— ᠱᠢᠯᠤᠭᠤᠨ ᠬᠥᠪᠡᠭᠡᠲᠦ ᠴᠠᠭᠠᠨ ᠬᠣᠱᠢᠭᠤᠨ᠎ᠤ ᠬᠥᠳᠡᠭᠡ ᠲᠣᠰᠭᠣᠨ᠎ᠤ ᠠᠵᠤ ᠦᠶ᠋ᠯᠡᠰ ᠢ ᠬᠥᠭ᠌ᠵᠢᠭᠦᠯᠦᠨ ᠮᠠᠨᠳᠤᠭᠤᠯᠵᠦ ᠪᠠᠢᠭ᠎ᠠ ᠲᠤᠬᠠᠢ ᠲᠡᠮᠳᠡᠭᠯᠡᠪᠡ
11 ᠰᠠᠷ᠎ᠠ᠎ᠶ᠋ᠢᠨ 6 ᠤ᠋ ᠡᠳᠦᠷ᠂ ᠵᠢᠷᠭᠠᠬᠤ ᠨᠡᠷᠡᠨ᠎ᠦ ᠤᠯᠠᠪᠤᠷ ᠲᠤᠶᠠᠭᠠᠨ᠎ᠳᠤ᠂ ᠱᠢᠯᠤᠭᠤᠨ ᠬᠥᠪᠡᠭᠡᠲᠦ ᠴᠠᠭᠠᠨ ᠬᠣᠱᠢᠭᠤᠨ᠎ᠤ ᠱᠢᠩ ᠶᠣᠣ ᠪᠠᠯᠭᠠᠰᠤᠨ᠎ᠤ ᠴᠠᠭᠠᠨ ᠪᠣᠮᠪᠠᠨ ᠲᠣᠰᠭᠣᠨ᠎ᠤ ᠠᠷᠠᠳ ᠸᠠᠩ ᠷᠦᠨ ᠬᠦᠢ ᠬᠥᠭ᠌ᠰᠢᠨ ᠳ᠋ᠢᠩ ᠮᠧᠢ ᠬᠤᠸᠠ ᠲᠠᠢ ᠪᠠᠨ ᠬᠦᠷᠢᠶᠡᠨ ᠲᠤᠮᠳᠠ ᠪᠠᠨ ᠶᠠᠭᠠᠷᠠᠨ᠎ᠠ᠃
《ᠪᠢᠳᠡ ᠬᠣᠶᠠᠭᠤᠯᠠ᠎ᠪᠠᠨ ᠴᠥᠮ ᠨᠠᠭᠠᠳᠤ ᠵᠠᠬ᠎ᠠ᠎ᠶ᠋ᠢᠨ ᠠᠮᠢᠳᠤᠷᠠᠯ᠎ᠤᠨ ᠪᠠᠲᠤᠯᠠᠭ᠎ᠠ ᠬᠦᠷᠳᠡᠵᠤ ᠪᠤᠢ᠂ ᠡᠭᠦᠨ᠎ᠦ ᠳᠡᠭᠡᠷ᠎ᠡ ᠴᠠᠰᠤᠨ ᠤᠳᠪᠠᠯᠠ᠎ᠶ᠋ᠢᠨ ᠲᠠᠷᠢᠶᠠᠨ᠎ᠤ ᠠᠵᠢᠯ ᠬᠢᠵᠤ ᠤᠯᠤᠬᠰᠠᠨ ᠬᠥᠯᠥᠰᠥᠨ ᠮᠥᠩᠭᠥ ᠪᠠᠨ ᠨᠡᠮᠡᠪᠡᠯ ᠤᠷᠤᠯᠭ᠎ᠠ ᠶᠡᠬᠡ ᠰᠠᠢᠨ ᠪᠠᠢᠨ᠎ᠠ》 ᠭᠡᠵᠦ ᠨᠠᠰᠤᠲᠠᠨ ᠴᠠᠰᠤᠨ ᠤᠳᠪᠠᠯᠡ ᠴᠡᠴᠡᠭ᠎ᠦᠨ ᠲᠠᠷᠢᠮᠠᠯ᠎ᠤᠨ ᠰᠠᠭᠤᠷᠢᠨ᠎ᠢ ᠵᠢᠭᠠᠵᠤ ᠭᠡᠯᠡᠨ᠎ᠡ᠃
ᠡᠨᠡ ᠬᠦ᠌ ᠳᠤᠮᠳᠠᠴᠢ ᠨᠠᠰᠤ ᠨᠢ 60 ᠨᠠᠰᠤ᠎ᠶ᠋ᠢ ᠳᠠᠪᠠᠭ᠍ᠰᠠᠨ ᠲᠣᠰᠭᠣᠨ᠎ᠳᠤ᠂ ᠶᠠᠭ ᠡᠨᠡ ᠬᠦ᠌ ᠴᠠᠰᠤᠨ ᠤᠳᠪᠠᠯᠠ ᠴᠡᠴᠡᠭ᠎ᠦᠨ ᠠᠵᠤ ᠦᠢᠯᠡᠰ ᠨᠢ ᠨᠠᠰᠤᠲᠠᠢᠴᠤᠳ ᠲᠤ᠌ ᠰᠠᠢᠨ ᠰᠠᠢᠬᠠᠨ ᠠᠮᠢᠳᠤᠷᠠᠯ ᠢ ᠡᠳ᠋ᠯᠡᠬᠦᠯᠵᠡᠢ᠃ ᠱᠢᠯᠤᠭᠤᠨ ᠬᠥᠪᠡᠭᠡᠲᠦ ᠴᠠᠭᠠᠨ ᠬᠣᠱᠢᠭᠤᠨ᠎ᠳᠤ ᠴᠠᠰᠤᠨ ᠤᠳᠪᠠᠯᠠ ᠵᠢᠨ ᠲᠠᠷᠢᠮᠠᠯ᠎ᠨᠢ ᠮᠠᠰᠢ ᠣᠯᠠᠨ ᠬᠥᠳᠡᠭᠡ ᠲᠣᠰᠭᠣᠨ᠎ᠤ ᠠᠵᠤ ᠦᠶ᠋ᠯᠡᠰ᠎ᠢ ᠬᠥᠭ᠌ᠵᠢᠭᠦᠯᠦᠨ ᠮᠠᠨᠳᠤᠭᠤᠯᠤᠭ᠍ᠰᠠᠨ ᠬᠤᠷᠢᠶᠠᠩᠭᠤᠶ ᠵᠢᠷᠤᠬᠯᠠᠯ ᠲᠡᠳᠦᠶ ᠪᠠᠢᠵᠤ᠂ ᠴᠢᠨᠠᠭ᠍ᠰᠢᠯᠠᠪᠠᠯ ᠱᠢᠩ ᠶᠣᠣ ᠪᠠᠯᠭᠠᠰᠤᠨ᠎ᠳᠤ ᠡᠢᠮᠦ᠍ ᠠᠵᠤ ᠦᠶ᠋ᠯᠡᠰ ᠤᠯᠠᠨ ᠪᠤᠢ᠃
ᠤᠨᠴᠠᠯᠢᠭ᠍ᠳᠤ ᠲᠠᠷᠢᠮᠠᠯ᠎ᠢᠶᠠᠷ ᠠᠷᠠᠳ᠎ᠢ ᠪᠠᠶᠠᠵᠢᠭᠤᠯᠬᠤ ᠠᠵᠤ ᠦᠶ᠋ᠯᠡᠰ᠎ᠦᠨ ᠬᠡᠯᠬᠢᠶ᠎ᠡ᠎ᠶ᠋ᠢ ᠪᠦᠷᠢᠯᠳᠦᠬᠦᠯᠪᠡ
《ᠮᠠᠨ᠎ᠤ ᠴᠠᠰᠤᠨ ᠤᠳᠪᠠᠯᠠ ᠵᠢᠨ ᠰᠠᠭᠤᠷᠢᠨ᠎ᠢ ᠦᠵᠡᠭ᠌ᠰᠡᠨ ᠪᠢᠵᠡ? ᠮᠠᠨ᠎ᠤ ᠪᠠᠯᠭᠠᠰᠤᠨ᠎ᠳᠤ ᠣᠨᠴᠠᠯᠢᠭ᠍ᠲᠤ ᠲᠠᠷᠢᠮᠠᠯ᠎ᠢ 〈ᠨᠢᠭᠡ ᠴᠡᠴᠡᠭ ᠨᠢᠭᠡ ᠡᠪᠡᠰᠦ᠂ ᠨᠢᠭᠡ ᠭᠤᠸ᠎ᠠ ᠨᠢᠭᠡ ᠨᠣᠭᠣᠭ᠎ᠠ〉 ᠭᠡᠵᠦ᠍ ᠬᠤᠷᠢᠶᠠᠩᠭᠤᠢᠯᠠᠵᠤ ᠪᠣᠯᠤᠨ᠎ᠠ᠃ ᠴᠡᠴᠡᠭ ᠪᠣᠯ ᠳᠠᠷᠤᠶ ᠴᠠᠰᠤᠨ ᠤᠳᠪᠠᠯᠠ ᠴᠡᠴᠡᠭ᠂ ᠡᠪᠡᠰᠦ ᠭᠡᠳᠡᠭ ᠨᠢ ᠬᠥᠮᠦᠨ᠎ᠦ ᠬᠦᠴᠦ᠍᠎ᠪᠡᠷ ᠲᠠᠷᠢᠭ᠍ᠰᠠᠨ ᠬᠦᠯᠡᠮᠵᠢ᠎ᠶ᠋ᠢᠨ ᠬᠦᠮᠡᠯᠢ᠂ ᠭᠤᠸ᠎ᠠ ᠭᠡᠳᠡᠭ ᠨᠢ ᠲᠠᠷᠪᠤᠰ᠂ ᠨᠣᠭᠣᠭ᠎ᠠ ᠭᠡᠳᠡᠭ ᠨᠢ ᠴᠠᠭᠠᠨ ᠨᠣᠭᠣᠭ᠎ᠠ᠎ᠶ᠋ᠢ ᠵᠢᠭᠠᠵᠤ ᠪᠠᠢᠨ᠎ᠠ》 ᠭᠡᠵᠦ ᠱᠢᠩ ᠶᠣᠣ ᠪᠠᠯᠭᠠᠰᠤᠨ᠎ᠤ ᠨᠠᠮ᠎ᠤᠨ ᠬᠣᠷᠢᠶ᠎ᠠ᠎ᠵᠢᠨ ᠱᠦᠵᠢ ᠯᠢ ᠪᠢᠩ ᠪᠠᠯᠭᠠᠰᠤᠨ᠎ᠤ ᠣᠨᠴᠠᠯᠢᠭ᠍ᠲᠤ ᠠᠵᠤ ᠦᠶ᠋ᠯᠡᠰ᠎ᠢᠶᠡᠨ ᠲᠠᠨᠢᠯᠴᠠᠭᠤᠯᠪᠠ᠃
ᠣᠢᠷ᠎ᠠ᠎ᠶ᠋ᠢᠨ ᠬᠡᠳᠦᠨ ᠵᠢᠯ᠎ᠳᠦ᠂ ᠱᠢᠯᠤᠭᠤᠨ ᠬᠥᠪᠡᠭᠡᠲᠦ ᠴᠠᠭᠠᠨ ᠬᠣᠱᠢᠭᠤᠨ᠎ᠤ ᠲᠠᠷᠢᠶᠠᠯᠠᠩ᠎ᠤᠨ ᠭᠤᠤᠯ ᠪᠠᠯᠭᠠᠰᠤ ᠪᠣᠯᠤᠭ᠍ᠰᠠᠨ᠎ᠤ ᠬᠤᠪᠢ᠎ᠳᠤ᠂ ᠱᠢᠩ ᠶᠣᠣ ᠪᠠᠯᠭᠠᠰᠤ ᠨᠢ ᠪᠡᠭᠡᠵᠢᠩ ᠥᠪᠥᠷ ᠮᠣᠩᠭᠣᠯ᠎ᠤᠨ ᠬᠠᠮᠵᠢᠯᠴᠠᠭ᠎ᠠ᠎ᠪᠠᠷ ᠬᠣᠯᠪᠣᠭᠠᠰᠤ ᠪᠣᠯᠭᠠᠵᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢᠶᠡᠷ ᠲᠤᠯᠭᠠᠭᠤᠷᠢᠯᠠᠯ ᠪᠣᠯᠭᠠᠵᠤ᠂ ᠲᠠᠷᠪᠤᠰ᠂ ᠴᠠᠭᠠᠨ ᠨᠣᠭᠣᠭ᠎ᠠ᠂ ᠴᠠᠰᠤᠨ ᠤᠳᠪᠠᠯᠠ᠂ ᠬᠦᠮᠡᠯᠢ ᠵᠡᠷᠭᠡ 4 ᠠᠵᠤ ᠦᠶ᠋ᠯᠡᠰ᠎ᠢ ᠭᠦᠨᠵᠡᠬᠡᠢ ᠬᠦᠭᠵᠢᠬᠦᠯᠵᠤ᠂ ᠤᠨᠴᠠᠯᠢᠬ᠍ᠳᠤ ᠲᠠᠷᠢᠶᠠᠯᠠᠩ᠎ᠤᠨ ᠲᠠᠷᠠᠬᠠᠶ ᠡᠵᠡᠩᠨᠡᠯᠲᠡ᠎ᠡᠴᠡ ᠪᠦᠯᠦᠭ᠌ᠵᠢᠨ ᠬᠥᠭ᠌ᠵᠢᠬᠦ᠌ ᠲᠡᠢᠰᠢ ᠬᠡᠯᠪᠡᠷᠢ᠎ᠪᠡᠨ ᠬᠤᠪᠢᠷᠠᠭᠤᠯᠬᠤ᠎ᠶ᠋ᠢ ᠠᠬᠢᠭᠤᠯᠵᠤ᠂ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠠᠮᠢᠳᠤᠯᠢᠭ ᠵᠢᠷᠤᠭ᠎ᠢ ᠵᠢᠷᠤᠭ᠍ᠯᠠᠪᠠ᠃
2018 ᠣᠨ᠎ᠳᠤ᠂ ᠪᠡᠭᠡᠵᠢᠩ᠎ᠦᠨ ᠳ᠋ᠡ ᠱᠢᠩ ᠲᠣᠭᠣᠷᠢᠭ᠎ᠲᠠᠶ ᠬᠠᠮᠲᠤ᠎ᠪᠠᠷ ᠪᠥᠲᠥᠭᠡᠨ ᠪᠠᠢᠭᠤᠯᠤᠭ᠍ᠰᠠᠨ ᠱᠢᠯᠤᠭᠤᠨ ᠬᠥᠪᠡᠭᠡᠲᠦ ᠴᠠᠭᠠᠨ ᠬᠣᠱᠢᠭᠤᠨ᠎ᠤ ᠪᠡᠭᠡᠵᠢᠩ ᠥᠪᠥᠷ ᠮᠣᠩᠭᠣᠯ᠎ᠤᠨ ᠣᠲᠣ ᠦᠶ᠎ᠡ᠎ᠶ᠋ᠢᠨ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠦᠨ ᠠᠵᠤ ᠦᠶ᠋ᠯᠡᠰ᠎ᠦᠨ ᠬᠦᠷᠢᠶᠡᠯᠡᠩ᠎ᠳᠦ ᠨᠡᠢᠲᠡ 1.1 ᠳ᠋ᠦᠩᠱᠢᠭᠤᠷ ᠲᠥᠭᠥᠷᠢᠭ᠎ᠦᠨ ᠪᠠᠯᠠ ᠣᠷᠣᠭᠤᠯᠵᠤ᠂ 《ᠭᠤᠤᠯ ᠣᠷᠣᠨ — ᠵᠢᠱ᠌ᠢᠶ᠎ᠡ ᠦᠵᠡᠭᠦᠯᠬᠦ᠌ ᠣᠷᠣᠨ — ᠨᠥᠯᠥᠭᠡᠯᠡᠨ ᠳᠠᠢᠴᠢᠯᠠᠬᠤ ᠣᠷᠣᠨ》 ᠭᠤᠷᠪᠠᠨ ᠲᠠᠰ ᠳᠠᠪᠬᠤᠷᠭ᠎ᠠ᠎ᠶ᠋ᠢᠨ ᠭᠤᠤᠯ ᠴᠣᠭ᠍ᠴᠠ᠎ᠶ᠋ᠢᠨ ᠴᠢᠳᠠᠮᠵᠢ᠎ᠶ᠋ᠢᠨ ᠪᠦᠲᠦᠴᠡ᠎ᠶ᠋ᠢ ᠠᠯᠬᠤᠮ ᠠᠯᠬᠤᠮ᠎ᠢᠶᠠᠷ ᠲᠥᠯᠥᠪᠵᠢᠭᠦᠯᠦᠨ ᠪᠦᠷᠢᠯᠳᠦᠭᠦᠯᠵᠦ᠍᠂ ᠲᠦᠬᠦᠬᠡᠷᠦᠮᠵᠢᠳᠤ ᠲᠠᠷᠢᠶᠠᠯᠠᠩ᠎ᠢ ᠶᠡᠬᠡ ᠪᠡᠷ ᠬᠥᠭ᠌ᠵᠢᠭᠦᠯᠪᠡ᠃
7 ᠵᠢᠯ᠎ᠦᠨ ᠰᠦᠪᠡᠭ᠌ᠴᠢᠯᠡᠯᠲᠡ ᠪᠠ ᠬᠥᠭ᠌ᠵᠢᠯᠲᠡ᠎ᠪᠡᠷ ᠳᠡᠮᠵᠢᠨ᠂ ᠲᠣᠰ ᠠᠵᠤ ᠦᠶ᠋ᠯᠡᠰ᠎ᠦᠨ ᠬᠦᠷᠢᠶᠡᠯᠡᠩ ᠲᠣᠭᠣᠷᠢᠭ ᠪᠡᠭᠡᠵᠢᠩ ᠥᠪᠥᠷ ᠮᠣᠩᠭᠣᠯ᠎ᠤᠨ ᠬᠠᠮᠵᠢᠯᠴᠠᠭ᠎ᠠ᠎ᠶ᠋ᠢᠨ ᠱᠢᠯᠤᠭᠤᠨ ᠬᠥᠪᠡᠭᠡᠲᠦ ᠴᠠᠭᠠᠨ ᠬᠣᠱᠢᠭᠤᠨ᠎ᠤ ᠲᠠᠷᠢᠶᠠᠯᠠᠩ᠎ᠤᠨ 《1 + 1 + 4 》 ᠵᠠᠭ᠍ᠪᠤᠷ᠎ᠢ᠋ ᠳ᠋ᠦᠨᠭᠨᠡᠨ ᠭᠠᠷᠭᠠᠪᠠ᠂ ᠲᠤᠬᠠᠢᠯᠠᠪᠠᠯ 1 ᠪᠠᠲᠤ ᠴᠢᠩᠭ᠎ᠠ ᠨᠠᠮ᠎ᠤᠨ ᠡᠭᠦᠷ᠎ᠡᠴᠡ ᠵᠠᠰᠠᠭ᠎ᠤᠨ ᠤᠷᠳᠤᠨ ᠪᠠ ᠠᠵᠤ ᠠᠬᠤᠢᠯᠠᠯ᠎ᠤᠨ ᠬᠠᠮᠲᠤᠷᠠᠯᠴᠠᠭ᠎ᠠ᠎ᠶ᠋ᠢ ᠬᠥᠲᠥᠯᠦᠨ ᠠᠬᠢᠭᠤᠯᠤᠨ᠎ᠠ; 1 ᠳᠠᠭᠠᠭᠤᠯᠤᠭ᠍ᠴᠢ ᠠᠵᠤ ᠠᠬᠤᠢᠯᠠᠯ ᠪᠤᠶᠤ ᠬᠣᠷᠱᠢᠶ᠎ᠠ ᠲᠡᠷᠢᠭᠦᠨ᠎ᠦ ᠪᠣᠷᠣᠯᠠᠭᠤᠯᠭ᠎ᠠ᠎ᠶ᠋ᠢᠨ ᠣᠢᠯᠠᠭᠠᠭ᠍ᠳᠠᠬᠤᠨ ᠪᠠ ᠲᠠᠷᠢᠬᠤ ᠮᠡᠷᠭᠡᠵᠢᠯ᠎ᠢ ᠤᠷᠤᠭᠤᠯᠤᠨ ᠠᠪᠴᠢᠷᠠᠨ᠎ᠠ; ᠲᠠᠷᠢᠶᠠᠴᠢᠳ᠎ᠲᠤ ᠭᠠᠵᠠᠷ ᠱᠢᠷᠣᠶ᠎ᠶ᠋ᠢᠨ ᠡᠵᠡᠨᠭᠨᠡᠯᠲᠡ᠎ᠵᠢᠨ ᠡᠷᠬᠡ᠎ᠵᠢ ᠭᠦᠢᠯᠭᠡᠭᠡᠬᠦ᠂ ᠬᠥᠳᠡᠯᠮᠦᠷᠢ ᠬᠦᠴᠦ ᠬᠡᠷᠡᠭ᠌ᠯᠡᠬᠦ᠌᠂ ᠣᠨᠴᠠᠯᠢᠭ᠍ᠲᠤ ᠲᠠᠷᠢᠮᠠᠯ ᠳᠠᠷᠢᠬᠤ᠂ ᠡᠳ᠋ ᠬᠥᠷᠥᠩᠭᠡ ᠡᠴᠡ ᠠᠱᠢᠭ ᠤᠷᠤᠯᠭ᠎ᠠ ᠤᠯᠬᠤ ᠵᠡᠷᠭᠡ ᠣᠷᠣᠯᠭ᠎ᠠ᠎ᠶ᠋ᠢ ᠨᠡᠮᠡᠭ᠌ᠳᠡᠭᠦᠯᠬᠦ 4 ᠠᠷᠭ᠎ᠠ ᠵᠠᠮ ᠢ ᠰᠦᠪᠡᠭᠴᠢᠯᠡᠪᠡ᠃
ᠬᠦᠯᠡᠮᠵᠢ᠎ᠡᠴᠡ ᠲᠠᠷᠢᠶᠠᠨ ᠭᠠᠵᠠᠷ ᠬᠦᠷᠲᠡᠯ᠎ᠡ᠂ ᠱᠢᠩ ᠶᠣᠣ ᠪᠠᠯᠭᠠᠰᠤᠨ᠎ᠤ ᠳ᠋ᠠ ᠳ᠋ᠢ ᠹᠠᠩ ᠲᠣᠰᠭᠣᠨ᠎ᠤ 1000 ᠮᠦ᠍ ᠵᠢᠨ ᠴᠠᠭᠠᠨ ᠨᠣᠭᠣᠭ᠎ᠠ᠎ᠶ᠋ᠢᠨ ᠰᠠᠭᠤᠷᠢᠨ ᠡᠯᠪᠡᠭ ᠬᠤᠷᠢᠶᠠᠯᠲᠠ ᠣᠯᠵᠠᠢ᠃ 52 ᠨᠠᠰᠤᠲᠠᠶ ᠲᠠᠷᠢᠮᠠᠯ᠎ᠤᠨ ᠲᠣᠮᠣ ᠡᠷᠦᠬᠡ ᠴᠦ ᠶᠧ ᠬᠤᠸᠠ 30 ᠵᠢᠯ ᠲᠠᠷᠢᠶ᠎ᠠ ᠲᠠᠷᠢᠵᠤ᠂ ᠬᠡᠳᠦᠬᠡᠨ ᠮᠦ᠍ ᠴᠠᠭᠠᠨ ᠨᠣᠭᠣᠭ᠎ᠠ᠎ᠶ᠋ᠢᠨ ᠬᠦᠷᠢᠶᠡᠯᠡᠩ᠎ᠡᠴᠡ ᠪᠠᠨ ᠬᠦᠭᠵᠢᠭᠡᠳ 100 ᠮᠦ᠍᠎ᠶ᠋ᠢᠨ ᠬᠡᠪᠴᠢᠶ᠎ᠡ᠎ᠲᠡᠶ ᠪᠣᠯᠭᠠᠵᠤ᠂ 《ᠡᠨᠡ ᠵᠢᠯ᠎ᠦᠨ ᠮᠦ᠍ ᠲᠤᠮᠳᠠᠴᠢ᠎ᠶ᠋ᠢᠨ ᠤᠨᠠᠯᠲᠠ 1.2 ᠲᠦᠮᠡᠨ ᠵᠢᠩ᠎ᠳᠦ ᠬᠦᠷᠴᠦ᠍᠂ ᠵᠢᠱ᠌ᠢᠯᠲᠡ᠎ᠪᠡᠷ ᠴᠡᠪᠡᠷ ᠣᠷᠣᠯᠭ᠎ᠠ 20 ᠲᠦᠮᠡᠨ ᠲᠥᠭᠥᠷᠢᠭ᠎ᠲᠦ ᠬᠦᠷᠦᠨ᠎ᠡ!》 ᠭᠡᠵᠦ᠍ ᠲᠡᠷᠡ ᠴᠢᠷᠠᠶ ᠳᠦᠭᠦᠷᠡᠩ ᠣᠮᠣᠭ᠍ᠰᠢᠨ ᠬᠡᠯᠡᠪᠡ᠃
《ᠪᠥᠬᠥ᠌ ᠪᠠᠯᠭᠠᠰᠤᠨ᠎ᠤ 6000 ᠭᠠᠷᠤᠶ ᠮᠥ᠍ ᠴᠠᠭᠠᠨ ᠨᠣᠭᠣᠭ᠎ᠠ ᠵᠠᠬ᠎ᠠ ᠳᠡᠯᠭᠡᠭᠦᠷ᠎ᠲᠦ ᠭᠠᠷᠴᠤ᠌᠂ ᠳ᠋ᠠ ᠳ᠋ᠢ ᠹᠠᠩ ᠲᠣᠰᠭᠣᠨ᠂ ᠳ᠋ᠦᠩ ᠼᠠᠩ ᠲᠣᠰᠭᠣᠨ᠂ ᠶᠦᠩ ᠾᠧ ᠲᠣᠰᠭᠣᠨ᠂ ᠲᠠᠪᠤᠨ ᠰᠤᠮᠤ ᠲᠣᠰᠭᠣᠨ ᠵᠡᠷᠭᠡ ᠲᠣᠰᠭᠣᠨ᠎ᠤ ᠴᠠᠭᠠᠨ ᠨᠣᠭᠣᠭ᠎ᠠ ᠴᠥᠮ ᠡᠯᠪᠡᠭ ᠬᠤᠷᠢᠶᠠᠯᠲᠠ ᠣᠯᠵᠤ᠂ ᠬᠤᠳᠠᠯᠳᠤᠨ ᠠᠪᠬᠤ ᠦᠨ᠎ᠡ ᠨᠢ ᠮᠥ᠍ ᠪᠦᠷᠢ 2500 ᠲᠥᠭᠥᠷᠢᠭ᠎ᠡᠴᠡ 5000 ᠲᠥᠭᠥᠷᠢᠭ᠎ᠲᠦ ᠭᠦᠷᠦᠭ᠌ᠰᠡᠨ ᠪᠥᠭᠡᠳ ᠪᠡᠭᠡᠵᠢᠩ᠂ ᠱᠠᠨᠳᠦ᠋ᠩ᠂ ᠾᠸᠪᠸᠢ ᠵᠡᠷᠭᠡ ᠭᠠᠵᠠᠷ᠎ᠤᠨ ᠬᠤᠳᠠᠯᠳᠤᠭᠠᠴᠢᠨᠪᠤᠯᠢᠶᠠᠯᠳᠤᠨ ᠠᠪᠴᠤ ᠪᠠᠢᠨ᠎ᠠ》᠃ ᠯᠢ ᠪᠢᠩ᠂ ᠱᠢᠩ ᠶᠣᠣ ᠪᠠᠯᠭᠠᠰᠤᠨ᠎ᠤ ᠴᠠᠭᠠᠨ ᠨᠣᠭᠣᠭ᠎ᠠ᠎ᠨᠢ ᠠᠮᠲᠠ ᠰᠠᠢᠲᠠᠶ᠂ ᠶᠠᠰᠤ ᠴᠢᠨᠠᠷᠱᠢᠯᠢᠳᠡᠭᠵᠢᠡᠷᠵᠢᠡᠨ ᠵᠠᠬ᠎ᠠ ᠳᠡᠯᠭᠡᠭᠦᠷ ᠲᠤ᠌ ᠪᠤᠷᠤᠯᠠᠭᠤᠯᠭ᠎ᠠ ᠰᠠᠢᠳᠠᠢ ᠪᠠᠢᠵᠤ᠂ 2023 ᠣᠨ᠎ᠤ ᠡᠬᠢ᠎ᠪᠡᠷ 《ᠪᠥᠬᠥ᠌ ᠤᠯᠤᠰ᠎ᠤᠨ ᠨᠠᠷᠠᠲᠤ ᠣᠨᠴᠠ ᠱᠢᠯᠢᠳᠡᠭ ᠱᠢᠨ᠎ᠡ ᠲᠠᠷᠢᠶᠠᠯᠠᠩ᠎ᠤᠨ ᠪᠦᠲᠦᠭᠡᠭ᠌ᠳᠡᠬᠦᠨ》 ᠤ᠋ ᠨᠡᠷᠡᠰ᠎ᠲᠦ ᠰᠣᠩᠭᠣᠭ᠍ᠳᠠᠵᠠᠢ ᠭᠡᠵᠦ ᠲᠠᠨᠢᠯᠴᠠᠭᠤᠯᠪᠠ᠃
ᠴᠠᠬᠠᠷ ᠬᠣᠨᠢᠨ᠎ᠤ ᠰᠢᠯᠢᠳᠡᠭ ᠡᠭᠦᠯᠳᠡᠷ᠎ᠢ ᠪᠣᠢᠵᠢᠭᠤᠯᠳ ᠮᠠᠯᠵᠢᠬᠤ ᠡᠷᠦᠬᠡ᠎ᠵᠢᠨ ᠣᠷᠣᠯᠭ᠎ᠠ᠎ᠶ᠋ᠢ ᠨᠡᠮᠡᠭ᠌ᠳᠡᠭᠦᠯᠦᠭᠰᠡᠨ ᠪᠦᠬᠡᠳ ᠪᠡᠯᠴᠢᠬᠡᠷ᠎ᠢ ᠰᠠᠢᠵᠢᠷᠠᠭᠤᠯᠪᠠ
ᠣᠢᠷ᠎ᠠ᠎ᠶ᠋ᠢᠨ ᠵᠢᠯ᠎ᠡᠴᠡ ᠨᠠᠭᠠᠰᠢ᠂ ᠬᠥᠮᠦᠨ ᠳᠤᠮᠳᠠᠴᠢ᠎ᠶ᠋ᠢᠨ ᠨᠤᠲᠤᠭ ᠪᠡᠯᠴᠢᠭᠡᠷ ᠨᠢ 400 ᠮᠥ᠍ ᠬᠥᠷᠬᠥ᠌ ᠥᠬᠡᠶ ᠪᠠᠢᠬᠤ ᠪᠣᠳᠠᠲᠤ ᠪᠠᠢᠳᠠᠯ᠎ᠡᠴᠡ ᠪᠠᠨ ᠡᠭᠦᠰᠴᠦ᠍᠂ ᠱᠢᠯᠤᠭᠤᠨ ᠬᠥᠪᠡᠭᠡᠲᠦ ᠴᠠᠭᠠᠨ ᠬᠣᠱᠢᠭᠤ ᠴᠠᠬᠠᠷ ᠬᠣᠨᠢᠨ᠎ᠤ ᠰᠢᠯᠢᠳᠡᠭ ᠡᠭᠦᠯᠳᠡᠷ᠎ᠢ ᠪᠣᠢᠵᠢᠭᠤᠯᠬᠤ ᠲᠠᠯ᠎ᠠ᠎ᠪᠠᠷ ᠱᠢᠪᠲᠤᠯᠤᠯᠲᠠ ᠭᠠᠷᠭᠠᠵᠤ᠂ ᠡᠭᠦᠯᠳᠡᠷ ᠰᠠᠢᠵᠢᠷᠠᠭᠤᠯᠬᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢᠶᠡᠷ ᠬᠦᠴᠦᠨ ᠣᠯᠭᠣᠬᠤ᠂ ᠲᠥᠷᠥ᠎ᠶ᠋ᠢᠨ ᠪᠣᠳᠣᠯᠭ᠎ᠠ᠎ᠪᠠᠷ ᠲᠡᠳᠬᠦᠬᠦ᠌᠎ᠪᠡᠷ ᠭᠠᠷᠳᠡᠴᠡ ᠪᠣᠯᠭᠠᠵᠤ᠂ ᠮᠢᠬᠠᠨ᠎ᠤ ᠬᠣᠨᠢᠨ᠎ᠤ ᠠᠵᠤ ᠦᠶ᠋ᠯᠡᠰ᠎ᠦᠨ 《ᠲᠣᠭ᠎ᠠ ᠬᠡᠮᠵᠢᠶᠡᠨ᠎ᠦ ᠬᠡᠯᠪᠡᠷᠢ》 ᠡᠴᠡ 《ᠶᠠᠰᠤ ᠴᠢᠨᠠᠷ᠎ᠤᠨ ᠬᠡᠯᠪᠡᠷᠢ》 ᠲᠡᠢᠰᠢ ᠬᠡᠯᠪᠡᠷᠢ᠎ᠪᠡᠨ ᠬᠤᠪᠢᠷᠠᠭᠤᠯᠬᠤ᠎ᠶ᠋ᠢ ᠠᠬᠢᠭᠤᠯᠵᠤ᠂ ᠱᠢᠯᠢᠳᠡᠭ ᠡᠭᠦᠯᠳᠡᠷ᠎ᠢ ᠮᠠᠯᠵᠢᠬᠤ ᠡᠷᠦᠬᠡ᠎ᠶ᠋ᠢᠨ ᠣᠷᠣᠯᠭ᠎ᠠ᠎ᠶ᠋ᠢ ᠨᠡᠮᠡᠭ᠌ᠳᠡᠭᠦᠯᠬᠦ᠌ 《ᠱᠢᠵᠢᠷ ᠠᠯᠲᠠᠨ ᠠᠵᠤ ᠦᠶ᠋ᠯᠡᠰ》 ᠪᠣᠯᠭᠠᠵᠤ᠂ ᠪᠡᠯᠴᠢᠬᠡᠷ᠎ᠤᠨ ᠮᠠᠯ ᠠᠵᠤ ᠠᠬᠤᠶ᠎ᠶ᠋ᠢ ᠬᠥᠭ᠌ᠵᠢᠭᠦᠯᠦᠨ ᠮᠠᠨᠳᠤᠭᠤᠯᠬᠤ ᠬᠦᠴᠦᠷᠬᠡᠭ ᠲᠠᠭᠤᠨ᠎ᠢ ᠬᠠᠩᠬᠢᠨᠠᠭᠤᠯᠪᠠ᠃
11 ᠰᠠᠷ᠎ᠠ᠎ᠶ᠋ᠢᠨ 5 ᠤ᠋ ᠡᠳᠦᠷ᠂ ᠲᠣᠰ ᠬᠣᠱᠢᠭᠤᠨ᠎ᠤ ᠤᠯᠠᠭᠠᠨᠴᠠᠪ ᠰᠤᠮᠤ᠎ᠶ᠋ᠢᠨ ᠡᠩᠭᠡᠷᠪᠤᠯᠠᠭ ᠭᠠᠴᠠᠭᠠᠨ᠎ᠤ ᠮᠠᠯᠴᠢᠨ ᠱᠢᠨᠡᠪᠠᠶᠠᠷ ᠤ᠋ᠨ ᠬᠡᠷ ᠪᠦᠯᠢ᠎ᠶ᠋ᠢᠨ ᠡᠭᠦᠯᠳᠡᠷ ᠤ᠋ᠨ ᠮᠠᠯ᠎ᠤᠨ ᠲᠠᠯᠠᠪᠠᠶ ᠳ᠋ᠤ ᠬᠦᠷᠬᠦ ᠳ᠋ᠤ᠂ ᠪᠠᠷᠢᠮᠵᠢᠶᠠᠵᠢᠭ᠍ᠰᠠᠨ ᠳᠤᠯᠠᠭᠠᠨ ᠰᠠᠷᠠᠪᠴᠢᠨ᠎ᠳᠤ ᠲᠡᠵᠢᠬᠡᠵᠤ ᠪᠠᠢᠭ᠎ᠠ ᠴᠠᠬᠠᠷ ᠬᠣᠨᠢᠳ ᠨᠢ ᠲᠠᠷᠭᠤ ᠬᠦᠴᠦ᠍ ᠰᠠᠢᠲᠠᠶ᠂ ᠦᠰᠦ ᠨᠤᠤᠰᠤ ᠨᠢ ᠭᠢᠯᠲᠠᠭᠠᠨᠠᠮ᠎ᠠ ᠰᠠᠢᠬᠠᠨ ᠪᠠᠢᠪᠠ᠃ ᠪᠥᠬᠥ᠌ ᠬᠣᠱᠢᠭᠤᠨ᠎ᠤ ᠭᠤᠤᠯ ᠡᠭᠦᠯᠳᠡᠷ ᠪᠣᠯᠤᠭ᠍ᠰᠠᠨ᠎ᠤ ᠬᠤᠪᠢ᠎ᠳᠤ᠂ ᠴᠠᠬᠠᠷ ᠬᠤᠨᠢᠨᠦ ᠢᠬᠡᠷᠡᠯᠡᠬᠦ ᠨᠣᠷᠮ᠎ᠠ ᠨᠢ 60% ᠶ᠋ᠢ ᠳᠠᠪᠠᠵᠤ᠂ ᠬᠤᠨᠢ ᠪᠦᠷᠢ ᠵᠢᠨ ᠮᠢᠬᠠᠨ᠎ᠤ ᠭᠠᠷᠤᠯᠲᠠ ᠨᠢ ᠡᠩ᠎ᠦᠨ ᠬᠣᠨᠢ᠎ᠡᠴᠡ 20 ᠵᠢᠩ ᠢᠯᠡᠭᠦᠦ ᠪᠠᠢᠵᠤ᠂ ᠬᠣᠨᠢᠨ ᠨᠤᠤᠰᠤᠨ᠎ᠤ ᠦᠨ᠎ᠡ ᠨᠢ ᠥᠨᠳᠥᠷ ᠪᠠᠢᠬᠤ ᠳᠠᠪᠠᠭᠤᠯᠢᠭ ᠨᠢ ᠮᠠᠯᠴᠢᠳ᠎ᠤᠨ ᠬᠦᠷᠢᠶᠡᠯᠡᠯ ᠢ ᠣᠯᠪᠠ᠃
《ᠴᠠᠬᠠᠷ ᠬᠣᠨᠢ ᠲᠦᠷᠭᠡᠨ ᠦᠷᠡᠵᠢᠵᠦ᠍᠂ ᠮᠢᠬ᠎ᠠ ᠤᠯᠠᠨ ᠭᠠᠷᠳᠠᠭ᠎ᠢᠶᠠᠷ ᠪᠠᠷᠠᠬᠤ ᠥᠬᠡᠶ᠂ ᠬᠣᠨᠢᠨ ᠨᠤᠤᠰᠤ ᠵᠢ ᠨᠢ ᠬᠤᠳᠠᠯᠳᠤᠬᠤ ᠦᠨ᠎ᠡ ᠨᠢ ᠴᠦ᠍ ᠡᠩ᠎ᠦᠨ ᠬᠣᠨᠢᠨ᠎ᠤ ᠬᠢ᠎ᠡᠴᠡ ᠥᠨᠳᠥᠷ ᠪᠠᠢᠵᠤ᠂ ᠲᠡᠵᠢᠭᠡᠨ ᠦᠷᠡᠵᠢᠭᠦᠯᠬᠦ᠌ ᠦᠷ᠎ᠡ ᠠᠱᠢᠭ ᠨᠢ ᠣᠨᠴᠠᠭᠠᠶ ᠰᠠᠢᠨ!》 ᠭᠡᠵᠦ ᠱᠢᠨᠡᠪᠠᠶᠠᠷ ᠢᠨᠢᠶᠡᠮᠰᠦᠭ᠌ᠯᠡᠨ ᠬᠡᠯᠡᠪᠡ᠃
ᠡᠭᠦᠯᠳᠡᠷ᠎ᠦᠨ ᠶᠠᠰᠤ ᠴᠢᠨᠠᠷ ᠢ᠋ ᠳᠡᠭᠡᠭ᠌ᠰᠢᠯᠡᠭᠦᠯᠬᠦ᠌᠎ᠶ᠋ᠢ ᠠᠬᠢᠭᠤᠯᠬᠤ᠎ᠶ᠋ᠢᠨ ᠲᠥᠯᠥᠭᠡ᠂ ᠱᠢᠯᠤᠭᠤᠨ ᠬᠥᠪᠡᠭᠡᠲᠦ ᠴᠠᠭᠠᠨ ᠬᠣᠱᠢᠭᠤ 《ᠡᠭᠦᠯᠳᠡᠷ᠎ᠦᠨ ᠬᠣᠨᠢᠨ᠎ᠤ ᠲᠠᠯᠠᠪᠠᠢ + ᠥᠷᠭᠡᠳᠭᠡᠨ ᠦᠷᠡᠵᠢᠭᠦᠯᠬᠦ᠌ ᠲᠠᠯᠠᠪᠠᠢ + ᠭᠣᠣᠯ ᠰᠦᠷᠦᠭ》 ᠢ᠋ ᠨᠢᠭᠡ ᠴᠣᠭ᠍ᠴᠠᠵᠢᠭᠤᠯᠤᠨ ᠦᠷᠡᠵᠢᠭᠦᠯᠦᠨ ᠪᠣᠢᠵᠢᠭᠤᠯᠬᠤ ᠱᠢᠰᠲ᠋ᠧᠮ᠎ᠢ ᠪᠠᠢᠭᠤᠯᠵᠤ᠂ ᠤᠷᠢᠳ ᠬᠣᠵᠢᠳ ᠪᠠᠷᠢᠮᠵᠢᠶᠠᠵᠢᠭ᠍ᠰᠠᠨ ᠡᠭᠦᠯᠳᠡᠷ᠎ᠦᠨ ᠬᠣᠨᠢᠨ᠎ᠤ ᠲᠠᠯᠠᠪᠠᠢ᠂ ᠥᠷᠭᠡᠳᠭᠡᠨ ᠦᠷᠡᠵᠢᠭᠦᠯᠬᠦ᠌ ᠲᠠᠯᠠᠪᠠᠢ᠂ ᠭᠣᠣᠯᠯᠠᠬᠤ ᠲᠡᠵᠢᠭᠡᠨ ᠦᠷᠡᠵᠢᠭᠦᠯᠬᠦ᠌ ᠰᠦᠷᠦᠭ᠂ ᠵᠣᠬᠢᠶᠠᠮᠠᠯ ᠬᠡᠭᠡᠯᠲᠦᠭᠦᠯᠭᠡ᠎ᠶ᠋ᠢᠨ ᠥᠷᠲᠡᠭᠡ᠎ᠶ᠋ᠢ ᠪᠠᠢᠭᠤᠯᠵᠤ᠂ ᠴᠠᠬᠠᠷ ᠬᠣᠨᠢᠨ᠎ᠤ ᠲᠡᠵᠢᠭᠡᠨ ᠦᠷᠡᠵᠢᠭᠦᠯᠬᠦ᠌ ᠭᠣᠣᠯ ᠭᠠᠷᠤᠯᠲᠠ᠎ᠶ᠋ᠢᠨ ᠣᠷᠣᠨ᠎ᠢ ᠬᠤᠪᠢᠶᠠᠷᠢᠯᠠᠨ ᠲᠣᠭ᠍ᠲᠠᠭᠠᠵᠤ᠂ ᠰᠢᠯᠢᠳᠡᠭ ᠡᠭᠦᠯᠳᠡᠷ᠎ᠢ ᠪᠣᠢᠵᠢᠭᠤᠯᠬᠤ᠂ ᠥᠷᠭᠡᠳᠭᠡᠨ ᠳᠡᠯᠭᠡᠷᠡᠭᠦᠯᠬᠦ᠌᠎ᠡᠴᠡ ᠬᠡᠪᠴᠢᠶᠡᠵᠢᠭᠦᠯᠦᠨ ᠲᠡᠵᠢᠭᠡᠨ ᠦᠷᠡᠵᠢᠭᠦᠯᠬᠦ᠌ ᠬᠦᠷᠲᠡᠯᠡᠬᠢ ᠪᠦᠬᠦ᠌ ᠬᠡᠯᠬᠢᠶᠡᠵᠢᠭ᠌ᠰᠡᠨ ᠠᠵᠤ ᠦᠢᠯᠡᠰ᠎ᠦᠨ ᠬᠥᠭ᠌ᠵᠢᠯᠲᠡ᠎ᠶ᠋ᠢᠨ ᠪᠠᠢᠷᠢᠱᠢᠯ᠎ᠢ ᠪᠦᠷᠢᠯᠳᠦᠭᠦᠯᠪᠡ᠃ ᠬᠠᠷᠢᠨ ᠱᠢᠨᠡᠪᠠᠶᠠᠷᠤᠨ ᠴᠠᠬᠠᠷ ᠬᠣᠨᠢᠨ ᠰᠦᠷᠦᠭ ᠪᠣᠯ ᠶᠠᠭ ᠰᠠᠢᠬᠠᠨ ᠡᠨᠡ ᠬᠦ᠌ ᠭᠣᠭ᠍ᠴᠣᠭᠠᠨᠤ ᠭᠣᠣᠯ ᠪᠣᠯᠬᠤ ᠲᠡᠵᠢᠭᠡᠨ ᠦᠷᠡᠵᠢᠭᠦᠯᠬᠦ᠌ ᠰᠦᠷᠦᠭ ᠪᠣᠯᠤᠨ᠎ᠠ᠃ 《100 ᠡᠬᠡ ᠬᠣᠨᠢ ᠵᠢᠨ ᠵᠢᠯ᠎ᠦᠨ ᠴᠡᠪᠡᠷ ᠣᠷᠣᠯᠭ᠎ᠠ 12 ᠲᠦᠮᠡᠨ ᠲᠥᠭᠥᠷᠢᠭ ᠲᠤ᠌ ᠬᠦᠷᠦᠨ᠎ᠠ!》 ᠭᠡᠵᠦ ᠱᠢᠨᠡᠪᠠᠶᠠᠷ ᠪᠠᠶᠠᠷᠯᠠᠨ ᠬᠡᠯᠡᠪᠡ᠃
ᠪᠣᠷᠣᠯᠠᠭᠤᠯᠬᠤ ᠵᠠᠮ᠎ᠢ ᠥᠷᠭᠡᠳᠭᠡᠵᠦ᠍᠂ ᠲᠦᠷᠦᠯ ᠲᠡᠮᠳᠡᠭ᠌᠎ᠤᠨ ᠠᠯᠳᠠᠷᠰᠢᠯ ᠢ᠋ ᠳᠡᠭᠡᠭ᠌ᠰᠢᠯᠡᠭᠦᠯᠬᠦ᠌᠎ᠶ᠋ᠢᠨ ᠲᠥᠯᠥᠭᠡ᠂ ᠱᠢᠯᠤᠭᠤᠨ ᠬᠥᠪᠡᠭᠡᠲᠦ ᠴᠠᠭᠠᠨ ᠬᠣᠱᠢᠭᠤ ᠨᠢ ᠠᠵᠤ ᠠᠬᠤᠢᠯᠠᠯ᠎ᠢ ᠣᠷᠣᠭᠤᠯᠤᠨ ᠠᠪᠴᠢᠷᠠᠵᠤ ᠵᠢᠯ᠎ᠳᠦ 2 ᠲᠦᠮᠡ ᠭᠠᠷᠤᠶ ᠪᠥᠬᠥ᠌ ᠠᠵᠤ ᠦᠶ᠋ᠯᠡᠰ᠎ᠦᠨ ᠬᠡᠯᠬᠢᠶ᠎ᠡ᠎ᠶ᠋ᠢᠨ ᠵᠢᠱ᠌ᠢᠶ᠎ᠡ ᠦᠵᠡᠭᠦᠯᠬᠦ᠌ ᠰᠠᠭᠤᠷᠢᠨ ᠢ᠋ ᠪᠠᠢᠭᠤᠯᠵᠤ᠂ ᠬᠥᠬᠡᠬᠣᠲᠠ᠎ᠳᠤ ᠪᠡᠶᠡᠴᠢᠯᠡᠨ ᠣᠢᠯᠠᠭᠠᠬᠤ ᠳᠡᠯᠭᠡᠭᠦᠷ ᠭᠠᠷᠭᠠᠵᠦ᠂ 《ᠰᠦᠯᠵᠢᠶᠡᠨ ᠳᠡᠭᠡᠷᠡᠬᠢ + ᠠᠬᠤᠢ ᠲᠠᠯᠠᠪᠠᠢ》 ᠵᠢᠨ ᠪᠣᠷᠣᠯᠠᠭᠤᠯᠭ᠎ᠠ᠎ᠶ᠋ᠢᠨ ᠲᠤᠤᠷ᠎ᠢ ᠪᠠᠢᠭᠤᠯᠪᠠ᠃ ᠣᠳᠣᠬᠠᠨ᠎ᠳᠤ᠂ ᠲᠤᠬᠠᠶ᠎ᠶ᠋ᠢᠨ ᠭᠠᠵᠠᠷ᠎ᠤᠨ᠎ᠬᠢᠨ 《ᠴᠥᠭᠡᠨ ᠲᠡᠵᠢᠭᠡᠵᠦ᠍ ᠨᠠᠷᠢᠯᠢᠭ ᠲᠡᠵᠢᠭᠡᠬᠦ᠌》 ᠵᠠᠭ᠍ᠪᠤᠷ᠎ᠢᠶᠠᠷ ᠳᠠᠮᠵᠢᠨ᠂ ᠨᠤᠲᠤᠭ ᠪᠡᠯᠴᠢᠭᠡᠷ᠎ᠦᠨ ᠬᠣᠷᠢᠭ᠎ᠠ ᠱᠤᠭᠤᠮ ᠢ ᠴᠢᠩᠭ᠎ᠠ ᠰᠠᠬᠢᠬᠤ᠎ᠶ᠋ᠢᠨ ᠬᠠᠮᠲᠤ ᠦᠷ᠎ᠡ ᠠᠱᠢᠭ ᠢ ᠬᠠᠮᠤᠭ᠎ᠤᠨ ᠶᠡᠬᠡ ᠪᠤᠯᠭᠠᠪᠠ᠃
ᠣᠳᠣᠬᠢᠴᠢᠯᠠᠭ᠍ᠰᠠᠨ ᠮᠠᠯ ᠠᠵᠤ ᠠᠬᠤᠶ ᠬᠦᠳᠡᠬᠡ ᠲᠤᠰᠬᠤᠨ᠎ᠢ ᠬᠦᠭᠵᠢᠬᠦᠯᠦᠨ ᠮᠠᠨᠳᠤᠭᠤᠯᠬᠤ ᠨᠢᠷᠤᠭᠤᠪᠴᠢ ᠪᠤᠯᠪᠠ
ᠬᠤᠸᠠ ᠰᠢ ᠦᠬᠡᠷ᠎ᠢᠶᠡᠷ ᠭᠤᠤᠯ ᠪᠣᠯᠭᠠᠭ᠍ᠰᠠᠨ ᠮᠢᠬᠠᠨ ᠤ᠋ ᠦᠬᠡᠷ᠎ᠦᠨ ᠠᠵᠤ ᠦᠶ᠋ᠯᠡᠰ ᠪᠣᠯ ᠱᠢᠯᠤᠭᠤᠨ ᠬᠥᠪᠡᠭᠡᠲᠦ ᠴᠠᠭᠠᠨ ᠬᠣᠱᠢᠭᠤᠨ᠎ᠤ ᠮᠠᠯᠵᠢᠬᠤ ᠣᠷᠣᠨ᠎ᠤ ᠠᠵᠤ ᠦᠶ᠋ᠯᠡᠰ᠎ᠢ ᠬᠥᠭ᠌ᠵᠢᠭᠦᠯᠦᠨ ᠮᠠᠨᠳᠤᠭᠤᠯᠬᠤ ᠳᠤᠮᠳᠠᠬᠢ ᠪᠠᠰᠠ ᠨᠢᠭᠡᠨ ᠶᠡᠬᠡ ᠬᠢᠯᠠᠰ ᠴᠡᠭ ᠪᠣᠯᠤᠨ᠎ᠠ᠃ ᠲᠤᠬᠠᠶ᠎ᠶ᠋ᠢᠨ ᠭᠠᠵᠠᠷ᠎ᠤᠨ᠎ᠬᠢᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢᠶᠡᠷ ᠡᠨᠧᠷᠭᠢ ᠣᠯᠭᠣᠬᠤ᠂ ᠪᠠᠷᠢᠮᠵᠢᠶᠠᠲᠤ ᠲᠡᠵᠢᠭᠡᠨ ᠦᠷᠡᠵᠢᠭᠦᠯᠬᠦ᠌᠂ ᠲᠥᠷᠥ᠎ᠶ᠋ᠢᠨ ᠪᠣᠳᠣᠯᠭ᠎ᠠ ᠪᠠᠷ ᠲᠡᠳᠬᠦᠬᠦ᠌ ᠪᠠ ᠬᠡᠯᠬᠢᠶ᠎ᠡ᠎ᠶ᠋ᠢ ᠤᠷᠲᠤᠳᠭᠠᠬᠤ᠎ᠪᠠᠷ ᠳᠠᠮᠵᠢᠨ᠂ ᠠᠵᠤ ᠦᠶ᠋ᠯᠡᠰ᠎ᠦᠨ ᠶᠠᠰᠤ ᠴᠢᠨᠠᠷ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠬᠦ᠌᠎ᠶ᠋ᠢ ᠪᠥᠬᠥ᠌ ᠲᠠᠯ᠎ᠠ᠎ᠪᠠᠷ ᠠᠬᠢᠭᠤᠯᠵᠤ᠂ 《ᠦᠬᠡᠷ᠎ᠦᠨ ᠠᠵᠤ ᠠᠬᠤᠶ》 ᠶ᠋ᠢ ᠮᠠᠯᠵᠢᠬᠤ ᠡᠷᠦᠬᠡ᠎ᠶ᠋ᠢᠨ ᠣᠷᠣᠯᠭ᠎ᠠ᠎ᠶ᠋ᠢᠨ ᠨᠡᠮᠡᠭ᠌ᠳᠡᠯ᠎ᠦᠨ 《ᠠᠯᠲᠠᠨ ᠲᠦᠯᠬᠢᠭᠦᠷ》 ᠪᠣᠯᠭᠠᠪᠠ᠃
ᠲᠤᠰ ᠬᠣᠱᠢᠭᠤᠨ᠎ᠤ ᠤᠯᠠᠭᠠᠨᠴᠠᠪ ᠰᠤᠮᠤ᠎ᠶ᠋ᠢᠨ ᠰᠠᠢᠨᠪᠤᠯᠠᠭ ᠭᠠᠴᠠᠭᠠᠨ᠎ᠤ ᠮᠠᠯᠴᠢᠨ ᠭᠠᠩᠸᠴᠢᠷ᠎ᠤᠨ ᠭᠡᠷ ᠪᠦᠯᠢ᠎ᠶ᠋ᠢᠨ ᠮᠠᠯᠵᠢᠯ᠎ᠤᠨ ᠲᠠᠯᠠᠪᠠᠢ᠎ᠳᠤ ᠬᠦᠷᠬᠦ ᠳ᠋ᠤ᠂ ᠲᠠᠷᠭᠤ ᠰᠠᠢᠳᠠᠢ ᠬᠤᠸᠠ ᠰᠢ ᠦᠬᠡᠷ ᠨᠢ ᠪᠠᠷᠢᠮᠵᠢᠶᠠᠲᠤ ᠬᠠᠱᠢᠶᠠᠨ ᠳᠣᠲᠣᠷ᠎ᠠ ᠲᠠᠪᠠᠳᠠᠢ ᠬᠡᠪᠢᠵᠤ ᠬᠡᠪᠳᠠᠨᠠ᠃ ᠪᠥᠬᠥ᠌ ᠬᠣᠱᠢᠭᠤᠨ᠎ᠤ ᠠᠩᠬᠠᠳᠠᠭ᠍ᠴᠢ ᠪᠦᠯᠦᠭ ᠬᠤᠸᠠ ᠰᠢ ᠦᠬᠡᠷ᠎ᠦᠨ ᠡᠭᠦᠯᠳᠡᠷ ᠪᠣᠢᠵᠢᠭᠤᠯᠬᠤ ᠭᠤᠤᠯ ᠰᠦᠷᠦᠭ ᠵᠢᠡᠷ ᠬᠢᠨᠠᠨ ᠲᠣᠭ᠍ᠲᠠᠭᠠᠬᠰᠠᠨ ᠡᠷᠦᠬᠡ ᠪᠣᠯᠤᠭ᠍ᠰᠠᠨ᠎ᠤ ᠬᠤᠪᠢ᠎ᠳᠤ᠂ ᠲᠡᠷᠡ 2018 ᠣᠨ᠎ᠳᠤ 38 ᠱᠢᠮᠧᠨ᠋ᠲᠠᠷ ᠦᠨᠢᠶ᠎ᠡ ᠣᠷᠣᠭᠤᠯᠤᠨ ᠠᠪᠴᠢᠷᠠᠵᠤ᠂ ᠵᠠᠰᠠᠭ᠎ᠤᠨ ᠣᠷᠳᠣᠨ᠎ᠤ ᠨᠥᠬᠥᠪᠥᠷᠢ ᠪᠠ ᠮᠡᠷᠭᠡᠵᠢᠯ᠎ᠦᠨ ᠪᠣᠯᠪᠠᠰᠤᠷᠠᠯ᠎ᠤᠨ ᠳᠡᠮᠵᠢᠯᠭᠡ ᠳᠤᠤᠷ᠎ᠠ᠂ ᠢᠴᠡᠭᠡᠯ ᠦᠷ᠎ᠡ᠎ᠶ᠋ᠢᠨ ᠬᠡᠭᠡᠯᠲᠦᠭᠦᠯᠭᠡ ᠬᠢᠬᠦ᠂《ᠬᠠᠪᠤᠷ ᠵᠣᠨ ᠰᠤᠯᠠ ᠮᠠᠯᠵᠢᠬᠤ + ᠡᠪᠦᠯ᠎ᠦᠨ ᠤᠯᠠᠷᠢᠯ᠎ᠳᠤ ᠬᠠᠱᠢᠶᠠᠯᠠᠨ ᠲᠡᠵᠢᠭᠡᠬᠦ᠌》 ᠵᠠᠭ᠍ᠪᠤᠷ᠎ᠢᠶᠠᠷ ᠳᠠᠮᠵᠢᠨ᠂ ᠥᠪᠡᠷ᠎ᠦᠨ ᠦᠬᠡᠷ᠎ᠦᠨ ᠰᠦᠷᠦᠭ ᠢᠶᠡᠨ ᠠᠯᠬᠤᠮ ᠠᠯᠬᠤᠮ᠎ᠢᠶᠠᠷ ᠴᠢᠨᠠᠷ ᠰᠠᠢᠲᠠᠶ ᠬᠤᠸᠠ ᠰᠢ ᠦᠬᠡᠷ᠎ᠤᠨ ᠡᠬᠦᠯᠳᠡᠷ ᠪᠣᠯᠭᠠᠨ ᠰᠠᠢᠵᠢᠷᠠᠭᠤᠯᠵᠤ᠂ 2025 ᠣᠨ᠎ᠳᠤ ᠮᠠᠯᠵᠢᠯ᠎ᠤᠨ ᠲᠠᠯᠠᠪᠠᠶ᠎ᠶ᠋ᠢᠨ ᠴᠡᠪᠡᠷ ᠣᠷᠣᠯᠭ᠎ᠠ ᠨᠢ 17 ᠲᠦᠮᠡᠨ ᠲᠥᠭᠥᠷᠢᠭ᠎ᠲᠦ ᠬᠦᠷᠴᠡᠶ᠃
《ᠬᠤᠸᠠ ᠰᠢ ᠦᠬᠡᠷ᠎ᠦᠨ ᠡᠭᠦᠯᠳᠡᠷ᠎ᠦᠨ ᠪᠤᠬ᠎ᠠ᠎ᠶ᠋ᠢᠨ ᠪᠣᠷᠣᠯᠠᠭᠤᠯᠤᠯᠳᠠ ᠵᠢᠨ ᠦᠨ᠎ᠡ ᠨᠢ 1 ᠲᠦᠮᠡᠨ ᠲᠥᠭᠥᠷᠢᠭ᠎ᠢ ᠳᠠᠪᠠᠵᠤ᠂ ᠵᠠᠬ᠎ᠠ ᠳᠡᠯᠭᠡᠭᠦᠷ᠎ᠦᠨ ᠦᠨ᠎ᠡ᠎ᠡᠴᠡ 4000 ᠲᠥᠭᠥᠷᠢᠭ ᠦᠨᠡᠲᠡᠶ ᠪᠠᠢᠨ᠎ᠠ᠂ ᠦᠨᠢᠶ᠎ᠡ᠂ ᠲᠤᠭᠤᠯᠤᠨ ᠦᠨ᠎ᠡ ᠨᠢ ᠴᠦ᠍ ᠢᠯᠡᠷᠬᠡᠶ ᠥᠰᠴᠦ᠍᠂ ᠡᠭᠦᠨ᠎ᠦ ᠳᠡᠭᠡᠷ᠎ᠡ ᠪᠤᠬ᠎ᠠ ᠨᠢᠭᠡ ᠪᠦᠷᠢ ᠳ᠋ᠤ ᠦᠭᠬᠦ 4000 ᠲᠥᠭᠥᠷᠢᠭ᠎ᠦᠨ ᠨᠥᠬᠥᠪᠥᠷᠢ᠎ᠶ᠋ᠢ ᠨᠡᠮᠡᠪᠡᠯ᠂ ᠲᠡᠵᠢᠭᠡᠨ ᠦᠷᠡᠵᠢᠭᠦᠯᠬᠦ᠌ ᠢᠳᠡᠬᠡᠯ ᠬᠦᠴᠦᠨ ᠲᠡᠭᠦᠯᠳᠡᠷ ᠪᠠᠢᠨ᠎ᠠ!》 ᠭᠡᠵᠦ᠍ ᠭᠠᠩᠸᠴᠢᠷ ᠢᠨᠢᠶᠡᠮᠰᠦᠭ᠌ᠯᠡᠨ ᠬᠡᠯᠡᠪᠡ᠃
ᠠᠵᠤ ᠦᠶ᠋ᠯᠡᠰ᠎ᠦᠨ ᠬᠥᠭ᠌ᠵᠢᠯᠲᠡ᠎ᠶ᠋ᠢᠨ ᠲᠣᠭ᠎ᠠ ᠪᠠᠷᠢᠮᠲᠠ᠎ᠨᠢ ᠮᠢᠬᠠᠨ ᠤ᠋ ᠦᠬᠡᠷ᠎ᠦᠨ ᠠᠵᠤ ᠦᠶ᠋ᠯᠡᠰ᠎ᠦᠨ ᠬᠦᠴᠦᠷᠬᠡᠭ ᠶᠡᠬᠡ ᠠᠮᠢᠵᠢᠷᠠᠯ᠎ᠤᠨ ᠬᠦᠴᠦᠨ᠎ᠢ ᠭᠡᠷᠡᠴᠢᠯᠡᠵᠦ᠍᠂ 2024 ᠣᠨ᠎ᠳᠤ ᠱᠢᠯᠤᠭᠤᠨ ᠬᠥᠪᠡᠭᠡᠲᠦ ᠴᠠᠭᠠᠨ ᠬᠣᠱᠢᠭᠤᠨ᠎ᠤ ᠮᠢᠬᠠᠨ ᠤ᠋ ᠦᠬᠡᠷ 15.7 ᠲᠦᠮᠡ ᠪᠤᠯᠵᠦ᠂ ᠬᠤᠸᠠ ᠰᠢ ᠦᠬᠡᠷ᠎ᠦᠨ ᠮᠢᠬᠠᠨ᠎ᠤ ᠭᠠᠷᠤᠯᠲᠠ ᠥᠨᠳᠥᠷ᠂ ᠥᠰᠥᠯᠲᠡ ᠨᠢ ᠲᠦᠷᠭᠡᠨ ᠵᠡᠷᠭᠡ ᠳᠠᠪᠠᠭᠤᠯᠢᠭ᠎ᠲᠠᠢ ᠤᠴᠢᠷ ᠡᠴᠡ ᠲᠡᠵᠢᠭᠡᠨ ᠦᠷᠡᠵᠢᠭᠦᠯᠬᠦ᠌ ᠲᠡᠷᠢᠭᠦᠨ ᠰᠣᠩᠭᠣᠯᠲᠠ ᠪᠣᠯᠵᠠᠶ᠃ 5900 ᠭᠠᠷᠤᠶ ᠲᠡᠵᠢᠭᠡᠨ ᠦᠷᠡᠵᠢᠭᠦᠯᠬᠦ᠌ ᠡᠷᠦᠬᠡ᠎ᠶ᠋ᠢᠨ ᠳᠣᠲᠣᠷ᠎ᠠ᠂ ᠦᠨᠢᠶᠡᠨ᠎ᠤ ᠦᠷᠡᠵᠢᠯᠲᠡ᠎ᠶ᠋ᠢᠨ ᠨᠣᠷᠮ᠎ᠠ ᠨᠢ 85% ᠪᠤᠯᠵᠦ᠂ 162 ᠢᠴᠡᠭᠡᠯ ᠦᠷ᠎ᠡ ᠵᠢᠨ ᠬᠡᠭᠡᠯᠲᠦᠭᠦᠯᠭᠡ᠎ᠶ᠋ᠢᠨ ᠥᠷᠲᠡᠭᠡ ᠴᠡᠭ 98.6% ᠶ᠋ᠢᠨ ᠡᠭᠦᠯᠳᠡᠷ ᠰᠠᠢᠵᠢᠷᠠᠭᠤᠯᠬᠤ ᠨᠣᠷᠮ᠎ᠠ᠎ᠶ᠋ᠢ ᠪᠡᠶᠡᠯᠡᠭᠦᠯᠵᠦ᠍᠂ 20 ᠡᠷᠦᠬᠡ ᠵᠢᠨ ᠭᠤᠤᠯ ᠰᠦᠷᠦᠭ᠎ᠲᠦ 10 ᠡᠷᠦᠬᠡ ᠨᠢ ᠬᠤᠸᠠ ᠰᠢ ᠦᠬᠡᠷ᠎ᠦᠨ ᠡᠭᠦᠯᠳᠡᠷ ᠪᠣᠢᠵᠢᠭᠤᠯᠬᠤ ᠰᠦᠷᠦᠭ ᠪᠣᠯᠵᠠᠶ᠃ ᠠᠵᠤ ᠦᠶ᠋ᠯᠡᠰ᠎ᠦᠨ ᠬᠡᠯᠬᠢᠶ᠎ᠡ᠎ᠶ᠋ᠢᠨ ᠲᠠᠯ᠎ᠠ᠎ᠪᠠᠷ᠂ ᠡᠷᠳᠡᠨᠢ ᠵᠡᠷᠭᠡ 3 ᠠᠵᠤ ᠠᠬᠤᠢᠯᠠᠯ᠎ᠤᠨ ᠵᠢᠯ᠎ᠦᠨ ᠡᠳ᠋ᠱᠢᠭᠦᠯᠬᠦ᠌ ᠴᠢᠳᠠᠪᠤᠷᠢ᠎ᠨᠢ 4 ᠲᠦᠮᠡ᠎ᠳᠤ ᠬᠦᠷᠴᠦ᠍᠂ ᠴᠢᠨᠠᠷ ᠰᠠᠢᠲᠠᠶ ᠰᠢᠯᠢᠳᠡᠭ ᠡᠭᠦᠯᠳᠡᠷ᠎ᠦᠨ ᠲᠡᠵᠢᠭᠡᠨ ᠦᠷᠡᠵᠢᠭᠦᠯᠬᠦ᠌ ᠰᠠᠭᠤᠷᠢᠨ ᠤ᠋ ᠵᠢᠯ᠎ᠦᠨ ᠮᠠᠯ᠎ᠤᠨ ᠭᠠᠷᠭᠠᠯᠲᠠ᠎ᠨᠢ 5000 ᠶ᠋ᠢ ᠳᠠᠪᠠᠬᠤ ᠪᠣᠯᠤᠨ᠎ᠠ᠃
ᠱᠢᠯᠤᠭᠤᠨ ᠬᠥᠪᠡᠭᠡᠲᠦ ᠴᠠᠭᠠᠨ ᠬᠣᠱᠢᠭᠤᠨ᠎ᠤ ᠱᠢᠨ᠎ᠡ ᠪᠡᠷ ᠪᠦᠲᠦᠬᠡᠨ ᠪᠠᠢᠭᠤᠯᠤᠭ᠍ᠰᠠᠨ ᠠᠶ ᠯᠢ ᠲᠧ ᠮᠢᠬᠠᠨ᠎ᠤ ᠦᠬᠡᠷ᠎ᠦᠨ ᠡᠭᠦᠯᠳᠡᠷ ᠤ᠋ᠨ ᠦᠶ᠋ᠯᠡᠰ᠎ᠦᠨ ᠬᠢᠵᠠᠭᠠᠷᠲᠤ ᠺᠣᠮᠫᠠᠨᠢ᠎ᠶ᠋ᠢᠨ ᠲᠤᠷᠱᠢᠯᠲᠠ᠎ᠶ᠋ᠢᠨ ᠳᠠᠰᠤᠭ᠎ᠲᠤ᠂ ᠮᠡᠷᠭᠡᠵᠢᠯ᠎ᠦᠨ ᠠᠵᠢᠯᠲᠠᠨ ᠬᠤᠸᠠ ᠰᠢ ᠦᠬᠡᠷ᠎ᠦᠨ ᠢᠴᠡᠭᠡᠯ ᠦᠷ᠎ᠡ᠎ᠶ᠋ᠢ ᠱᠢᠶ᠋ᠳᠪᠦᠷᠢᠯᠡᠬᠦ᠌᠎ᠪᠡᠷ ᠶᠠᠭᠠᠷᠠᠵᠤ ᠪᠠᠢᠯ᠎ᠠ᠃ ᠺᠣᠮᠫᠠᠨᠢ᠎ᠶ᠋ᠢᠨ ᠦᠶ᠋ᠯᠡᠳᠪᠦᠷᠢᠯᠡᠯ᠎ᠦᠨ ᠳᠠᠷᠤᠭ᠎ᠠ ᠵᠣᠣ ᠯᠸᠢ ᠲᠠᠨᠢᠯᠴᠠᠭᠤᠯᠬᠤ᠎ᠳᠠᠭᠠᠨ᠂ ᠣᠳᠣᠬᠠᠨ᠎ᠳᠤ ᠶᠠᠭ ᠢᠴᠡᠭᠡᠯ ᠦᠷ᠎ᠡ ᠦᠶ᠋ᠯᠡᠳᠪᠦᠷᠢᠯᠡᠬᠦ᠌ ᠵᠥᠪᠱᠢᠶᠡᠷᠡᠯ᠎ᠦᠨ ᠦᠨᠡᠮᠯᠡᠯ ᠭᠤᠶᠤᠴᠢᠯᠠᠵᠤ ᠪᠠᠢᠨ᠎ᠠ᠂ ᠪᠠᠢᠴᠠᠭᠠᠯᠭᠠᠬᠤ᠎ᠪᠠᠷ ᠬᠦᠷᠭᠡᠭ᠌ᠰᠡᠨ 52 ᠦᠬᠡᠷ ᠨᠢᠭᠡᠨᠲᠡ ᠪᠦᠬᠦᠨ᠎ᠢᠶᠡᠷ᠎ᠢᠶᠡᠨ ᠬᠢᠷᠢ ᠲᠡᠩᠴᠡᠵᠦ᠍᠂ ᠵᠥᠪᠱᠢᠶᠡᠷᠡᠯ᠎ᠦᠨ ᠦᠨᠡᠮᠯᠡᠯ ᠣᠯᠤᠭ᠍ᠰᠠᠨ᠎ᠤ ᠳᠠᠷᠠᠭ᠎ᠠ ᠳᠠᠷᠤᠶ ᠭᠠᠳᠠᠭᠰᠢ ᠪᠠᠨ ᠢᠴᠡᠭᠡᠯ ᠦᠷ᠎ᠡ ᠪᠣᠷᠣᠯᠠᠭᠤᠯᠵᠤ ᠪᠣᠯᠤᠨ᠎ᠠ᠂ ᠺᠣᠮᠫᠠᠨᠢ ᠴᠤ᠌ ᠵᠢᠩᠬᠢᠨᠢ᠎ᠪᠡᠷ ᠠᠱᠢᠭ᠍ᠯᠠᠯᠲᠠ᠎ᠳᠤ ᠣᠷᠣᠬᠤ ᠪᠣᠯᠤᠨ᠎ᠠ ᠭᠡᠵᠡᠶ᠃
ᠣᠢᠯᠠᠭᠠᠭ᠍ᠰᠠᠨ᠎ᠢᠶᠠᠷ᠂ ᠲᠣᠰ ᠺᠣᠮᠫᠠᠨᠢ ᠪᠣᠯ ᠵᠠᠰᠠᠭ᠎ᠤᠨ ᠤᠷᠳᠤᠨ ᠪᠠ ᠠᠵᠤ ᠠᠬᠤᠢᠯᠠᠯ᠎ᠤᠨ ᠬᠠᠮᠲᠤᠷᠠᠨ ᠠᠵᠢᠯᠯᠠᠬᠤ ᠵᠠᠭ᠍ᠪᠤᠷ᠎ᠤᠨ ᠪᠥᠲᠥᠭᠡᠨ ᠪᠠᠢᠭᠤᠯᠤᠯᠲᠠ ᠮᠥᠨ᠂ ᠦᠶ᠋ᠯᠡᠳᠪᠦᠷᠢ ᠪᠣᠯ ᠵᠠᠰᠠᠭ᠎ᠤᠨ ᠣᠷᠳᠣᠨ᠎ᠤ ᠪᠥᠲᠥᠭᠡᠨ ᠪᠠᠢᠭᠤᠯᠤᠯᠲᠠ᠎ᠶ᠋ᠢᠨ ᠲᠦᠷᠦᠯ ᠵᠦᠢᠯ᠂ ᠠᠵᠤ ᠠᠬᠤᠢᠯᠠᠯ᠎ᠤᠨ ᠡᠵᠡᠩᠨᠡᠯᠲᠡ ᠬᠠᠮᠢᠶᠠᠷᠤᠯᠲᠠ᠎ᠶ᠋ᠢ ᠬᠠᠷᠢᠭᠤᠴᠠᠨ᠎ᠠ᠃
ᠡᠭᠦᠨ᠎ᠡᠴᠡ ᠭᠠᠳᠠᠨ᠎ᠠ᠂ 2021 ᠣᠨ᠎ᠡᠴᠡ 2024 ᠣᠨ᠎ᠤ ᠬᠣᠭᠣᠷᠣᠨᠳᠣ᠂ ᠱᠢᠯᠤᠭᠤᠨ ᠬᠥᠪᠡᠭᠡᠲᠦ ᠴᠠᠭᠠᠨ ᠬᠣᠱᠢᠭᠤ ᠡᠯ᠎ᠡ ᠱᠠᠲᠤᠨ᠎ᠤ ᠪᠠᠯᠠ ᠮᠥᠩᠭᠥ᠎ᠶ᠋ᠢ ᠨᠡᠢᠲᠡ 1 ᠳ᠋ᠦᠩᠱᠢᠭᠤᠷ ᠱᠢᠬᠠᠮ ᠲᠥᠭᠥᠷᠢᠭ ᠣᠷᠣᠭᠤᠯᠵᠤ᠂ ᠣᠳᠣᠬᠢᠴᠢᠯᠠᠯᠲᠠ᠂ ᠮᠠᠱᠢᠨᠴᠢᠯᠠᠯᠲᠠ᠎ᠶ᠋ᠢᠨ ᠪᠠᠷᠢᠮᠵᠢᠶ᠎ᠠ ᠶᠣᠰᠣᠭᠠᠷ᠂ ᠳᠤᠯᠠᠭᠠᠨ ᠰᠠᠷᠠᠪᠴᠢ ᠪᠠᠢᠭᠤᠯᠵᠤ᠂ ᠮᠢᠬᠠᠨ ᠤ᠋ ᠦᠬᠡᠷ ᠦᠨ ᠪᠠᠷᠢᠮᠵᠢᠶᠠᠵᠢᠭᠤᠯᠤᠭ᠍ᠰᠠᠨ ᠲᠡᠵᠢᠭᠡᠨ ᠦᠷᠡᠵᠢᠭᠦᠯᠬᠦ᠌ ᠳᠦ ᠪᠠᠲᠤ ᠪᠠᠬᠢ ᠰᠠᠭᠤᠷᠢ ᠲᠥᠬᠥᠭᠡᠷᠦᠮᠵᠢ᠎ᠶ᠋ᠢᠨ ᠪᠠᠲᠤᠯᠠᠭ᠎ᠠ ᠬᠠᠩᠭᠠᠪᠠ᠃ ᠣᠳᠣᠬᠠᠨ᠎ᠳᠤ᠂ ᠱᠢᠯᠤᠭᠤᠨ ᠬᠥᠪᠡᠭᠡᠲᠦ ᠴᠠᠭᠠᠨ ᠬᠣᠱᠢᠭᠤᠨ ᠤ 《ᠦᠬᠡᠷ᠎ᠦᠨ ᠠᠵᠤ ᠠᠬᠤᠢ》 ᠨᠢ ᠰᠢᠯᠢᠳᠡᠭ ᠡᠭᠦᠯᠳᠡᠷ ᠢ ᠪᠣᠢᠵᠢᠭᠤᠯᠬᠤ᠎ᠡᠴᠡ ᠠᠪᠤᠭᠠᠳ ᠡᠳ᠋ᠱᠢᠭᠦᠯᠦᠨ ᠪᠣᠷᠣᠯᠠᠭᠤᠯᠬᠤ ᠬᠦᠷᠳᠡᠯ᠎ᠠ ᠪᠦᠬᠦ᠌ ᠬᠡᠯᠬᠢᠶ᠎ᠡ᠎ᠳᠦ ᠬᠦᠴᠦᠯᠡᠵᠦ᠍᠂ ᠮᠠᠯᠵᠢᠬᠤ ᠣᠷᠣᠨ᠎ᠤ ᠠᠵᠤ ᠦᠢᠯᠡᠰ ᠢ ᠬᠥᠭ᠌ᠵᠢᠭᠦᠯᠦᠨ ᠮᠠᠨᠳᠤᠭᠤᠯᠬᠤ ᠪᠠᠲᠤ ᠪᠡᠬᠢ ᠨᠢᠷᠤᠭᠤ ᠲᠤᠯᠭᠠᠭᠤᠷᠢ ᠪᠣᠯᠪᠠ᠃