ᠬᠡᠳᠦᠨ ᠡᠳᠦᠷ ᠤ᠋ᠨ ᠲᠤᠷᠰᠢ᠂ ᠬᠦᠬᠡᠬᠤᠳᠠ ᠵᠢᠨ ᠵᠡᠬᠡᠯᠢ ᠭᠤᠳᠤᠮᠵᠢ ᠪᠡᠷ ᠦᠨᠭᠭᠡᠳᠤ ᠳ᠋ᠸᠩ ᠬᠡᠷᠡᠯᠳᠦᠵᠦ᠂ ᠫᠤᠤᠵᠢᠩ ᠤ᠋ᠨ ᠲᠠᠭᠤᠨ ᠦᠷᠭᠦᠯᠵᠢᠯᠡᠨ᠂ ᠰᠠᠳᠤᠨ ᠲᠦᠷᠦᠯ ᠵᠢᠡᠷ ᠵᠢᠡᠨ ᠤᠴᠠᠷᠠᠨ ᠵᠤᠯᠭᠠᠵᠤ᠂ ᠨᠠᠢᠵᠠ ᠨᠦᠬᠦᠳ ᠪᠤᠯᠵᠤᠨ ᠠᠭᠤᠯᠵᠠᠵᠤ᠂ ᠴᠠᠭᠠᠨ ᠰᠠᠷ᠎ᠠ ᠵᠢᠨ ᠰᠦᠮ᠎ᠡ ᠵᠢᠨ ᠬᠤᠷᠠᠯ ᠵᠢᠡᠷ ᠲᠤᠭᠤᠷᠢᠵᠤ᠂ ᠠᠮᠳᠠᠳᠤ ᠢᠳᠡᠬᠡᠨ ᠵᠤᠭᠤᠬᠯᠠᠵᠦ᠂ ᠦᠩᠬᠡᠳᠦ ᠳ᠋ᠸᠩᠯᠦ ᠰᠤᠨᠢᠷᠬᠠᠨ ᠁ ᠬᠦᠮᠦᠰ ᠴᠠᠭᠠᠨ ᠰᠠᠷ᠎ᠠ ᠪᠠᠨ ᠪᠠᠶᠠᠷ ᠪᠠᠶᠠᠰᠬᠤᠯᠠᠩ ᠳᠠᠢ ᠪᠡᠷ ᠦᠩᠭᠡᠷᠡᠭᠦᠯᠦᠨ᠎ᠡ᠃
ᠰᠢᠨ᠎ᠡ ᠵᠢᠨ ᠲᠤᠯᠤᠭᠠᠨ ᠤ᠋ ᠦᠷᠯᠦᠬᠡ ᠡᠷᠳᠡ᠂ ᠬᠦᠬᠡᠬᠤᠳᠠ ᠵᠢᠨ ᠰᠠᠢᠬᠠᠨ ᠲᠤᠭᠤᠷᠢᠬ ᠤ᠋ᠨ ᠰᠢᠨ ᠺᠠᠩ ᠲᠤᠭᠤᠷᠢᠬ ᠲᠦ᠍ ᠰᠠᠭᠤᠭ᠎ᠠ ᠬᠠᠳᠠ ᠪᠦᠰᠡᠭᠦᠢ ᠲᠠᠢ ᠪᠠᠨ ᠬᠤᠶᠠᠭᠤᠯᠠ ᠬᠤᠭᠤᠯᠠ ᠪᠤᠳᠠᠭ᠎ᠠ ᠪᠠᠵᠠᠭᠠᠭᠠᠤᠨ ᠶᠠᠭᠠᠷᠠᠨ᠎ᠠ᠃ ᠴᠤᠩᠬᠤᠨ ᠤ᠋ ᠡᠮᠦᠨ᠎ᠡ ᠡᠯᠬᠦᠭᠰᠡᠨ ᠤᠯᠠᠭᠠᠨ ᠳ᠋ᠸᠩᠯᠦ᠂ ᠴᠤᠩᠬᠤᠨ ᠲᠡᠭᠡᠷ᠎ᠡ ᠨᠠᠭᠠᠬᠰᠠᠨ ᠪᠡᠯᠭᠡᠳᠦ ᠦᠰᠦᠭ ᠵᠢᠷᠤᠬ᠂ ᠴᠠᠭᠠᠰᠤᠨ ᠰᠡᠢᠯᠦᠮᠡᠯ ᠨᠢ ᠪᠠᠶᠠᠷᠤᠨ ᠡᠳᠦᠷᠤᠨ ᠠᠭᠤᠷ ᠠᠮᠢᠰᠬᠤᠯᠢ ᠨᠡᠩ ᠦᠳᠭᠡᠷᠡᠭᠦᠯᠤᠨᠠ᠃ ᠡᠭᠦᠳᠡᠨ ᠬᠤᠨᠭᠬᠤ ᠲᠤᠤᠭᠠᠷᠴᠤ᠂ ᠬᠠᠳᠠ ᠵᠢᠨ ᠬᠤᠳᠠ ᠬᠤᠳᠠᠭᠠᠢ ᠨᠢ ᠨᠠᠶᠠ ᠬᠦᠷᠦᠭᠰᠡᠨ ᠡᠵᠢ ᠪᠠᠨ ᠲᠦᠰᠢᠭᠰᠡᠭᠡᠷ ᠵᠢᠭᠠᠰᠤ ᠵᠢᠷᠠᠭᠠᠬᠠᠢ ᠪᠠ ᠤᠳᠤᠮᠠᠯ ᠮᠢᠬ᠎ᠠ ᠪᠡᠨ ᠲᠡᠬᠦᠵᠢᠯᠡᠨ ᠬᠦᠷᠴᠤ ᠢᠷᠡᠪᠡ᠃
ᠬᠠᠳᠠ ᠵᠢᠨ ᠬᠡᠷᠬᠡᠢ᠄ 《ᠰᠢᠨᠡᠯᠡᠬᠦ ᠦᠶ᠎ᠡ ᠳ᠋ᠸ᠋ ᠤᠯᠠᠨ ᠵᠢᠡᠷ ᠵᠢᠡᠨ ᠤᠴᠠᠷᠠᠵᠤ ᠵᠤᠯᠭᠠᠪᠠᠯ ᠰᠠᠢᠬᠠᠨ ᠶᠤᠮ ᠡ᠂ ᠪᠦᠬᠦᠳᠡᠬᠡᠷ ᠵᠢᠡᠨ ᠬᠠᠮᠳᠤ ᠳᠠᠭᠠᠨ ᠨᠠᠭᠠᠳᠴᠤ ᠨᠠᠷᠬᠢᠪᠠᠯ᠂ ᠰᠢᠨ᠎ᠡ ᠵᠢᠯ ᠤ᠋ᠨ ᠠᠭᠤᠷ ᠠᠮᠢᠰᠬᠤᠯ ᠰᠠᠶᠢ ᠰᠠᠢᠬᠠᠨ ᠪᠤᠯᠤᠨ᠎ᠠ!》 ᠭᠡᠵᠤ ᠶᠠᠷᠢᠬᠰᠠᠭᠠᠷ ᠪᠤᠤᠪᠤ ᠪᠤᠭᠤᠷᠰᠤᠭᠢᠶᠡᠨ ᠰᠢᠷᠡᠬᠡᠨ ᠲᠡᠭᠡᠷ᠎ᠡ ᠪᠠᠨ ᠦᠷᠦᠵᠦ ᠲᠠᠯᠪᠢᠨ᠎ᠠ᠃
ᠬᠠᠳᠠᠶᠢᠨ ᠬᠤᠳᠠ ᠨᠢ ᠶᠤᠤ ᠠᠪᠤᠭᠠᠢ᠄《ᠬᠡᠳᠦᠢᠪᠡᠷ ᠤᠳᠤ ᠵᠢᠨ ᠬᠦᠮᠦᠰ ᠤ᠋ᠨ ᠠᠮᠢᠳᠤᠷᠠᠯ ᠰᠠᠢᠵᠢᠷᠠᠵᠤ᠂ ᠬᠤᠷᠤᠭᠤ ᠪᠡᠨ ᠬᠦᠳᠡᠯᠬᠡᠪᠡᠯ ᠡᠯ᠎ᠡ ᠵᠦᠢᠯ ᠤ᠋ᠨ ᠰᠢᠨ᠎ᠡ ᠵᠢᠨ ᠪᠠᠷᠠᠭ᠎ᠠ ᠪᠠᠨ ᠬᠤᠳᠠᠯᠳᠤᠨ ᠠᠪᠴᠤ ᠲᠡᠢᠯᠳᠡᠭ ᠪᠤᠯᠪᠠᠴᠦ ᠦᠪᠡᠰᠦᠪᠠᠨ ᠪᠠᠵᠠᠭᠠᠬᠤ ᠬᠤᠭᠤᠯᠠ ᠪᠤᠳᠠᠭ᠎ᠠ ᠵᠢᠨ ᠦᠨᠦᠷ ᠠᠮᠳᠠ ᠭᠤᠶᠤ ᠪᠠᠢᠳᠠᠭ ᠰᠢᠤ᠂ ᠰᠢᠨ᠎ᠡ ᠵᠢᠨ ᠨᠢᠬᠡᠨ ᠳ᠋ᠸ᠋ ᠪᠠᠩᠰᠢ ᠢᠳᠡᠵᠦ᠂ ᠰᠢᠨ᠎ᠡ ᠵᠢᠨ ᠬᠤᠶᠠᠷ ᠲᠦ᠍ ᠮᠢᠨᠳ᠋ᠤᠤᠷ ᠠᠮᠰᠠᠵᠤ᠂ ᠰᠢᠨ᠎ᠡ ᠵᠢᠨ ᠭᠤᠷᠪᠠᠨ ᠳ᠋ᠸ᠋ ᠡᠾᠸᠯᠸ ᠵᠤᠭᠤᠬᠯᠠᠵᠤ᠂ ᠰᠢᠨ᠎ᠡ ᠵᠢᠨ ᠲᠦᠷᠪᠡᠨ ᠳ᠋ᠸ᠋ ᠪᠤᠤᠪᠤ ᠬᠠᠭᠠᠷᠢᠵᠤ ᠲᠠᠬᠢᠶᠠᠨ ᠦᠨᠳᠡᠬᠡ ᠬᠠᠭᠤᠷᠴᠤ ᠁ ᠬᠠᠪᠤᠷ ᠤ᠋ᠨ ᠠᠭᠤᠷ ᠤᠷᠤᠪᠠᠯ ᠪᠢᠳᠡ ᠨᠢᠮᠬᠡᠨ ᠬᠠᠭᠠᠷᠢᠮᠠᠬ ᠬᠠᠭᠠᠷᠢᠵᠤ ᠢᠳᠡᠨ᠎ᠡ》 ᠭᠡᠵᠤ ᠲᠢᠶᠠᠨᠵᠢᠨ ᠠᠶᠠᠯᠭᠤ ᠪᠡᠷᠢᠶᠡᠨ ᠲᠢᠶᠠᠨᠵᠢᠨ ᠤ ᠬᠦᠮᠦᠰᠤᠨ ᠰᠠᠷ᠎ᠠ ᠰᠢᠨ᠎ᠠ ᠶᠢᠨ ᠢᠳᠡᠭᠡᠨ ᠤᠮᠳᠠᠭᠠᠨ ᠤ ᠲᠠᠯ᠎ᠡ ᠪᠡᠷ ᠬᠢ ᠵᠠᠩ ᠵᠠᠨᠭᠰᠢᠯ ᠢᠶᠡᠨ ᠶᠠᠷᠢᠵᠤ ᠪᠢᠯᠡ᠃
ᠲᠤᠭᠤᠭᠠᠨ ᠳ᠋ᠸ᠋ ᠴᠢᠨᠠᠬᠰᠠᠨ ᠴᠠᠢ ᠪᠤᠴᠠᠯᠵᠤ᠂ ᠰᠦ ᠲᠠᠢ ᠴᠠᠢᠶᠢᠨ ᠦᠨᠦᠷ ᠦᠷᠦᠭᠡ ᠲᠦᠭᠦᠷᠡᠩ ᠬᠠᠩᠬᠤᠯᠤᠨ᠎ᠠ᠃ ᠶᠤᠤ ᠠᠪᠤᠭᠠᠢ ᠤᠯᠠᠨᠳᠤ ᠴᠠᠢ ᠠᠶᠠᠭᠠᠯᠠᠬᠤᠶᠢᠨ ᠵᠡᠷᠭᠡ ᠪᠡᠷ᠂《ᠲᠤᠮᠳᠠᠳᠤᠴᠤᠳ ᠰᠢᠨᠡᠯᠡᠬᠦ ᠳ᠋ᠡᠬᠡᠨ ᠤᠯᠠᠮᠵᠢᠯᠠᠯ ᠢ ᠴᠢᠬᠤᠯᠠᠴᠢᠯᠠᠨ᠎ᠠ᠃ ᠡᠨᠡ ᠰᠦ ᠲᠠᠢ ᠴᠠᠢ ᠲᠠᠢ ᠠᠳᠠᠯᠢ ᠪᠡᠷ ᠵᠦᠩᠶᠤᠸᠠᠨ ᠤᠷᠤᠨ ᠤ᠋ ᠴᠠᠢ ᠲᠠᠯ᠎ᠠ ᠨᠤᠳᠤᠬ ᠤ᠋ᠨ ᠰᠦ ᠲᠠᠢ ᠨᠡᠢᠯᠡᠬᠡᠳ᠂ ᠴᠢᠨᠠᠵᠤ ᠰᠦᠯᠡᠭᠰᠡᠭᠡᠷ ᠨᠢᠬᠡ ᠬᠡᠷ ᠤ᠋ᠨ ᠬᠦᠮᠦᠨ ᠠᠳᠠᠯᠢ ᠪᠤᠯᠴᠢᠬᠠᠨ᠎ᠠ》 ᠬᠡᠵᠦ ᠶᠠᠷᠢᠨ᠎ᠡ᠃
20 ᠳ᠋ᠤᠭᠠᠷ ᠵᠠᠭᠤᠨᠤ ᠵᠢᠷᠠᠭᠠᠳ ᠣᠨᠳᠤ ᠶᠣᠣ ᠠᠪᠤᠭᠠᠢᠶ᠋ᠢᠨ ᠡᠴᠢᠭᠡ ᠡᠬᠡ ᠵᠢᠴᠢ ᠬᠠᠳᠠᠮ ᠡᠭᠡ ᠨᠢ ᠤᠯᠤᠰᠤᠨ ᠬᠢᠯᠢ ᠬᠢᠵᠠᠭᠠᠷᠤᠨ ᠪᠦᠲᠦᠭᠡᠨ ᠪᠠᠢᠭᠤᠯᠤᠯᠲᠠᠶ᠋ᠢ ᠳᠡᠮᠵᠢᠬᠦ᠌ ᠤᠷᠢᠶᠠᠯᠠᠭᠠᠶ᠋ᠢ ᠴᠤᠤᠷᠢᠶᠠᠲᠤᠨ ᠳᠠᠭᠠᠵᠤ᠂ ᠨᠤᠲᠤᠭ ᠤᠰᠤᠠᠴᠠᠪᠠᠨ ᠰᠠᠯᠵᠤ᠂ ᠳᠤᠰ ᠳᠤᠰ ᠲᠢᠶᠠᠨᠵᠢᠨ᠂ ᠾᠧᠪᠧᠢᠡᠴᠡ ᠥᠪᠥᠷ ᠮᠣᠩᠭᠣᠯᠳᠤ ᠢᠷᠡᠭ᠌ᠰᠡᠨ ᠪᠠᠢᠨ᠎ᠠ᠃ ᠲᠠᠳᠠ ᠨᠢᠭᠡᠨᠳᠠ ᠦᠪᠦᠷ ᠮᠤᠨᠭᠭᠤᠯᠳᠤ 60 ᠭᠠᠷᠤᠶ ᠵᠢᠯ ᠠᠮᠢᠳᠤᠷᠠᠬᠰᠠᠨ ᠪᠤᠯᠬᠤᠷ ᠥᠪᠥᠷ ᠮᠣᠩᠭᠣᠯ ᠠᠯᠢ ᠬᠡᠳᠦᠢᠨ ᠲᠡᠳᠡᠨᠦ ᠨᠤᠲᠤᠭ ᠪᠣᠯᠤᠭ᠍ᠰᠠᠨ ᠪᠠᠢᠨ᠎ᠠ᠃
ᠡᠨᠡ ᠦᠶᠡᠳᠦ ᠬᠤᠭᠤᠯᠠ ᠵᠠᠭᠤᠰᠢ ᠪᠡᠯᠡᠨ ᠪᠤᠯᠤᠯ᠎ᠠ᠃ 《ᠦᠳᠡᠶ᠋ᠢᠨ ᠬᠣᠭᠣᠯᠠᠶ᠋ᠢ ᠭᠡᠳᠤ ᠤᠯᠠᠨ ᠪᠠᠵᠠᠭᠠᠬᠤ ᠬᠡᠷᠡᠭ ᠦᠭᠡᠢ᠂ ᠪᠦᠷᠢᠯᠭᠡᠨ ᠰᠦᠢᠳᠭᠡᠬᠦ ᠦᠭᠡᠢ ᠪᠣᠯ ᠬᠠᠮᠤᠭᠤᠨ ᠰᠠᠢᠨ ᠡ》 ᠭᠡᠵᠦ ᠶᠣᠣ ᠠᠪᠤᠭᠠᠢ ᠵᠢᠨ ᠬᠠᠳᠠᠮ ᠡᠭᠡ ᠨᠢ ᠬᠠᠵᠠᠭᠤᠡᠴᠡ ᠨᠢ ᠵᠠᠬᠢᠨ᠎ᠠ᠃
ᠶᠤᠸ᠋ᠮᠠᠶᠶ᠋ᠢᠨ ᠭᠤᠯᠢᠷᠤᠨ ᠪᠤᠤᠪᠤ᠂ ᠢᠰᠭᠡᠭ᠌ᠰᠡᠨ ᠨᠣᠭᠣᠭ᠎ᠠ ᠭᠡᠭᠦ ᠮᠡᠳᠤ ᠪᠡᠷ ᠤᠷᠤᠨ ᠨᠤᠳᠤᠭᠤᠨ ᠤᠨᠴᠠᠯᠢᠭ ᠲᠠᠢ ᠢᠳᠡᠭᠡᠨ ᠱᠢᠷᠡᠭᠡ ᠲᠦᠭᠦᠷᠡᠩ ᠦᠷᠦᠭᠳᠡᠪᠡ᠃ ᠴᠤᠬᠯᠠᠷᠠᠬᠰᠠᠨ ᠪᠦᠭᠦᠳᠡᠭᠡᠷᠢᠶᠡᠨ ᠱᠢᠷᠡᠭᠡ ᠲᠣᠭᠣᠷᠢᠨ ᠰᠠᠭᠤᠯᠴᠠᠵᠤ᠂ ᠠᠬᠠᠰ ᠵᠠᠬᠠᠰᠨᠢ ᠬᠡᠤᠬᠡᠳ ᠲᠡᠭᠦᠦ ᠨᠠᠷ ᠲᠡᠭᠠᠨ ᠦᠯᠢᠭᠡᠷ ᠶᠠᠷᠢᠵᠦ᠂ ᠪᠠᠶᠠᠷ ᠬᠥᠷᠵᠢᠡᠷ ᠪᠢᠯᠬᠠᠨ᠎ᠠ᠃
ᠬᠠᠳᠠ᠄ 《ᠬᠠᠭᠤᠴᠢ ᠦᠭᠡᠨᠳᠦ 〈ᠡᠪᠦᠭᠡᠳ ᠨᠠᠰᠤᠳᠠᠳ ᠤᠯᠠᠮᠵᠢᠯᠠᠯ ᠵᠢᠡᠨ ᠡᠷᠬᠢᠮᠯᠡᠬᠦ᠌ ᠦᠭᠡᠶ ᠪᠣᠯ ᠬᠣᠢᠴᠢ ᠦᠶᠡᠶ᠋ᠢᠨ ᠬᠢᠨ ᠨᠢ ᠶᠤᠰᠦ ᠵᠢᠷᠦᠮ ᠵᠢᠡᠨ ᠠᠯᠳᠠᠨ᠎ᠠ〉 ᠭᠡᠳᠡᠭ᠃ ᠪᠢ ᠡᠨᠡ ᠲᠤᠬᠠᠢ ᠵᠠᠬᠢᠶ᠎ᠠ ᠰᠤᠷᠭᠠᠯᠢ ᠰᠤᠨᠤᠰᠬᠤ ᠲᠤᠷ᠎ᠠ ᠳᠠᠢ》 ᠭᠡᠵᠤ ᠶᠠᠷᠢᠨ᠎ᠡ᠃
ᠬᠠᠳᠠ ᠵᠢᠨ ᠬᠢᠨ ᠲᠠᠢ ᠠᠳᠠᠯᠢ ᠪᠡᠷ ᠲᠦᠭ ᠲᠦᠮᠡᠨ ᠠᠢᠯ ᠡᠷᠦᠭᠡ ᠴᠠᠭᠠᠨ ᠰᠠᠷᠠᠪᠠᠨ ᠪᠠᠶᠠᠷ ᠵᠢᠷᠭᠠᠯ ᠲᠠᠢ ᠪᠡᠷ ᠦᠨᠭᠭᠡᠷᠡᠭᠦᠯᠤᠨᠠ᠃