᠢ ᠲᠠᠯᠳᠠᠯᠠᠬᠤ ᠴᠢᠳᠠᠪᠤᠷᠢ ᠨᠢ ᠬᠣᠷᠢᠨ ᠳ᠋ᠦᠩᠰᠢᠭᠤᠷ ᠲᠣᠨ᠎ᠤ ᠳᠡᠰ᠎ᠲᠤ ᠬᠦᠷᠴᠦ᠂ ᠡᠷᠭᠢᠨ ᠲᠣᠭᠣᠷᠢᠨ᠎ᠳᠦ ᠠᠵᠤ ᠦᠢᠯᠡᠳᠪᠦᠷᠢ ᠠᠵᠤ ᠠᠬᠤᠢᠯᠠᠯ ᠲᠥᠪᠯᠡᠷᠡᠵᠦ᠂ ᠠᠵᠤ ᠦᠢᠯᠡᠰ᠎ᠦᠨ ᠬᠠᠮᠵᠢᠯᠴᠠᠬᠤ ᠴᠢᠨᠠᠷ᠎ᠢᠶᠠᠷ ᠴᠢᠩᠭ᠎ᠠ ᠪᠠᠢᠵᠤ᠂ CCUS ᠤ᠋ᠨ ᠠᠵᠤ ᠦᠢᠯᠡᠰ᠎ᠦᠨ ᠪᠥᠭᠡᠮᠨᠡᠷᠡᠯ᠎ᠢ ᠶᠡᠬᠡ᠎ᠪᠡᠷ ᠬᠥᠭᠵᠢᠭᠦᠯᠬᠦ ᠠᠰᠢᠭ᠍ᠲᠠᠢ ᠨᠥᠬᠥᠴᠡᠯ᠎ᠢ ᠪᠦᠷᠢᠯᠳᠦᠭᠦᠯᠦᠭᠰᠡᠨ ᠪᠠᠢᠨ᠎ᠠ᠃

ᠰᠢᠨᠬᠤᠸᠠ ᠬᠣᠷᠢᠶ᠎ᠡ ᠵᠢᠨ ᠦᠷᠦᠮᠴᠢ᠎ᠶᠢᠨ 12 ᠰᠠᠷ᠎ᠠ᠎ᠶᠢᠨ 29 ᠎ᠤ᠋ ᠴᠠᠬᠢᠯᠭᠠᠨ ᠮᠡᠳᠡᠭᠡ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号