ᠤᠯᠠᠭᠠᠨᠪᠠᠭᠠᠳᠤᠷ ᠬᠤᠳᠠᠨ᠎ᠠ ᠶᠠᠪᠤᠬᠳᠠᠬᠰᠠᠨ ᠤᠴᠢᠷᠳᠠᠢ ᠰᠠᠢᠬᠠᠨ ᠦᠵᠡᠰᠭᠦᠯᠠᠡᠭ
2025-12-31 10:54:07
ᠵᠣᠬᠢᠶᠠᠭ᠍ᠴᠢ᠄
ᠶᠤᠸᠠᠢ ᠶᠢᠡᠭ ᠦᠢᠯᠡᠰ ᠬᠠᠨ ᠬᠤᠡᠭ ᠰᠢᠶᠠ ᠬᠠᠢ ᠯᠢ ᠶᠠᠨ ᠬᠠᠢᠷ᠎ᠠ ᠹᠦ ᠭᠸᠨ
ᠣᠩᠱᠢᠭ᠍ᠰᠠᠨ ᠣᠳᠠᠭ᠎ᠠ᠄
★★★☆☆

—  ᠰᠠᠢᠨ ᠤᠤ? ᠵᠠᠡᠭᠭᠠᠷ!

—  ᠶᠠᠭᠠᠬᠢᠬᠰᠠᠨ ᠬᠦᠭᠡᠷᠦᠬᠦᠨ ᠶᠤᠮ ᠪᠤᠢ? ᠡᠳᠡᠭᠡᠷ ᠪᠦᠲᠦᠭᠡᠭᠳᠡᠭᠦᠨ ᠵᠢᠡᠨ ᠬᠤᠳᠠᠯᠳᠤᠬᠤ ᠤᠤ?

—  ᠤᠶᠤᠨ AI ᠵᠢ ᠬᠡᠷᠭᠢᠨ ᠭᠠᠷ ᠤᠳᠠᠰᠤᠨ ᠲᠡᠭᠡᠷ᠎ᠠ ᠪᠠᠭᠤᠯᠭᠠᠵᠦ ᠬᠡᠷᠡᠭᠯᠡᠭᠦ ᠪᠤᠢ?

ᠮᠠᠰᠢᠨ ᠬᠦᠮᠦᠨ 《ᠵᠠᠡᠭᠭᠠᠷ》᠂ ᠵᠠᠡᠭᠭᠠᠷ ᠬᠢᠭᠡᠳ ᠲᠡᠭᠦᠨ᠎ᠤ 12 ᠪᠠᠭᠠᠳᠤᠷ᠎ᠤᠨ ᠲᠦᠷᠢ ᠵᠢ ᠲᠠᠭᠤᠷᠢᠶᠠᠨ ᠱᠤᠭᠤᠬᠰᠠᠨ ᠭᠠᠷ ᠪᠠᠷᠢᠮᠠᠯ᠎ᠤᠨ ᠪᠦᠲᠦᠭᠡᠭᠳᠡᠭᠦᠨ ᠵᠢᠴᠢ ᠡᠷᠳᠡᠨ᠎ᠤ ᠮᠤᠡᠭᠭᠤᠯ ᠨᠤᠮ ᠰᠤᠳᠤᠷ ᠰᠤᠷᠪᠤᠯᠵᠢ ᠪᠢᠴᠢᠭ᠎ᠤᠨ ᠲᠤᠭᠠᠴᠢᠯᠠᠬᠰᠠᠨ ᠪᠦᠲᠦᠭᠡᠭᠳᠡᠭᠦᠨ ᠤᠯᠠᠭᠠᠨᠪᠠᠭᠠᠳᠤᠷ ᠬᠤᠳᠠᠨ᠎ᠳᠤ ᠲᠡᠯᠭᠡᠭᠳᠡᠭᠰᠡᠨ᠎ᠤ ᠲᠠᠷᠠᠭ᠎ᠠ ᠲᠤᠬᠠᠢ ᠵᠢᠨ ᠭᠠᠵᠠᠷ᠎ᠤᠨ ᠪᠠᠬᠰᠢ ᠤᠶᠤᠳᠠᠨ᠂ ᠡᠮᠴᠢ ᠠᠵᠢᠯᠳᠠᠨ᠂ ᠨᠡᠢᠭᠡᠮ᠎ᠤᠨ ᠡᠯ᠎ᠠ ᠡᠳᠡᠭᠡᠳ᠎ᠤᠨ ᠬᠢᠨ᠎ᠤ ᠠᠡᠭᠬᠠᠷᠤᠯ᠎ᠢ ᠮᠠᠰᠢ ᠲᠠᠳᠠᠪᠠ᠃ ᠢᠯᠠᠡᠭᠭᠤᠶ᠎ᠠ ᠶᠡᠭᠡ ᠰᠤᠷᠭᠠᠭᠤᠯᠢ ᠵᠢᠨ ᠤᠶᠤᠳᠠᠳ ᠮᠠᠰᠢᠨ ᠬᠦᠮᠦᠨ 《ᠵᠠᠡᠭᠭᠠᠷ》ᠲᠠᠢ ᠵᠤᠭᠤᠬᠳᠠᠨ᠂ ᠭᠠᠷ ᠪᠠᠷᠢᠮᠠᠯ᠎ᠤᠨ ᠪᠦᠲᠦᠭᠡᠭᠳᠡᠭᠦᠨ᠎ᠢ ᠨᠢ ᠱᠤᠬᠤᠭᠤᠷᠬᠠᠵᠦ ᠠᠰᠠᠭᠤᠨ ᠰᠤᠷᠠᠨ᠎ᠠ᠃


QQ20251231-102950.png


ᠦᠵᠡᠰᠭᠦᠯᠡᠡᠭ ᠎ᠤᠨ ᠠᠬᠤᠢ ᠲᠠᠯᠠᠪᠠᠢ


QQ20251231-102959.png


ᠲᠡᠯᠬᠡᠴᠡ ᠲᠡᠬᠡᠷ᠎ᠡ ᠡᠴᠡ ᠲᠠᠨᠢᠯᠴᠠᠭᠤᠯᠭ᠎ᠠ ᠬᠢᠨ᠎ᠠ


QQ20251231-103008.png


ᠡᠯ᠎ᠠ ᠲᠠᠪᠴᠠᠡᠭ᠎ᠤᠨ ᠪᠦᠷᠢᠨ ᠠᠭᠤᠯᠭ᠎ᠠ ᠵᠢ ᠰᠤᠨᠤᠰᠴᠤ ᠤᠢᠯᠠᠭᠠᠨ᠎ᠠ 


QQ20251231-103018.png


ᠦᠪᠡᠷ ᠦᠪᠡᠷ᠎ᠤᠨ ᠪᠠᠬᠠᠷᠬᠠᠬᠰᠠᠨ ᠭᠠᠷ ᠪᠠᠷᠢᠮᠠᠯ ᠵᠢᠡᠨ ᠰᠢᠨᠵᠢᠵᠦ ᠶᠠᠷᠢᠯᠴᠠᠨ᠎ᠠ


QQ20251231-103037.png


ᠰᠤᠷᠪᠤᠯᠵᠢᠯᠠᠭ᠎ᠠ ᠬᠦᠯᠢᠶᠠᠵᠦ ᠲᠦᠷᠦᠭᠳᠡᠯ ᠵᠢᠡᠨ ᠬᠤᠪᠢᠶᠠᠯᠴᠠᠨ᠎ᠠ 


QQ20251231-103134.png


ᠮᠠᠰᠢᠨ ᠬᠦᠮᠦᠨ 《 ᠵᠠᠡᠭᠭᠠᠷ 》 ᠰᠤᠨᠢᠷᠬᠠᠯ᠎ᠢ ᠲᠠᠳᠠᠨ᠎ᠠ


QQ20251231-103047.png


ᠤᠬᠠᠭᠤᠯᠭ᠎ᠠ ᠵᠢᠨ ᠬᠠᠭᠤᠳᠠᠰᠤᠨ᠎ᠤ ᠠᠭᠤᠯᠭ᠎ᠠ ᠵᠢ ᠨᠢᠮᠪᠠᠢ ᠤᠡᠭᠰᠢᠨ᠎ᠠ 


QQ20251231-103120.png


ᠪᠠᠬᠰᠢ ᠤᠶᠤᠳᠠᠳ ᠦᠵᠡᠰᠭᠦᠯᠠᠡᠭ᠎ᠢ   ᠤᠷᠮᠠᠳᠠᠢ   ᠰᠤᠨᠢᠷᠬᠠᠵᠠᠭᠠᠨ᠎ᠠ

  

QQ20251231-103057.png


ᠤᠶᠤᠨ AI ᠎ᠶᠢ ᠭᠠᠷ ᠤᠲᠠᠰᠤᠨ  ᠲᠡᠬᠡᠷ᠎ᠡ ᠬᠡᠷᠡᠭᠯᠡᠬᠥ   ᠲᠤᠬᠠᠢ  ᠵᠢᠭᠠᠨ᠎ᠠ


QQ20251231-103109.png


ᠠᠭᠤᠯᠭ᠎ᠠ ᠵᠢ ᠨᠠᠷᠢᠨ ᠲᠠᠢᠯᠪᠤᠷᠢᠯᠠᠵᠦ ᠤᠢᠯᠠᠭᠠᠯᠴᠠᠭ᠎ᠠ ᠪᠠᠨ ᠬᠦᠨᠵᠡᠭᠡᠢᠷᠡᠭᠦᠯᠦᠨ᠎ᠠ 


12 ᠰᠠᠷ᠎ᠠ ᠵᠢᠨ 12᠎ᠤᠨ ᠡᠳᠦᠷ ᠡᠴᠡ 18 ᠎ᠤ ᠡᠳᠦᠷ ᠪᠤᠯᠳᠠᠯ᠎ᠠ᠂ ᠦᠪᠦᠷ ᠮᠤᠡᠭᠭᠤᠯ᠎ᠤᠨ ᠡᠳᠦᠷ᠎ᠤᠨ ᠰᠤᠨᠢᠨ᠎ᠤ ᠬᠤᠷᠢᠶ᠎ᠠ ᠡᠴᠡ ᠭᠤᠤᠯᠯᠠᠨ ᠡᠷᠬᠢᠯᠡᠵᠤ᠂ ᠦᠪᠤᠷ ᠮᠤᠡᠭᠭᠤᠯ᠎ᠤᠨ ᠶᠡᠬᠡ ᠰᠤᠷᠭᠠᠭᠤᠯᠢ ᠵᠢᠨ  ᠺᠤᠮᠫᠢᠦ᠋ᠲᠸᠷ᠎ᠤᠨ ᠳᠡᠭᠡᠳᠦ ᠰᠤᠷᠭᠠᠭᠤᠯᠢ᠂ ᠦᠪᠤᠷ ᠮᠤᠡᠭᠭᠤᠯ᠎ᠤᠨ ᠤᠶᠤᠨ ᠮᠡᠳᠡᠭᠡ ᠵᠠᠡᠭᠭᠢ ᠲᠸᠭᠨᠢᠭ ᠮᠡᠷᠭᠡᠵᠢᠯ᠎ᠤᠨ ᠦᠢᠯᠡᠴᠢᠯᠡᠭᠡᠨ᠎ᠤ ᠬᠢᠵᠠᠭᠠᠷᠳᠤ ᠺᠤᠮᠫᠠᠨᠢ ᠡᠴᠡ ᠬᠠᠮᠵᠢᠯᠴᠠᠨ ᠡᠷᠬᠢᠯᠡᠭᠰᠡᠨ ᠡᠷᠳᠡᠨ᠎ᠤ ᠮᠤᠡᠭᠭᠤᠯ ᠨᠤᠮ ᠰᠤᠳᠤᠷ ᠰᠤᠷᠪᠤᠯᠵᠢ ᠪᠢᠴᠢᠭ᠎ᠤᠨ ᠲᠤᠭᠠᠴᠢᠯᠠᠯᠳᠠ ᠵᠢᠴᠢ ᠰᠤᠶᠤᠯ᠎ᠤᠨ ᠪᠦᠳᠦᠭᠡᠯᠴᠢ ᠪᠦᠲᠦᠭᠡᠭᠳᠡᠭᠦᠨ᠎ᠤ ᠦᠵᠡᠰᠭᠦᠯᠡᠡᠭ ᠮᠤᠡᠭᠭᠤᠯ ᠤᠯᠤᠰ᠎ᠤᠨ ᠤᠯᠠᠭᠠᠨᠪᠠᠭᠠᠳᠤᠷ ᠬᠤᠳᠠ᠎ᠳᠤ ᠶᠠᠪᠤᠬᠳᠠᠪᠠ᠃

ᠦᠵᠡᠰᠭᠦᠯᠠᠡᠭ᠎ᠢ ᠮᠤᠡᠭᠭᠤᠯ ᠤᠯᠤᠰ᠎ᠤᠨ ᠰᠢᠨᠵᠢᠯᠡᠬᠦ ᠤᠬᠠᠭᠠᠨ ᠲᠸᠭᠨᠤᠯᠤᠬᠢ ᠵᠢᠨ ᠶᠡᠬᠡ ᠰᠤᠷᠭᠠᠭᠤᠯᠢ ᠵᠢᠴᠢ ᠲᠡᠭᠦᠨ᠎ᠤ ᠮᠡᠳᠡᠭᠡ ᠵᠠᠡᠭᠭᠢ ᠴᠢᠮᠡᠭᠡ ᠬᠤᠯᠪᠤᠭᠠᠨ᠎ᠤ ᠲᠸᠭᠨᠢᠭ ᠮᠡᠷᠭᠡᠵᠢᠯ᠎ᠤᠨ ᠳᠡᠭᠡᠳᠦ ᠰᠤᠷᠭᠠᠭᠤᠯᠢ᠂ ᠮᠤᠡᠭᠭᠤᠯ ᠤᠯᠤᠰ᠎ᠤᠨ ᠦᠨᠳᠦᠰᠦᠳᠡᠨ᠎ᠤ ᠶᠡᠬᠡ ᠰᠤᠷᠭᠠᠭᠤᠯᠢ᠂ ᠤᠯᠠᠭᠠᠨᠪᠠᠭᠠᠳᠤᠷ ᠬᠤᠳᠠ ᠵᠢᠨ ᠪᠠᠶᠠᠡᠭᠤᠤᠯ ᠲᠡᠭᠦᠷᠭᠡ ᠵᠢᠨ ᠡᠷᠡᠭᠦᠯ ᠮᠡᠨᠳᠦ ᠵᠢᠨ ᠲᠦᠪ᠂ ᠮᠤᠡᠭᠭᠤᠯ ᠤᠯᠤᠰ᠎ᠤᠨ ᠬᠦᠳᠡᠭᠡ ᠠᠵᠤ ᠠᠬᠤᠢ ᠵᠢᠨ ᠶᠡᠬᠡ ᠰᠤᠷᠭᠠᠭᠤᠯᠢ ᠪᠤᠯᠤᠨ ᠲᠤᠷᠤᠨ᠎ᠠ ᠲᠤᠮᠤ ᠠᠰᠠᠷ ᠵᠡᠷᠭᠡ ᠭᠠᠵᠠᠷ ᠲᠦ᠍  ᠨᠡᠢᠳᠡ 6 ᠲᠠᠯᠠᠪᠠᠢ ᠡᠷᠬᠢᠯᠡᠵᠦ᠂ ᠨᠢᠭᠡ ᠭᠠᠷᠠᠭ᠎ᠤᠨ ᠲᠤᠷᠰᠢ ᠤᠷᠢᠳ ᠬᠤᠵᠢᠳ ᠬᠡᠲᠦᠨ ᠮᠢᠡᠭᠭᠠᠨ ᠦᠵᠡᠭᠴᠢ ᠦᠵᠡᠰᠭᠦᠯᠠᠡᠭ᠎ᠢ ᠰᠤᠨᠢᠷᠬᠠᠨ ᠦᠵᠡᠪᠡ᠃

ᠠᠬᠤᠢ ᠲᠠᠯᠠᠪᠠᠢ᠎ᠳᠤ᠂ ᠲᠤᠮᠤ ᠲᠡᠯᠭᠡᠴᠡ ᠪᠡᠷ ᠨᠡᠪᠳᠡᠷᠡᠭᠦᠯᠵᠦ ᠪᠠᠢᠭ᠎ᠠ ᠡᠷᠳᠡᠨ᠎ᠤ ᠮᠤᠡᠭᠭᠤᠯ ᠨᠤᠮ ᠰᠤᠳᠤᠷ ᠰᠤᠷᠪᠤᠯᠵᠢ ᠪᠢᠴᠢᠭ᠎ᠤᠨ ᠬᠦᠮᠦᠷᠭᠡ ᠵᠢᠨ ᠲᠡᠪᠴᠡᠡᠭ᠂ ᠵᠠᠡᠭᠭᠠᠷ᠎ᠤᠨ ᠰᠢᠷᠢᠰ ᠪᠦᠲᠦᠭᠡᠭᠳᠡᠭᠦᠨ᠂ ᠮᠤᠡᠭᠭᠤᠯ ᠡᠮ ᠡᠮᠨᠡᠯᠭᠡ ᠵᠢᠨ ᠮᠡᠳᠡᠯᠭᠡ ᠵᠢᠨ ᠬᠦᠮᠦᠷᠭᠡ ᠵᠢᠨ ᠲᠡᠪᠴᠡᠡᠭ᠂ ᠤᠶᠤᠨ AI ᠡᠭᠦᠯᠡᠨ ᠦᠢᠯᠡᠴᠢᠯᠡᠭᠡ ᠵᠡᠷᠭᠡ ᠲᠠᠪᠴᠠᠡᠭ᠎ᠤᠨ ᠡᠯᠪᠡᠭ ᠪᠠᠶᠠᠯᠢᠭ ᠲᠤᠭᠠᠴᠢᠯᠠᠬᠰᠠᠨ ᠠᠭᠤᠯᠭ᠎ᠠ ᠦᠵᠡᠭᠴᠢᠳ᠎ᠤᠨ ᠠᠡᠭᠬᠠᠷᠤᠯ᠎ᠢ ᠲᠠᠳᠠᠵᠦ᠂ ᠦᠵᠠᠰᠭᠦᠯᠠᠡᠭ᠎ᠤᠨ ᠰᠠᠮᠪᠠᠷ᠎ᠠ᠎ᠳ᠋ᠡᠭᠢ ᠠᠭᠤᠯᠭ᠎ᠠ ᠵᠢᠨ ᠲᠠᠨᠢᠯᠴᠠᠭᠤᠯᠭ᠎ᠠ ᠵᠢᠴᠢ 《ᠵᠠᠡᠭᠭᠠᠷ 》᠎ᠤᠨ ᠭᠠᠷ ᠪᠠᠷᠢᠮᠠᠯ᠂ ᠮᠠᠰᠢᠨ ᠬᠦᠮᠦᠨ 《ᠵᠠᠡᠭᠭᠠᠷ》 ᠵᠡᠷᠭᠡ ᠰᠤᠶᠤᠯ᠎ᠤᠨ ᠪᠦᠲᠦᠭᠡᠯᠴᠢ ᠪᠦᠲᠦᠭᠡᠭᠳᠡᠭᠦᠨ ᠨᠤᠭᠦᠳ ᠨᠢ ᠲᠤᠮᠳᠠᠳᠤ ᠵᠢᠨ ᠰᠤᠶᠤᠯ᠎ᠤᠨ ᠡᠴᠢᠨ᠎ᠠ ᠭᠠᠢᠬᠠᠮᠰᠢᠭ ᠪᠠ ᠲᠤᠭᠠᠴᠢᠯᠠᠬᠰᠠᠨ ᠮᠡᠷᠭᠡᠵᠢᠯ᠎ᠤᠨ ᠬᠦᠭᠵᠢᠯᠳᠠ ᠵᠢ ᠬᠠᠷᠠᠭᠤᠯᠵᠦ ᠪᠢᠯᠡ᠃ ᠤᠨᠴᠠᠭᠠᠢᠯᠠᠨ ᠤᠶᠤᠨ AI ᠮᠤᠡᠭᠭᠤᠯ ᠬᠡᠯᠡᠨ᠎ᠤ ᠤᠶᠤᠨᠴᠢ ᠲᠡᠪᠴᠡᠡᠭ᠎ᠤᠨ  ᠤᠷᠴᠢᠭᠤᠯᠭ᠎ᠠ ᠬᠢᠭᠦ᠂ ᠺᠤᠳ᠋ ᠬᠦᠷᠪᠡᠬᠦᠯᠬᠦ᠂ ᠦᠰᠦᠭ ᠬᠠᠷᠭᠤᠭᠤᠯᠬᠤ᠂ ᠤᠶᠤᠨᠴᠢ ᠲᠤᠯᠢ ᠪᠢᠴᠢᠭ ᠬᠠᠡᠭᠭᠠᠬᠤ ᠵᠡᠷᠭᠡ ᠴᠢᠳᠠᠪᠬᠢ ᠨᠢ ᠦᠷᠭᠡᠨ ᠤᠯᠠᠨ ᠪᠠᠬᠰᠢ ᠤᠶᠤᠳᠠᠳ᠎ᠤᠨ ᠬᠦᠷᠢᠶᠡᠯᠡᠯ᠎ᠢ ᠤᠯᠵᠤ᠂ ᠨᠡᠡᠭ ᠤᠯᠠᠨ ᠬᠦᠮᠦᠨ᠎ᠤ ᠪᠠᠬᠠᠷᠬᠠᠯ᠎ᠢ ᠬᠦᠷᠳᠡᠪᠡ᠃ 

ᠲᠤᠰ ᠦᠵᠠᠰᠭᠦᠯᠡᠡᠭ᠎ᠤᠨ ᠲᠤᠭᠠᠴᠢᠯᠠᠬᠰᠠᠨ ᠠᠭᠤᠯᠭ᠎ᠠ ᠵᠢ ᠦᠪᠤᠷ ᠮᠤᠡᠭᠭᠤᠯ᠎ᠤᠨ ᠤᠶᠤᠨ ᠮᠡᠳᠡᠭᠡ ᠵᠠᠡᠭᠭᠢ ᠲᠸᠭᠨᠢᠭ ᠮᠡᠷᠭᠡᠵᠢᠯ᠎ᠤᠨ ᠦᠢᠯᠡᠴᠢᠯᠡᠭᠡᠨ᠎ᠤ ᠬᠢᠵᠠᠭᠠᠷᠳᠤ ᠺᠤᠮᠫᠠᠨᠢ ᠡᠴᠡ ᠬᠠᠡᠭᠭᠠᠵᠦ᠂ ᠮᠤᠡᠭᠭᠤᠯ ᠤᠯᠤᠰ᠎ᠤᠨ ᠤᠯᠠᠭᠠᠨᠪᠠᠭᠠᠳᠤᠷ ᠬᠤᠳᠠᠨ᠎ᠳᠤ ᠲᠡᠯᠭᠡᠨ ᠦᠵᠡᠭᠦᠯᠭᠦ ᠵᠢᠨ ᠵᠡᠷᠭᠡ ᠪᠡᠷ ᠰᠤᠯᠤᠡᠭᠭ᠎ᠠ ᠰᠦᠯᠵᠢᠶ᠎ᠠ᠎ᠳᠤ ᠲᠤᠰᠬᠠᠢ ᠮᠡᠳᠡᠭᠡᠯᠡᠯ ᠨᠡᠭᠡᠭᠡᠵᠦ᠂ ᠰᠦᠯᠵᠢᠶᠠᠨ᠎ᠳ᠋ᠡᠭᠢ ᠦᠵᠡᠰᠭᠦᠯᠠᠡᠭ᠎ᠤᠨ ᠬᠡᠯᠪᠡᠷᠢ ᠪᠡᠷ ᠲᠡᠯᠭᠡᠨ ᠦᠵᠡᠭᠦᠯᠵᠦ᠂ ᠦᠷᠭᠡᠨ ᠤᠯᠠᠨ ᠰᠦᠯᠵᠢᠶᠠᠨ ᠠᠨᠳᠠ ᠵᠢᠨ ᠰᠤᠨᠢᠷᠬᠠᠨ ᠦᠵᠡᠭᠦ᠎ᠳᠤ ᠲᠦᠭᠦᠮ ᠬᠠᠡᠭᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号