— ᠦᠭᠡᠷᠳᠤᠬᠤᠢ ᠵᠢᠨ ᠬᠠᠲᠤᠨ ᠭᠤᠤᠯ᠎ᠤᠨ ᠶᠡᠬᠡ ᠬᠠᠪᠴᠢᠯ᠎ᠤᠨ ᠵᠢᠭᠤᠯᠴᠢᠯᠠᠯ᠎ᠤᠨ ᠤᠷᠤᠨ᠎ᠤ ᠲᠦᠷᠦᠯ ᠵᠦᠢᠯ᠎ᠢ ᠲᠡᠮᠳᠡᠭᠯᠡᠪᠠ
ᠤᠢᠷ᠎ᠠ ᠳ᠋ᠤ᠂ ᠬᠥᠬᠡᠬᠣᠲᠠ᠎ᠶ᠋ᠢᠨ ᠴᠢᠨᠭ ᠱᠦᠢ ᠾᠧ ᠰᠢᠶᠠᠨ᠎ᠤ ᠦᠭᠡᠷᠳᠤᠬᠤᠢ ᠵᠢᠨ ᠬᠠᠲᠤᠨ ᠭᠤᠤᠯ᠎ᠤᠨ ᠶᠡᠬᠡ ᠬᠠᠪᠴᠢᠯ᠎ᠤᠨ ᠵᠢᠭᠤᠯᠴᠢᠯᠠᠯ᠎ᠤᠨ ᠣᠷᠣᠨ 《ᠵᠢᠭᠤᠯᠴᠢᠯᠠᠯ᠎ᠢᠶᠡᠷ ᠡᠯ᠎ᠠ ᠦᠨᠳᠦᠰᠦᠳᠡᠨ᠎ᠤ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠢ ᠠᠬᠢᠭᠤᠯᠬᠤ ᠲᠦᠯᠦᠪᠯᠡᠭᠡ ᠵᠢᠨ ᠲᠤᠷᠱᠢᠯᠲᠠ᠎ᠶ᠋ᠢᠨ ᠴᠡᠭ᠎ᠦᠨ ᠲᠥᠷᠥᠯ ᠵᠦᠶ᠋ᠯ᠎ᠦᠨ ᠨᠡᠷᠡᠰ》ᠲᠸ᠋ ᠠᠮᠵᠢᠯᠲᠠ᠎ᠲᠠᠶ ᠰᠣᠩᠭᠣᠭ᠍ᠳᠠᠪᠠ᠃ ᠬᠥᠬᠡᠬᠣᠲᠠ᠎ᠶ᠋ᠢᠨ ᠴᠢᠩ ᠱᠦᠢ ᠾᠧ ᠱᠢᠶᠠᠨ᠎ᠤ ᠡᠮᠦᠨ᠎ᠡ ᠬᠡᠰᠡᠭ ᠲᠡᠬᠢ ᠦᠭᠡᠷᠳᠤᠬᠤᠢ ᠵᠢᠨ ᠬᠠᠲᠤᠨ ᠭᠣᠣᠯ᠎ᠤᠨ ᠶᠡᠬᠡ ᠬᠠᠪᠴᠢᠯ᠎ᠤᠨ ᠵᠢᠭᠤᠯᠴᠢᠯᠠᠯ᠎ᠤᠨ ᠣᠷᠣᠨ ᠱᠠᠨ ᠰᠢ᠂ ᠥᠪᠥᠷ ᠮᠣᠩᠭᠣᠯ᠎ᠤᠨ ᠬᠠᠲᠤᠨ ᠭᠣᠸ᠋ᠯ᠎ᠤᠨ ᠶᠡᠬᠡ ᠬᠠᠪᠴᠢᠯ᠎ᠤᠨ ᠭᠣᠸ᠋ᠯ ᠬᠡᠰᠡᠭ ᠵᠢᠴᠢ ᠬᠠᠲᠤᠨ ᠭᠤᠤᠯ᠎ᠤᠨ 《ᠶᠡᠭᠡ ᠲᠤᠬᠤᠢ》 ᠶ᠋ᠢᠨ ᠥᠷᠥᠴᠡᠡ ᠳ᠋ᠤ ᠪᠠᠢᠷᠢᠯᠠᠵᠤ᠂ 《ᠬᠠᠲᠤᠨ ᠭᠤᠤᠯ᠎ᠤᠨ ᠨᠢᠭᠡᠳᠦᠭᠡᠷ ᠲᠤᠬᠤᠢ》᠂ 《ᠳᠤᠮᠳᠠᠳᠤ ᠤᠯᠤᠰ᠎ᠤᠨ ᠬᠠᠮᠤᠭ᠎ᠤᠨ ᠭᠣᠶᠣ ᠠᠷᠪᠠᠨ ᠶᠡᠬᠡ ᠬᠠᠪᠴᠢᠯ᠎ᠤᠨ ᠨᠢᠭᠡ》 ᠬᠡᠮᠡᠭ᠌ᠳᠡᠵᠦ᠍᠂ ᠲᠦᠷᠪᠠᠨ ᠵᠦᠭ ᠨᠢ᠋ᠮᠠᠨ ᠵᠤᠪᠬᠢᠰ᠎ᠦᠨ ᠵᠢᠭᠤᠯᠴᠢᠯᠠᠭᠰᠠᠳ᠎ᠢ ᠲᠠᠳᠠᠵᠤ ᠪᠤᠢ᠃

《ᠪᠠᠢᠭᠠᠯᠢ᠎ᠶ᠋ᠢᠨ ᠦᠵᠡᠮᠵᠢ ᠵᠢ ᠰᠤᠨᠢᠷᠬᠠᠬᠤ + ᠰᠣᠶᠣᠯ᠎ᠢ ᠪᠡᠶᠡᠴᠢᠯᠡᠨ ᠣᠢᠯᠠᠭᠠᠬᠤ》 ᠤᠯᠠᠨ ᠡᠰᠢᠳᠦ ᠪᠠᠢᠷᠢᠱᠢᠯ᠎ᠢ ᠪᠦᠷᠢᠯᠳᠦᠬᠦᠯᠪᠡ
ᠦᠭᠡᠷᠳᠤᠬᠤᠢ ᠵᠢᠨ ᠬᠠᠲᠤᠨ ᠭᠤᠤᠯ᠎ᠤᠨ ᠶᠡᠬᠡ ᠬᠠᠪᠴᠢᠯ᠎ᠤᠨ ᠵᠢᠭᠤᠯᠴᠢᠯᠠᠯ᠎ᠤᠨ ᠣᠷᠣᠨ 《ᠠᠮᠢ ᠠᠬᠤᠶ + ᠰᠣᠶᠣᠯ ᠵᠢᠭᠤᠯᠴᠢᠯᠠᠯ》᠎ᠢ᠋ ᠠᠭᠤᠰᠤᠯᠴᠠᠭᠤᠯᠬᠤ ᠣᠢᠯᠠᠭᠠᠭ᠍ᠳᠠᠬᠤᠨ᠎ᠢ ᠪᠠᠷᠢᠮᠲᠠᠯᠠᠵᠤ᠂ ᠬᠠᠲᠤᠨ ᠭᠤᠤᠯ᠎ᠤᠨ ᠬᠠᠪᠴᠢᠯ ᠪᠣᠯᠤᠨ ᠣᠷᠳᠣ ᠴᠠᠭᠠᠨ ᠬᠡᠷᠡᠮ᠎ᠦᠨ ᠠᠭᠤᠯᠵᠠᠷ᠎ᠤᠨ ᠥᠪᠡᠷᠮᠢᠴᠡ ᠡᠬᠢ ᠪᠠᠶᠠᠯᠢᠭ᠎ᠢ ᠭᠦᠶ᠋ᠴᠡᠳ ᠠᠭᠤᠳᠠᠯᠤᠭ᠍ᠰᠠᠨ᠎ᠢᠶᠠᠷ ᠪᠠᠷᠠᠬᠤ ᠥᠬᠡᠶ᠂ ᠨᠠᠩ ᠴᠤ᠌ ᠭᠦᠨ ᠵᠤᠵᠠᠭᠠᠨ ᠰᠣᠶᠣᠯ᠎ᠤᠨ ᠠᠭᠤᠯᠤᠭ᠍ᠳᠠᠬᠤᠨ᠎ᠢ ᠪᠠᠢᠭᠠᠯᠢ᠎ᠶ᠋ᠢᠨ ᠦᠨᠭᠭᠡ ᠦᠵᠡᠮᠵᠢ ᠲᠠᠢ ᠠᠭᠤᠰᠭᠠᠭ᠍ᠰᠠᠨ ᠪᠠᠢᠨ᠎ᠠ᠃ 《ᠪᠠᠢᠭᠠᠯᠢ᠎ᠶ᠋ᠢᠨ ᠦᠵᠡᠮᠵᠢ ᠵᠢ ᠰᠤᠨᠢᠷᠬᠠᠬᠤ + ᠰᠣᠶᠣᠯ᠎ᠢ ᠪᠡᠶᠡᠴᠢᠯᠡᠨ ᠣᠢᠯᠠᠭᠠᠬᠤ》ᠣᠯᠠᠨ ᠡᠱᠢᠲᠦ ᠪᠠᠢᠷᠢᠱᠢᠯ᠎ᠢ ᠪᠦᠷᠢᠯᠳᠦᠬᠦᠯᠵᠦ᠂ ᠦᠭᠡᠷᠳᠤᠬᠤᠢ ᠵᠢᠨ ᠬᠠᠲᠤᠨ ᠭᠤᠤᠯ᠎ᠤᠨ ᠶᠡᠬᠡ ᠬᠠᠪᠴᠢᠯ᠎ᠦᠨ ᠡᠯᠪᠡᠭ ᠪᠠᠶᠠᠯᠢᠭ ᠲᠡᠦᠭᠡ ᠰᠤᠶᠤᠯ᠎ᠦᠨ ᠡᠬᠢ ᠪᠠᠶᠠᠯᠢᠭ᠎ᠢ ᠬᠦᠡᠵᠡᠭᠡᠢ ᠠᠭᠤᠳᠠᠯᠵᠤ᠂ 《ᠬᠠᠢᠷ᠎ᠠ ᠪᠢᠯᠬᠠᠭᠰᠠᠨ ᠦᠭᠡᠷᠳᠤᠬᠤᠢ 》 ᠭᠡᠬᠦ ᠦᠵᠡᠭ᠌ᠳᠡᠯᠲᠦ ᠵᠦᠴᠦᠭᠡ ᠵᠢᠴᠢ 《ᠦᠭᠡᠷᠳᠤᠬᠤᠢ》᠂《ᠬᠤᠩ ᠬᠦᠧᠧ ᠬᠦᠧᠧ》 ᠵᠡᠷᠭᠡ 26 ᠵᠦᠶ᠋ᠯ᠎ᠦᠨ ᠰᠣᠶᠣᠯ᠎ᠤᠨ ᠪᠦᠳᠦᠭᠡᠯᠴᠢ ᠦᠢᠯᠡᠳᠬᠦᠨ᠎ᠢ ᠨᠡᠭᠡᠭᠡᠨ ᠬᠥᠭ᠌ᠵᠢᠭᠦᠯᠵᠦ᠍᠂ ᠶᠢᠰᠦᠨ ᠨᠤᠭᠤᠯᠤᠭ᠎ᠠ᠎ᠳᠤ ᠬᠠᠳᠤᠨ ᠭᠤᠤᠯ᠂ ᠬᠠᠲᠤᠨ ᠭᠣᠣᠯ᠎ᠤᠨ ᠱᠢᠯᠦᠭ ᠳᠠᠭᠤᠯᠠᠯ᠎ᠦᠨ ᠤᠷᠲᠤ ᠬᠣᠩᠭᠢᠯ᠂ ᠦᠭᠡᠷᠳᠤᠬᠤᠢ ᠵᠢᠨ ᠲᠣᠮᠣ ᠵᠦᠴᠦᠭᠡ᠎ᠶ᠋ᠢᠨ ᠲᠢᠶᠠᠲ᠋ᠷ ᠵᠡᠷᠭᠡ ᠤᠯᠠᠮᠵᠢᠯᠠᠯᠲᠤ ᠰᠣᠶᠣᠯ᠎ᠤᠨ ᠪᠡᠶᠡᠴᠢᠯᠡᠨ ᠣᠢᠯᠠᠭᠠᠬᠤ ᠲᠣᠭᠣᠷᠢᠭ ᠪᠠ ᠸᠠᠭᠠᠷ ᠱᠠᠭᠠᠵᠠᠩ᠂ ᠪᠥᠰ ᠤᠷᠠᠯᠠᠯ᠂ ᠴᠠᠭᠠᠰᠤᠨ ᠬᠠᠢᠴᠢᠯᠠᠮᠠᠯ ᠵᠡᠷᠭᠡ ᠪᠣᠳᠠᠰ᠎ᠤᠨ ᠪᠤᠰᠤ ᠰᠣᠶᠣᠯ᠎ᠤᠨ ᠥᠪ᠎ᠢ ᠪᠡᠶᠡᠴᠢᠯᠡᠨ ᠣᠢᠯᠠᠭᠠᠬᠤ ᠣᠷᠳᠣᠨ ᠭᠠᠷᠭᠠᠵᠤ᠂ ᠵᠢᠭᠤᠯᠴᠢᠯᠠᠭᠰᠠᠳ᠎ᠦᠨ ᠤᠯᠠᠮᠵᠢᠯᠠᠯᠲᠤ ᠰᠣᠶᠣᠯ᠎ᠢ ᠪᠡᠶᠡᠴᠢᠯᠡᠨ ᠣᠢᠯᠠᠭᠠᠬᠤ ᠱᠠᠭᠠᠷᠳᠡᠯᠭ᠎ᠠ ᠵᠢ ᠬᠠᠨᠭᠭᠠᠵᠠᠢ᠃

《 ᠪᠢᠳᠡ 〈ᠢᠳᠡᠵᠦ᠍ ᠤᠤᠭᠤᠬᠤ ᠬᠣᠨᠣᠵᠤ ᠬᠡᠪᠲᠡᠬᠦ᠌ ᠵᠢᠭᠤᠯᠴᠢᠯᠠᠨ ᠲᠤᠭᠤᠷᠢᠬᠤ ᠪᠠᠷᠠᠭ᠎ᠠ ᠬᠤᠳᠠᠯᠳᠤᠨ ᠠᠪᠬᠤ ᠵᠤᠭ᠎ᠠ ᠴᠡᠩᠭᠡᠯ 〉 ᠪᠦᠬᠦ᠌ ᠶᠠᠪᠤᠴᠠ᠎ᠶ᠋ᠢᠨ ᠲᠣᠭᠣᠷᠢᠨ᠎ᠳᠤ ᠬᠠᠲᠤᠨ ᠭᠣᠣᠯ᠎ᠤᠨ ᠨᠡᠭᠡᠭᠡᠯᠳᠡᠳᠤ ᠵᠠᠬ᠎ᠠ ᠳᠡᠯᠭᠡᠭᠦᠷ᠂ ᠬᠠᠲᠤᠨ ᠭᠣᠣᠯ᠎ᠤᠨ ᠠᠮᠲᠠᠲᠤ ᠢᠳᠡᠭᠡᠨ᠎ᠦ ᠵᠡᠭᠡᠯᠢ᠂ ᠱᠸᠨ ᠨᠢᠤ ᠴᠡᠩᠭᠡᠯ᠎ᠦᠨ ᠬᠦᠷᠢᠶᠡᠯᠡᠩ᠂ ᠢᠨᠠᠭ ᠳᠤᠷᠠᠯᠠᠯ᠎ᠤᠨ ᠠᠷᠠᠯ᠂ ᠮᠢᠩᠭᠠᠨ ᠮᠦ᠍ ᠴᠡᠴᠡᠭᠡᠰ᠎ᠦᠨ ᠳᠠᠯᠠᠢ ᠵᠡᠷᠭᠡ 40 ᠭᠠᠷᠤᠢ ᠦᠵᠡᠮᠵᠢ᠎ᠶ᠋ᠢᠨ ᠴᠡᠭ᠎ᠢ ᠪᠠᠢᠭᠤᠯᠵᠤ᠂ 〈ᠬᠠᠲᠤᠨ ᠭᠣᠣᠯ᠎ᠢᠶᠠᠷ ᠵᠢᠭᠤᠯᠴᠢᠯᠠᠬᠤ᠂ ᠬᠠᠪᠴᠢᠯ ᠭᠠᠩᠭ᠎ᠠ᠎ᠵᠢ ᠲᠤᠭᠤᠯᠬᠤ᠂ ᠤᠷᠲᠤ ᠴᠠᠭᠠᠨ ᠬᠡᠷᠡᠮ᠎ᠢ ᠰᠣᠨᠢᠷᠬᠠᠬᠤ〉 ᠵᠢᠭᠤᠯᠴᠢᠯᠠᠯ᠎ᠤᠨ ᠰᠤᠳᠤᠨ ᠱᠤᠭᠤᠮ᠎ᠢ ᠰᠡᠳᠤᠨ ᠭᠠᠷᠭᠠᠵᠤ᠂ ᠦᠭᠡᠷᠳᠤᠬᠤᠢ ᠵᠢᠨ ᠬᠠᠲᠤᠨ ᠭᠤᠤᠯ᠎ᠤᠨ ᠶᠡᠬᠡ ᠬᠠᠪᠴᠢᠯ᠎ᠤᠨ ᠬᠡᠬᠡᠷᠡᠯᠡᠨ ᠬᠦᠶᠦᠬᠦ ᠤᠷᠤᠯᠳᠤᠭᠠᠨ᠂ ᠬᠠᠮᠤᠭ᠎ᠤᠨ ᠭᠣᠶᠣ ᠦᠭᠡᠷᠳᠤᠬᠤᠢ ᠵᠢᠨ ᠭᠡᠷᠡᠯ ᠵᠢᠷᠤᠭ᠎ᠤᠨ ᠤᠷᠤᠯᠳᠤᠭᠠᠨ ᠵᠡᠷᠭᠡ ᠰᠣᠶᠣᠯ ᠵᠢᠭᠤᠯᠴᠢᠯᠠᠯ᠎ᠤᠨ ᠠᠵᠢᠯᠯᠠᠭ᠎ᠠ᠎ᠶ᠋ᠢ ᠠᠮᠵᠢᠯᠲᠠ᠎ᠲᠠᠶ᠎ᠪᠠᠷ ᠡᠷᠭᠢᠯᠡᠵᠦ᠍᠂ ᠵᠢᠭᠤᠯᠴᠢᠯᠠᠭ᠍ᠰᠠᠳ ᠲᠸ᠋ ᠤᠯᠠᠨ ᠡᠰᠢᠳᠤ ᠪᠠᠶᠡᠴᠢᠯᠡᠨ ᠣᠢᠯᠠᠭᠠᠬᠤ ᠲᠦᠷᠦᠭᠳᠡᠯ ᠤᠯᠭᠤᠪᠠ》 ᠭᠡᠵᠦ᠍ ᠴᠢᠩ ᠱᠦᠢ ᠾᠧ ᠱᠢᠶᠠᠨ᠎ᠤ ᠰᠣᠶᠣᠯ ᠵᠢᠭᠤᠯᠴᠢᠯᠠᠯ ᠪᠡᠶ᠎ᠡ᠎ᠶ᠋ᠢᠨ ᠲᠠᠮᠢᠷ᠎ᠤᠨ ᠲᠣᠪᠴᠢᠢ᠎ᠠ᠎ᠶ᠋ᠢᠨ ᠳᠠᠷᠤᠭ᠎ᠠ ᠴᠢᠶᠣᠤ ᠨᠠᠨ ᠲᠠᠨᠢᠯᠴᠠᠭᠤᠯᠪᠠ᠃
ᠤᠬᠠᠭᠤᠯᠭ᠎ᠠ ᠬᠦᠮᠦᠵᠢᠯ᠎ᠦᠨ ᠵᠢᠬᠰᠠᠭᠠᠯ᠎ᠦᠨ ᠭᠠᠵᠠᠷ᠎ᠢ ᠬᠦᠴᠦᠯᠡᠨ ᠪᠠᠢᠭᠤᠯᠵᠤ ᠲᠦᠷᠦᠯ ᠲᠡᠮᠳᠡᠭ᠎ᠦᠨ ᠨᠦᠯᠦᠭᠡᠯᠡᠬᠦ ᠬᠦᠴᠦᠨ᠎ᠢ ᠲᠡᠭᠡᠭᠰᠢᠯᠡᠬᠦᠯᠪᠡ
《ᠡᠨᠡ ᠵᠢᠯ ᠦᠭᠡᠷᠳᠤᠬᠤᠢ ᠵᠢᠨ ᠬᠠᠲᠤᠨ ᠭᠤᠤᠯ᠎ᠤᠨ ᠶᠡᠬᠡ ᠬᠠᠪᠴᠢᠯ᠎ᠤᠨ ᠵᠢᠭᠤᠯᠴᠢᠯᠠᠯ᠎ᠤᠨ ᠣᠷᠣᠨ ᠰᠦᠯᠵᠢᠶᠠᠨ᠎ᠤ ᠬᠠᠯᠠᠮᠰᠢᠯ ᠭᠠᠵᠠᠷ᠎ᠤᠨ ᠨᠡᠷᠡᠰ᠎ᠤᠨ ᠵᠢᠭ᠍ᠰᠠᠭᠠᠯᠲᠠ᠎ᠳᠤ ᠣᠯᠠᠨ ᠤᠳᠠᠭ᠎ᠠ ᠲᠤᠳᠤᠷᠠᠵᠤ᠂ ᠡᠯ᠎ᠡ ᠱᠠᠲᠤᠨ᠎ᠤ ᠡᠯ᠎ᠡ ᠲᠥᠷᠥᠯ᠎ᠦᠨ ᠵᠠᠭᠤᠴᠢᠯᠠᠭᠤᠷ᠎ᠤᠨ ᠬᠢᠨ᠎ᠳᠦ 〈 ᠦᠵᠡᠰᠭᠦᠯᠡᠩᠲᠦ ᠰᠠᠢᠬᠠᠨ ᠴᠢᠨᠭ ᠱᠦᠢ ᠾᠧ 〉 ᠵᠢᠨ ᠲᠦᠷᠦᠯ ᠲᠡᠮᠳᠡᠭ᠎ᠢ ᠠᠯᠳᠠᠷᠰᠢᠭᠤᠯᠤᠨ ᠳᠠᠭᠤᠷᠢᠰᠤᠭᠤᠯᠵᠤ ᠪᠠᠢᠨ᠎ᠠ》ᠭᠡᠵᠦ ᠴᠢᠩ ᠱᠦᠶ ᠾᠧ ᠱᠢᠶᠠᠨ᠎ᠤ ᠨᠠᠮ᠎ᠤᠨ ᠬᠣᠷᠢᠶ᠎ᠠ ᠵᠢᠨ ᠪᠠᠢᠩᠭᠤ᠎ᠶ᠋ᠢᠨ ᠭᠡᠱᠢᠭᠦᠨ᠂ ᠤᠬᠠᠭᠤᠯᠬᠤ ᠬᠡᠯᠲᠡᠰ᠎ᠦᠨ ᠳᠠᠷᠤᠭ᠎ᠠ ᠯᠢᠦᠶ ᠵᠢᠩ ᠬᠡᠯᠡᠪᠡ᠃ ᠲᠡᠬᠦᠨ᠎ᠤ ᠲᠠᠨᠢᠯᠴᠠᠭᠤᠯᠤᠭᠰᠠᠨ ᠵᠢᠡᠷ᠂《ᠲᠥᠪ ᠲᠧᠯᠸᠢᠰ᠎ᠦᠨ 〈 ᠠᠭᠤᠯᠠ ᠤᠰᠤ ᠪᠡᠷ ᠵᠢᠡᠨ ᠬᠤᠯᠪᠤᠯᠳᠤᠭᠰᠠᠨ ᠭᠡᠷ ᠤᠷᠤᠨ 〉 ᠂ 〈ᠰᠦᠷᠯᠢᠭ ᠰᠠᠢᠬᠠᠨ ᠪᠣᠭᠣᠮᠲᠠ᠎ᠶ᠋ᠢᠨ ᠬᠠᠪᠴᠢᠯ〉 ᠵᠡᠷᠭᠡ ᠫᠷᠤᠭ᠌ᠷᠠᠮ ᠪᠠ ᠬᠤᠨᠠᠨ ᠤᠳᠤᠨ ᠲᠧᠯᠸᠢᠰ᠎ᠦᠨ〈ᠪᠠᠶᠠᠷᠳᠠᠢ᠂ ᠬᠠᠢᠷᠠᠳᠤ ᠮᠢᠨᠢ〉ᠭᠡᠬᠦ ᠫᠷᠤᠭ᠌ᠷᠠᠮ ᠦᠭᠡᠷᠳᠤᠬᠤᠢ ᠵᠢᠨ ᠬᠠᠲᠤᠨ ᠭᠣᠣᠯ᠎ᠤᠨ ᠶᠡᠬᠡ ᠬᠠᠪᠴᠢᠯ᠎ᠦᠨ ᠦᠵᠡᠮᠵᠢ ᠵᠢᠨ ᠤᠷᠤᠨ ᠳ᠋ᠤ ᠬᠦᠷᠴᠤ ᠵᠢᠷᠤᠭ ᠲᠦᠷᠰᠤ ᠰᠡᠭᠦᠳᠡᠷᠯᠡᠨ ᠰᠢᠨᠭᠭᠡᠭᠡᠵᠤ᠂ ᠵᠢᠶ ᠯᠢᠶᠠᠨ ᠬᠠᠶ᠂ ᠰᠠ ᠪᠧᠢ ᠨᠢᠨᠭ ᠵᠡᠷᠭᠡ ᠨᠡᠷᠡᠳᠤ ᠬᠦᠳᠦᠯᠦᠭᠴᠢ ᠪᠠ ᠰᠦᠯᠵᠢᠶᠠᠨ ᠤᠳᠤᠳ ᠡᠴᠡ ᠦᠭᠡᠷᠳᠤᠬᠤᠢ ᠵᠢᠨ ᠬᠠᠳᠤᠨ ᠭᠣᠣᠯ᠎ᠤᠨ ᠶᠡᠬᠡ ᠬᠠᠪᠴᠢᠯ᠎ᠤᠨ ᠵᠢᠭᠤᠯᠴᠢᠯᠠᠯ᠎ᠤᠨ ᠣᠷᠣᠨ᠎ᠢ ᠪᠦᠬᠦ ᠤᠯᠤᠰ᠎ᠦᠨ ᠦᠵᠡᠭᠴᠢᠳ ᠲᠸ᠋ ᠤᠬᠠᠭᠤᠯᠤᠨ ᠲᠠᠨᠢᠯᠴᠠᠭᠤᠯᠵᠤ᠂ ᠨᠠᠷᠠ ᠠᠯᠳᠠᠷᠱᠢᠯ᠎ᠤᠨ ᠬᠡᠮᠵᠢᠢ᠎ᠡ ᠵᠢ ᠪᠦᠬᠦ᠌ ᠲᠠᠯ᠎ᠠ᠎ᠪᠠᠷ ᠳᠡᠭᠡᠭ᠌ᠰᠢᠯᠡᠬᠦᠯᠪᠡ᠃

ᠦᠭᠡᠷᠳᠤᠬᠤᠢ ᠵᠢᠨ ᠬᠠᠲᠤᠨ ᠭᠤᠤᠯ᠎ᠤᠨ ᠶᠡᠬᠡ ᠬᠠᠪᠴᠢᠯ᠎ᠤᠨ ᠵᠢᠭᠤᠯᠴᠢᠯᠠᠯ᠎ᠤᠨ ᠣᠷᠣᠨ ᠤᠯᠠᠨ ᠬᠡᠯᠪᠠᠷᠢ ᠵᠢᠨ ᠤᠬᠠᠭᠤᠯᠭ᠎ᠠ᠎ᠶ᠋ᠢᠨ ᠠᠷᠭ᠎ᠠ ᠵᠠᠮ᠎ᠢᠶᠡᠨ ᠦᠷᠭᠦᠯᠵᠢᠯᠡᠨ ᠥᠷᠭᠡᠳᠭᠡᠵᠦ᠍᠂ ᠣᠷᠣᠨ᠎ᠤ ᠲᠥᠪ᠎ᠤᠨ ᠨᠢᠰᠭᠡᠯ᠎ᠦᠨ ᠪᠠᠭᠤᠳᠠᠯ᠂ ᠲᠤᠮᠤ ᠬᠡᠯᠪᠡᠷᠢ᠎ᠶ᠋ᠢᠨ ᠬᠤᠳᠠᠯᠳᠤᠭᠠᠨ᠎ᠤ ᠲᠠᠯᠠᠪᠤᠷ ᠵᠡᠷᠭᠡ ᠬᠥᠮᠦᠨ ᠠᠮᠠ ᠨᠢᠭ᠍ᠲᠠᠷᠠᠬᠰᠠᠨ ᠲᠣᠭᠣᠷᠢᠭ᠎ᠲᠤ 156 ᠵᠢᠭᠤᠯᠴᠢᠯᠠᠯ᠎ᠤᠨ ᠵᠠᠮ ᠬᠠᠷᠢᠯᠴᠠᠭᠠᠨ᠎ᠤ ᠲᠤᠰᠭᠠᠢ ᠬᠡᠷᠡᠭ᠌ᠯᠡᠭᠡᠨ᠎ᠦ ᠢᠯᠡᠷᠬᠡᠢᠯᠡᠯᠳᠤ ᠲᠡᠮᠳᠡᠭ᠂ 85 ᠦᠵᠡᠮᠵᠢ᠎ᠶ᠋ᠢᠨ ᠤᠬᠠᠭᠤᠯᠭ᠎ᠠ᠎ᠶ᠋ᠢᠨ ᠢᠯᠡᠷᠬᠡᠢᠯᠡᠯᠳᠤ ᠲᠡᠮᠳᠡᠭ᠎ᠢ ᠪᠠᠢᠷᠢᠯᠠᠭᠤᠯᠵᠤ᠂ ᠲᠥᠪ᠂ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠵᠠᠭᠤᠴᠢᠯᠠᠭᠤᠷ᠎ᠤᠨ ᠲᠠᠪᠴᠠᠩ᠎ᠳᠤ ᠦᠭᠡᠷᠳᠤᠬᠤᠢ ᠵᠢᠨ ᠬᠠᠳᠤᠨ ᠭᠣᠣᠯ᠎ᠤᠨ ᠶᠡᠬᠡ ᠬᠠᠪᠴᠢᠯ᠎ᠤᠨ ᠭᠣᠣᠯ ᠰᠡᠳᠦᠪᠲᠦ ᠡᠭᠡ ᠪᠢᠴᠢᠭ᠎ᠢ ᠨᠡᠢ᠌ᠳᠡ 408 ᠬᠤᠪᠢ ᠨᠡᠢᠲᠡᠯᠡᠵᠦ᠍᠂ ᠤᠬᠠᠭᠤᠯᠭ᠎ᠠ᠎ᠶ᠋ᠢᠨ ᠤᠬᠤᠷ ᠸᠢᠳᠢᠣ᠋᠎ᠶ᠋ᠢ 63 ᠬᠤᠪᠢ ᠦᠢᠯᠡᠳᠤᠨ ᠵᠤᠬᠢᠶᠠᠵᠤ᠂ ᠲᠠᠷᠤᠮ᠎ᠦᠨ ᠲᠤᠭ᠎ᠠ ᠨᠢ 2 ᠳ᠋ᠦᠩᠱᠢᠭᠤᠷ ᠤᠳᠠᠭ᠎ᠠ᠎ᠶ᠋ᠢ ᠳᠠᠪᠠᠵᠠᠢ᠃
ᠦᠨᠳᠦᠰᠦᠲᠡᠨ᠎ᠨᠦᠭᠦᠳ᠎ᠦᠨ ᠤᠯᠠᠨ ᠲᠦᠮᠡᠨ ᠳ᠋ᠤ ᠬᠥᠭ᠌ᠵᠢᠯᠲᠡ᠎ᠶ᠋ᠢᠨ ᠦᠷ᠎ᠡ ᠪᠦᠲᠦᠭᠡᠯ᠎ᠢ ᠡᠳ᠋ᠯᠡᠬᠦᠯᠪᠡ
2024 ᠤᠨ ᠳ᠋ᠤ ᠦᠭᠡᠷᠳᠤᠬᠤᠢ ᠵᠢᠨ ᠬᠠᠲᠤᠨ ᠭᠤᠤᠯ᠎ᠤᠨ ᠶᠡᠬᠡ ᠬᠠᠪᠴᠢᠯ᠎ᠤᠨ ᠵᠢᠭᠤᠯᠴᠢᠯᠠᠯ᠎ᠤᠨ ᠣᠷᠣᠨ ᠤᠯᠤᠰ᠎ᠤᠨ 5A ᠲᠠᠰ᠎ᠤᠨ ᠵᠢᠭᠤᠯᠴᠢᠯᠠᠯ᠎ᠤᠨ ᠦᠵᠡᠮᠵᠢ ᠵᠢᠨ ᠣᠷᠣᠨ᠎ᠢᠶᠡᠷ ᠦᠨᠡᠯᠡᠭᠳᠡᠵᠤ᠂ 2024 ᠣᠨ ᠵᠢᠴᠢ 2025 ᠣᠨ᠎ᠤ ᠳᠡᠭᠡᠷ᠎ᠡ ᠬᠠᠭᠠᠰ ᠵᠢᠯ᠎ᠳᠦ ᠨᠡᠢ᠌ᠳᠡ 110 ᠲᠦᠮᠡᠨ ᠬᠥᠮᠦᠨ ᠤᠳᠠᠭ᠎ᠠ᠎ᠶ᠋ᠢᠨ ᠵᠢᠭᠤᠯᠴᠢᠯᠠᠭᠰᠠᠳ᠎ᠢ ᠬᠦᠯᠢᠶᠡᠨ ᠠᠪᠴᠤ᠂ ᠵᠢᠭᠤᠯᠴᠢᠯᠠᠭᠰᠠᠳ᠎ᠤᠨ ᠲᠤᠭ᠎ᠠ ᠠᠳᠠᠯᠢ ᠬᠤᠭᠤᠴᠠᠭᠠᠨ᠎ᠤ ᠬᠢ᠎ᠡᠴᠡ 158% ᠪᠡᠷ ᠨᠡᠮᠡᠭ᠌ᠳᠡᠵᠦ᠍᠂ ᠵᠢᠭᠤᠯᠴᠢᠯᠠᠯ᠎ᠤᠨ ᠣᠷᠣᠯᠭ᠎ᠠ᠎ᠨᠢ 2.38 ᠳ᠋ᠦᠩᠱᠢᠭᠤᠷ ᠲᠥᠭᠥᠷᠢᠭ ᠲᠸ᠋ ᠬᠦᠷᠴᠤ᠂ ᠠᠳᠠᠯᠢ ᠬᠤᠭᠤᠴᠠᠭᠠᠨ᠎ᠤ ᠬᠢ᠎ᠡᠴᠡ 131% ᠪᠡᠷ ᠨᠡᠮᠡᠭ᠌ᠳᠡᠨ᠂ ᠪᠦᠬᠦ᠌ ᠱᠢᠶᠠᠨ᠎ᠤ ᠵᠢᠭᠤᠯᠴᠢᠯᠠᠭᠰᠠᠳ᠎ᠢ ᠬᠦᠯᠢᠶᠡᠨ ᠠᠪᠤᠭᠰᠠᠨ ᠬᠥᠮᠦᠨ᠎ᠦ ᠲᠣᠭ᠎ᠠ᠂ ᠵᠢᠭᠤᠯᠴᠢᠯᠠᠯ᠎ᠤᠨ ᠣᠷᠣᠯᠭ᠎ᠠ ᠨᠢ ᠲᠤᠰ ᠲᠤᠰ 68.4%᠂ 44.2% ᠵᠢᠡᠷ ᠨᠠᠮᠡᠭᠳᠡᠵᠠᠢ᠃

ᠵᠢᠭᠤᠯᠴᠢᠯᠠᠯ᠎ᠤᠨ ᠣᠷᠣᠨ᠎ᠤ ᠰᠠᠭᠤᠭᠠᠯᠢ ᠠᠷᠠᠳ᠎ᠦᠨ ᠦᠵᠡᠮᠵᠢ᠎ᠶ᠋ᠢᠨ ᠣᠷᠣᠨ᠎ᠤ ᠪᠥᠲᠥᠭᠡᠨ ᠪᠠᠢᠭᠤᠯᠤᠯᠲᠠ ᠪᠠ ᠡᠵᠡᠩᠨᠡᠯᠲᠡ ᠬᠠᠮᠢᠶᠠᠷᠤᠯᠲᠠ᠎ᠳᠤ ᠱᠢᠭᠤᠳ ᠣᠷᠣᠯᠴᠠᠬᠤ᠎ᠶ᠋ᠢ ᠵᠣᠷᠢᠭ᠍ᠵᠢᠭᠤᠯᠵᠤ᠂ 700 ᠭᠠᠷᠤᠶ ᠲᠣᠰᠭᠣᠨ᠎ᠤ ᠠᠷᠠᠳ᠎ᠢ ᠲᠠᠢᠴᠢᠯᠠᠨ᠂ ᠬᠡᠷ᠎ᠦᠨ ᠡᠬᠦᠳᠡᠨ᠎ᠳᠡᠭᠡᠨ ᠠᠵᠢᠯ ᠤᠯᠵᠤ ᠦᠢᠯᠡᠰ ᠪᠤᠰᠬᠠᠬᠤ᠎ᠶ᠋ᠢ ᠪᠡᠶᠡᠯᠡᠭᠦᠯᠪᠡ᠃ ᠪᠦᠷᠢᠨ ᠪᠤᠰᠤ ᠪᠦᠷᠢᠳᠭᠡᠯ ᠵᠢᠡᠷ ᠡᠷᠦᠬᠡ ᠪᠦᠷᠢ᠎ᠶ᠋ᠢᠨ ᠵᠢᠯ᠎ᠦᠨ ᠳᠤᠮᠳᠠᠴᠢ ᠣᠷᠣᠯᠭ᠎ᠠ᠎ᠶ᠋ᠢᠨ ᠨᠡᠮᠡᠭ᠌ᠳᠡᠯ ᠨᠢ 5 ᠲᠦᠮᠡᠨ ᠲᠥᠭᠥᠷᠢᠭ᠎ᠢ ᠳᠠᠪᠠᠵᠤ᠂ ᠪᠠᠶᠠᠵᠢᠯ᠎ᠦᠨ ᠵᠠᠮ᠎ᠢᠶᠡᠷ ᠵᠠᠮᠨᠠᠪᠠ᠃
《〈ᠦᠵᠡᠮᠵᠢ᠎ᠶ᠋ᠢᠨ ᠣᠷᠣᠨ + ᠲᠣᠰᠭᠣᠨ᠎ᠤ ᠬᠠᠮᠲᠤ + ᠲᠠᠷᠢᠶᠠᠴᠢᠨ ᠡᠷᠦᠬᠡ〉》 ᠶ᠋ᠢᠨ ᠠᠱᠢᠭ ᠲᠤᠰᠠ᠎ᠶ᠋ᠢᠨ ᠬᠣᠯᠪᠣᠭ᠎ᠠ ᠶ᠋ᠢ ᠪᠦᠷᠢᠨᠱᠢᠭᠦᠯᠦᠨ ᠲᠡᠭᠦᠯᠳᠡᠷᠵᠢᠭᠦᠯᠵᠦ᠍᠂ ᠬᠤᠪᠢ ᠣᠷᠣᠭᠤᠯᠬᠤ ᠠᠷᠭ᠎ᠠ ᠮᠠᠶᠢᠭ᠎ᠢᠶᠠᠷ 217 ᠲᠦᠮᠡᠨ ᠲᠥᠭᠥᠷᠢᠭ ᠴᠤᠬᠯᠠᠭᠤᠯᠵᠤ᠂ ᠦᠵᠡᠮᠵᠢ᠎ᠶ᠋ᠢᠨ ᠣᠷᠣᠨ᠎ᠤ ᠵᠢᠭᠤᠯᠴᠢᠯᠠᠯ᠎ᠤᠨ ᠣᠩᠭᠣᠴᠠ ᠵᠡᠷᠭᠡ ᠲᠦᠬᠦᠭᠡᠷᠦᠮᠵᠢ ᠵᠢ ᠰᠢᠨᠡᠳᠭᠡᠨ ᠵᠠᠰᠠᠵᠤ᠂ ᠡᠷᠦᠭᠡ ᠪᠦᠷᠢ ᠵᠢᠨ ᠵᠢᠯ᠎ᠦᠨ ᠤᠷᠤᠯᠭ᠎ᠠ ᠵᠢ 12 ᠲᠦᠮᠡᠨ ᠲᠥᠭᠥᠷᠢᠭ ᠲᠸ᠋ ᠬᠦᠷᠭᠡᠵᠦ᠂ ᠰᠤᠶᠤᠯ ᠵᠢᠭᠤᠯᠴᠢᠯᠠᠯ᠎ᠢᠶᠡᠷ ᠦᠨᠳᠦᠰᠤᠳᠡᠨ ᠨᠤᠬᠦᠳ᠎ᠦᠨ ᠤᠯᠠᠨ ᠲᠦᠮᠡᠨ ᠳ᠋ᠤ ᠦᠨᠡᠨᠬᠦ ᠠᠰᠢᠭ ᠬᠦᠷᠳᠡᠭᠡᠪᠡ》 ᠭᠡᠵᠤ ᠴᠢᠶᠤᠤ ᠨᠠᠨ ᠬᠡᠯᠡᠪᠠ᠃

ᠦᠭᠡᠷᠳᠤᠬᠤᠢ ᠵᠢᠨ ᠬᠠᠲᠤᠨ ᠭᠤᠤᠯ᠎ᠤᠨ ᠶᠡᠬᠡ ᠬᠠᠪᠴᠢᠯ᠎ᠤᠨ ᠰᠤᠶᠤᠯ ᠵᠢᠭᠤᠯᠴᠢᠯᠠᠯ᠎ᠦᠨ ᠤᠷᠤᠨ ᠬᠠᠲᠤᠨ ᠭᠣᠸ᠋ᠯ᠎ᠤᠨ ᠰᠣᠶᠣᠯ ᠬᠢᠭᠡᠳ ᠵᠢᠭᠤᠯᠴᠢᠯᠠᠯ᠎ᠤᠨ ᠠᠵᠤ ᠦᠶ᠋ᠯᠡᠰ᠎ᠢ ᠠᠭᠤᠰᠤᠯᠴᠠᠭᠤᠯᠤᠨ ᠲᠠᠰ ᠳᠡᠪᠱᠢᠭᠦᠯᠬᠦ᠌᠎ᠪᠡᠷ ᠬᠦᠴᠦᠯᠡᠨ ᠴᠢᠷᠮᠠᠢᠵᠤ᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠪᠠ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠬᠤ ᠬᠤᠤᠰ ᠦᠷ᠎ᠡ ᠠᠰᠢᠭ᠎ᠢ ᠡᠬᠦᠳᠦᠨ᠂ ᠰᠤᠶᠤᠯ ᠵᠢᠭᠤᠯᠴᠢᠯᠠᠯ᠎ᠢᠶᠡᠷ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠠᠬᠢᠭᠤᠯᠬᠤ ᠭᠣᠣᠯ ᠴᠣᠩᠬᠣᠪᠴᠢ ᠵᠢ ᠴᠢᠷᠮᠠᠢᠨ ᠪᠦᠳᠦᠭᠡᠨ ᠪᠠᠢᠭᠤᠯᠦᠨᠠ᠃
ᠰᠤᠷᠪᠤᠯᠵᠢᠯᠠᠬᠰᠠᠨᠤ ᠲᠠᠷᠠᠭ᠍ᠡ᠄
《〈ᠭᠤᠷᠪᠠᠨ ᠵᠤᠢᠯ᠎ᠦᠨ ᠲᠦᠯᠦᠪᠯᠡᠭᠡ〉ᠵᠢᠨ ᠤᠯᠤᠰ᠎ᠦᠨ ᠲᠤᠷᠰᠢᠯᠳᠠ ᠵᠢᠨ ᠴᠡᠭ᠎ᠦᠨ ᠲᠦᠷᠦᠯ ᠵᠦᠢᠯ᠎ᠦᠨ ᠦᠢᠯᠡᠳᠤᠯᠭᠡ ᠵᠢᠨ ᠠᠵᠢᠭᠯᠠᠯᠳᠠ》 ᠰᠢᠷᠢᠰ ᠮᠡᠳᠡᠭᠡᠯᠡᠯ ᠮᠠᠨᠢ 9 ᠰᠠᠷ᠎ᠠ ᠵᠢᠨ 10 ᠤ᠋ ᠡᠲᠤᠷ ᠤᠩᠰᠢᠬᠴᠢᠳ ᠲᠠᠢ ᠵᠤᠯᠭᠠᠭᠰᠠᠨ ᠡᠴᠡ ᠨᠠᠭᠠᠰᠢ᠂《ᠬᠤᠪᠢᠰᠬᠠᠯ᠎ᠦᠨ ᠤᠳᠤᠮᠰᠢᠯ᠎ᠢ ᠤᠯᠠᠮᠵᠢᠯᠠᠨ ᠵᠠᠯᠭᠠᠮᠵᠢᠯᠠᠵᠤ ᠵᠤᠷᠢᠭ ᠰᠠᠨᠠᠭᠠᠨ᠎ᠤ ᠰᠠᠭᠤᠷᠢ ᠵᠢ ᠪᠡᠬᠢᠵᠢᠬᠦᠯᠦᠨᠠ》᠂《ᠰᠤᠶᠤᠯ ᠵᠢᠭᠤᠯᠴᠢᠯᠠᠯ᠎ᠢᠶᠡᠷ ᠦᠨᠳᠦᠰᠦᠳᠡᠨ᠎ᠤ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠢ ᠠᠬᠢᠭᠤᠯᠤᠭᠰᠠᠨ ᠠᠮᠵᠢᠯᠳᠠᠳᠠᠢ ᠦᠢᠯᠡᠳᠦᠯᠭᠡ》᠂ 《ᠦᠵᠡᠮᠵᠢ ᠵᠢᠨ ᠭᠤᠣ᠎ᠠ ᠰᠠᠢᠬᠠᠨ ᠪᠠ ᠪᠦᠯᠬᠦᠮᠳᠡᠯ᠎ᠦᠨ ᠭᠤᠣ᠎ᠠ ᠰᠠᠢᠬᠠᠨ᠎ᠢ ᠠᠭᠤᠰᠤᠯᠴᠠᠭᠤᠯᠤᠨ ᠵᠢᠷᠤᠬᠯᠠᠨ᠎ᠠ》᠂ 《ᠨᠠᠮ᠎ᠦᠨ ᠪᠠᠢᠭᠤᠯᠤᠯᠳᠠ ᠪᠡᠷ ᠬᠦᠳᠦᠯᠦᠨ ᠲᠠᠭᠠᠭᠤᠯᠵᠤ ᠵᠤᠯ ᠵᠢᠷᠭᠠᠯᠳᠤ ᠬᠡᠷ ᠤᠷᠤᠨ᠎ᠢᠶᠡᠨ ᠴᠤᠬᠴᠠᠯᠠᠨ᠎ᠠ》᠂《ᠬᠤᠪᠢᠰᠬᠠᠯ᠎ᠦᠨ ᠬᠦᠮᠦᠵᠢᠯ·ᠬᠠᠮᠳᠤᠷᠠᠯᠴᠠᠭᠠᠨ᠎ᠤ ᠲᠠᠪᠴᠠᠩ·ᠰᠤᠶᠤᠯ᠎ᠦᠨ ᠤᠯᠠᠮᠵᠢᠯᠠᠯ》᠂《ᠦᠪᠦᠷ ᠮᠤᠨᠭᠭᠤᠯ᠎ᠦᠨ ᠦᠯᠢᠭᠡᠷ᠎ᠢ ᠰᠠᠢᠳᠤᠷ ᠶᠠᠷᠢᠵᠤ ᠦᠪᠤᠷ ᠮᠤᠨᠭᠭᠤᠯᠢ ᠪᠦᠬᠦ ᠤᠯᠤᠰ ᠲᠸ᠋ ᠲᠠᠨᠢᠯᠴᠠᠭᠤᠯᠤᠯ᠎ᠠ》᠂ 《ᠲᠤᠪᠠ ᠰᠢᠶᠠᠨᠪᠢ ᠵᠢᠨ ᠠᠭᠤᠰᠤᠯᠴᠠᠯ ᠨᠢᠬᠳᠠᠷᠠᠯ᠎ᠦᠨ ᠵᠠᠮ ᠦᠨᠳᠦᠰᠦᠳᠡᠨ᠎ᠤ ᠪᠦᠯᠬᠦᠮᠳᠡᠯ᠎ᠦᠨ ᠰᠢᠨ᠎ᠠ ᠬᠠᠭᠤᠳᠠᠰᠤ》᠂ 《ᠬᠠᠳᠤᠨ ᠭᠤᠤᠯ᠎ᠦᠨ 〈ᠶᠡᠭᠡ ᠲᠤᠬᠤᠢ〉 ᠳ᠋ᠤ ᠠᠨᠠᠷ᠎ᠦᠨ ᠴᠡᠴᠡᠭᠡᠰ ᠪᠡᠳᠡᠷᠡᠨ ᠲᠡᠯᠭᠡᠷᠡᠨ᠎ᠡ》ᠵᠡᠷᠬᠡ 8 ᠰᠢᠷᠢᠰ ᠮᠠᠲᠠᠬᠡᠯᠡᠯᠢᠶᠡᠷ ᠲᠠᠮᠵᠢᠨ ᠦᠪᠦᠷ ᠮᠤᠩᠭᠤᠯ᠎ᠤᠨ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠦ ᠱᠢᠭᠢᠳᠭᠡᠯ᠎ᠳᠤ ᠮᠠᠶᠢᠭ᠎ᠦᠨ ᠬᠥᠭ᠌ᠵᠢᠯᠲᠡ᠎ᠶ᠋ᠢᠨ ᠲᠥᠯᠥᠪᠯᠡᠭᠡ᠂ ᠦᠨᠳᠦᠰᠦᠲᠡᠨ᠎ᠨᠦᠭᠦᠳ᠎ᠦᠨ ᠵᠠᠯᠠᠭᠤᠴᠤᠳ ᠪᠠᠭᠠᠴᠤᠳ᠎ᠤᠨ ᠰᠣᠯᠢᠯᠴᠠᠭᠠᠨ᠎ᠤ ᠲᠥᠯᠥᠪᠯᠡᠭᠡ᠂ ᠰᠤᠶᠤᠯ ᠵᠢᠭᠤᠯᠴᠢᠯᠠᠯ᠎ᠢᠶᠠᠷ ᠦᠨᠳᠦᠰᠦᠲᠡᠨ᠎ᠨᠦᠭᠦᠳ᠎ᠦᠨ ᠰᠣᠯᠢᠯᠴᠠᠭ᠎ᠠ ᠶᠠᠪᠤᠯᠴᠠᠭ᠎ᠠ ᠠᠭᠤᠰᠤᠯᠴᠠᠯ᠎ᠢ ᠠᠬᠢᠭᠤᠯᠬᠤ ᠲᠥᠯᠥᠪᠯᠡᠭᠡ᠎ᠶ᠋ᠢᠨ ᠵᠢᠱ᠌ᠢᠢ᠎ᠡ ᠦᠵᠡᠭᠦᠯᠬᠦ᠌ ᠲᠦᠷᠦᠯ ᠵᠦᠢᠯ᠎ᠢ ᠤᠬᠠᠭᠠᠯᠠᠨ ᠮᠡᠳᠡᠭᠡᠯᠡᠵᠤ᠂ ᠢᠳᠡᠪᠬᠢ ᠬᠦᠴᠦᠨ᠎ᠢ ᠲᠠᠮᠵᠢᠭᠤᠯᠵᠤ᠂ ᠭᠣᠣᠯ ᠬᠦᠭ ᠠᠶᠠᠰ᠎ᠢ ᠴᠤᠤᠷᠢᠶᠠᠲᠤᠭᠤᠯᠵᠤ᠂ ᠦᠪᠦᠷ ᠮᠤᠩᠭᠤᠯ᠎ᠤᠨ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠦᠨ ᠴᠢᠨᠠᠷ ᠰᠠᠢᠲᠠᠶ ᠬᠥᠭ᠌ᠵᠢᠯᠲᠡ ᠵᠢ ᠬᠦᠨᠵᠡᠭᠡᠢ ᠪᠤᠳᠠᠳᠠᠢ ᠲᠡᠯᠭᠡᠨ ᠦᠵᠡᠬᠦᠯᠪᠡ᠃
ᠰᠢᠷᠢᠰ ᠮᠠᠲᠠᠬᠡᠯᠡᠯ ᠮᠠᠨᠢ ᠠᠮᠢᠳᠤᠯᠢᠭ ᠪᠤᠳᠠᠳᠠᠢ ᠦᠯᠢᠭᠡᠷ ᠵᠢᠱ᠌ᠢᠶ᠎ᠡ ᠪᠡᠷ ᠲᠤᠷᠰᠢᠯᠳᠠ ᠵᠢᠨ ᠴᠡᠭ᠎ᠦᠨ ᠲᠦᠷᠦᠯ ᠵᠦᠢᠯ᠎ᠦᠨ ᠵᠢᠱ᠌ᠢᠶ᠎ᠠ ᠦᠵᠡᠬᠦᠯᠵᠤ ᠲᠠᠢᠴᠢᠯᠠᠬᠤ ᠦᠢᠯᠡᠳᠤᠯ᠎ᠢ ᠪᠠᠳᠠᠷᠠᠭᠤᠯᠬᠤ ᠵᠢ ᠠᠬᠢᠭᠤᠯᠵᠤ᠂ ᠦᠨᠳᠤᠰᠦᠳᠡᠨ ᠨᠤᠬᠦᠳ᠎ᠦᠨ ᠤᠯᠠᠨ ᠲᠦᠮᠡᠨ᠎ᠤ ᠠᠭᠤᠤ ᠶᠡᠭᠡ ᠡᠭᠡ ᠤᠯᠤᠰ᠂ ᠲᠤᠮᠳᠠᠳᠤ ᠵᠢᠨ ᠦᠨᠳᠦᠰᠦᠳᠡᠨ᠂ ᠲᠤᠮᠳᠠᠳᠤ ᠵᠢᠨ ᠰᠤᠶᠤᠯ᠂ ᠲᠤᠮᠳᠠᠳᠤ ᠤᠯᠤᠰ᠎ᠦᠨ ᠡᠪ ᠬᠠᠮᠳᠤ ᠨᠠᠮ ᠪᠤᠯᠤᠨ ᠲᠤᠮᠳᠠᠳᠤ ᠤᠯᠤᠰ᠎ᠦᠨ ᠤᠨᠴᠠᠯᠢᠭ ᠪᠦᠬᠦᠢ ᠨᠡᠢᠭᠡᠮ ᠵᠢᠷᠤᠮ᠎ᠦᠨ ᠲᠤᠬᠠᠢ ᠬᠠᠮᠳᠤ ᠵᠢᠨ ᠲᠠᠨᠢᠯᠳᠠ ᠵᠢ ᠲᠠᠰᠤᠷᠠᠯᠳᠠ ᠦᠭᠡᠢ ᠨᠠᠮᠡᠭᠳᠡᠬᠦᠯᠵᠤ᠂ ᠦᠨᠳᠦᠰᠦᠲᠡᠨ᠎ᠨᠦᠭᠦᠳ ᠠᠨᠠᠷ᠎ᠤᠨ ᠦᠷ᠎ᠡ ᠱᠢᠭ ᠨᠢᠭ᠍ᠲᠠᠷᠠᠨ ᠪᠦᠯᠬᠦᠮᠳᠡᠵᠦ᠍᠂ ᠬᠠᠮᠳᠤ ᠵᠢᠨ ᠤᠶᠤᠨ ᠰᠠᠨᠠᠭᠠᠨ᠎ᠤ ᠭᠡᠷ ᠣᠷᠣᠨ᠎ᠢᠶᠠᠨ ᠪᠦᠲᠦᠭᠡᠨ ᠪᠠᠢᠭᠤᠯᠬᠤ ᠰᠠᠢᠨ ᠰᠠᠢᠬᠠᠨ ᠠᠭᠤᠷ ᠠᠮᠢᠰᠬᠤᠯ᠎ᠢ ᠴᠢᠨᠠᠭᠰᠢᠳᠠ ᠪᠤᠢ ᠪᠤᠯᠭᠠᠪᠠ! ᠦᠨᠤᠲᠤᠷ᠂ ᠲᠤᠰ ᠰᠢᠷᠢᠰ ᠮᠠᠲᠠᠬᠡᠯᠡᠯ ᠮᠠᠨᠢ ᠦᠨᠲᠤᠷᠯᠠᠵᠤ ᠪᠠᠢᠨ᠎ᠠ᠂ ᠤᠡᠭᠰᠢᠡᠡᠴᠢ ᠤᠯᠠᠨ᠎ᠤ ᠲᠠᠭᠠᠯᠠᠨ ᠪᠤᠯᠭᠤᠭᠠᠭᠰᠠᠨ ᠳ᠋ᠤ ᠲᠠᠯᠠᠷᠬᠠᠯ᠎ᠢᠶᠡᠨ ᠲᠠᠪᠰᠢᠬᠦᠯᠤᠶᠠ!