ᠭᠧᠨ ᠤ᠋ ᠬᠡᠯᠪᠡᠷᠢ ᠵᠢᠨ ᠵᠦᠷᠢᠶ᠎ᠠ ᠵᠢ ᠬᠠᠷᠢᠴᠠᠭᠤᠯᠤᠨ ᠲᠤᠳᠤᠯᠠᠬᠤ ᠨᠢᠭᠡᠲᠦᠯᠲᠦ ᠴᠢᠨᠠᠷ ᠨᠢ 99.75% ᠳ᠋ᠦ ᠬᠦᠷᠴᠦ᠍ ᠮᠤᠩᠭᠤᠯ ᠦᠬᠡᠷ ᠤ᠋ᠨ ᠤᠳᠤᠮᠯᠠᠯ ᠤ᠋ᠨ ᠡᠬᠢ ᠪᠠᠶᠠᠯᠢᠭ ᠢ᠋ ᠬᠠᠮᠠᠭᠠᠯᠠᠬᠤ ᠪᠠ ᠨᠡᠬᠡᠬᠡᠨ ᠠᠰᠢᠬᠯᠠᠬᠤ ᠳ᠋ᠤ ᠬᠦᠴᠤᠳᠠᠢ ᠪᠠᠳᠤᠯᠠᠭ᠎ᠠ ᠬᠠᠩᠭᠠᠪᠠ
ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠮᠠᠯ ᠠᠵᠤ ᠠᠬᠤᠢ ᠶ᠋ᠢᠨ ᠮᠡᠷᠭᠡᠵᠢᠯ ᠢ᠋ ᠳᠡᠯᠭᠡᠷᠡᠭᠦᠯᠬᠦ ᠲᠦᠪ ᠤ᠋ᠨ 《ᠮᠢᠬᠠᠨ ᠤ᠋ ᠦᠬᠡᠷ ᠤ᠋ᠨ ᠡᠬᠦᠯᠳᠡᠷ ᠪᠤᠢᠵᠢᠭᠤᠯᠬᠤ ᠬᠠᠮᠳᠤᠷᠠᠨ ᠪᠤᠭᠤᠮᠳᠠ ᠰᠢᠪᠳᠤᠯᠬᠤ ᠪᠦᠯᠬᠦᠮ》 ᠤ᠋ᠨ ᠥᠪᠥᠷ ᠮᠣᠩᠭᠣᠯ ᠤ᠋ᠨ ᠦᠨᠳᠦᠰᠦᠲᠡᠨ ᠤ᠋ ᠶᠡᠬᠡ ᠰᠤᠷᠭᠠᠭᠤᠯᠢ ᠶ᠋ᠢᠨ ᠮᠢᠬᠠᠨ ᠤ᠋ ᠦᠬᠡᠷ ᠤ᠋ᠨ ᠡᠭᠦᠯᠳᠡᠷ ᠪᠣᠢᠵᠢᠭᠤᠯᠬᠤ ᠱᠢᠨ᠎ᠡ ᠵᠢ ᠡᠭᠦᠳᠬᠦ᠌ ᠪᠦᠯᠬᠦᠮ 4 ᠵᠢᠯ ᠭᠠᠷᠤᠢ ᠶ᠋ᠢᠨ ᠴᠦᠬᠦᠷᠡᠰᠢ ᠦᠭᠡᠢ ᠴᠢᠷᠮᠠᠢᠯᠭ᠎ᠠ ᠪᠡᠷ ᠲᠠᠮᠵᠢᠨ ᠤᠢᠷ᠎ᠠ ᠳ᠋ᠤ ᠪᠡᠶ᠎ᠡ ᠪᠡᠨ ᠳᠠᠭᠠᠭᠠᠭ᠍ᠰᠠᠨ ᠮᠡᠳᠡᠯᠭᠡ ᠶ᠋ᠢᠨ ᠦᠮᠴᠢᠯᠡᠯ ᠤ᠋ᠨ ᠡᠷᠬᠡ ᠪᠦᠬᠦᠢ ᠮᠣᠩᠭᠣᠯ ᠦᠬᠡᠷ ᠤ᠋ᠨ 10K ᠱᠢᠩᠭᠡᠨ ᠲᠦᠯᠦᠪᠲᠦ ᠡᠭᠦᠯᠳᠡᠷ ᠪᠤᠢᠵᠢᠭᠤᠯᠬᠤ ᠴᠢᠫ — 《ᠱᠢᠶᠠᠩ ᠨᠢᠦ 1 ᠳ᠋ᠤᠬᠡᠷ ᠨᠣᠮᠧᠷᠲᠤ》 ᠵᠢ ᠠᠮᠵᠢᠯᠲᠠ ᠲᠠᠶ ᠰᠤᠳᠤᠯᠤᠨ ᠭᠠᠷᠭᠠᠵᠤ᠂ ᠲᠣᠰ ᠬᠦᠷᠢᠶᠡᠨ ᠳ᠋ᠡᠬᠢ ᠮᠡᠷᠭᠡᠵᠢᠯ ᠤ᠋ᠨ ᠬᠣᠭᠣᠰᠣᠨ ᠢ᠋ ᠨᠥᠬᠥᠪᠥᠷᠢᠯᠡᠪᠡ᠃ ᠡᠨᠡ ᠪᠤᠯ ᠠᠡᠭᠬᠠᠳᠠᠭᠴᠢ ᠮᠤᠡᠭᠭᠤᠯ ᠦᠬᠡᠷ ᠤ᠋ᠨ ᠡᠭᠦᠯᠳᠡᠷ ᠪᠤᠢᠵᠢᠭᠤᠯᠬᠤ ᠴᠢᠫ ᠪᠠᠢᠵᠤ᠂ ᠮᠤᠩᠭᠤᠯ ᠦᠬᠡᠷ ᠤ᠋ᠨ ᠤᠳᠤᠮᠯᠠᠯ ᠤ᠋ᠨ ᠡᠬᠢ ᠪᠠᠶᠠᠯᠢᠭ ᠢ᠋ ᠬᠠᠮᠠᠭᠠᠯᠠᠬᠤ ᠪᠠ ᠨᠡᠬᠡᠬᠡᠨ ᠠᠰᠢᠬᠯᠠᠬᠤ ᠳ᠋ᠤ ᠬᠦᠴᠤᠳᠠᠢ ᠪᠠᠳᠤᠯᠠᠭ᠎ᠠ ᠬᠠᠩᠭᠠᠪᠠ᠃
ᠮᠣᠩᠭᠣᠯ ᠦᠬᠡᠷ ᠪᠣᠯ ᠮᠠᠨ ᠤ᠋ ᠤᠯᠤᠰ ᠤ᠋ᠨ ᠲᠠᠷᠬᠠᠯᠲᠠ ᠪᠡᠷ ᠬᠠᠮᠤᠭ ᠤ᠋ᠨ ᠥᠷᠭᠡᠨ᠂ ᠮᠢᠬ᠎ᠠ ᠰᠦ ᠪᠠ ᠬᠥᠯᠥᠱᠢᠨ ᠤ᠋ ᠣᠯᠠᠨ ᠬᠡᠷᠡᠭᠴᠡᠭᠡᠲᠦ ᠤᠯᠠᠭᠠᠨ ᠦᠭᠡᠷ ᠤ᠋ᠨ ᠡᠭᠦᠯᠳᠡᠷ ᠤ᠋ᠨ ᠨᠢᠭᠡ ᠪᠤᠯᠤᠨ᠎ᠠ᠃ 《ᠮᠤᠡᠭᠭᠤᠯ ᠦᠭᠡᠷ ᠪᠤᠯ ᠮᠠᠯᠴᠢᠳ ᠤ᠋ᠨ ᠤᠷᠳᠤ ᠬᠤᠭᠤᠴᠠᠭᠠᠨ ᠤ᠋ ᠦᠢᠯᠡᠳᠪᠦᠷᠢᠯᠡᠯ ᠠᠮᠢᠳᠤᠷᠠᠯ ᠳᠤᠮᠳᠠᠬᠢ ᠰᠢᠯᠢᠨ ᠰᠤᠡᠭᠭᠤᠯᠲᠠ ᠪᠠ ᠪᠠᠢᠭᠠᠯᠢ ᠶ᠋ᠢᠨ ᠰᠢᠯᠢᠨ ᠰᠤᠡᠭᠭᠤᠯᠲᠠ ᠪᠡᠷ ᠳᠠᠮᠵᠢᠨ ᠪᠤᠢ ᠪᠤᠯᠤᠭᠰᠠᠨ ᠰᠢᠯᠢᠳᠡᠭ ᠡᠭᠦᠯᠳᠡᠷ ᠪᠤᠯᠬᠤᠷ ᠪᠠᠢᠭᠠᠯᠢ ᠳ᠋ᠤ ᠵᠤᠬᠢᠴᠠᠬᠤ ᠴᠢᠨᠡᠷ ᠶ᠋ᠢᠡᠷ ᠮᠠᠰᠢ ᠰᠠᠢᠨ ᠪᠠᠢᠳᠠᠭ᠃ ᠪᠠᠰᠠ ᠪᠦᠳᠦᠭᠦᠯᠢᠭ ᠲᠡᠵᠢᠭᠡᠯ ᠪᠤᠷᠳᠤᠭ᠎ᠠ ᠳ᠋ᠦ ᠳᠠᠭᠠᠭᠠᠮᠠᠭᠠᠢ᠂ ᠬᠦᠢᠲᠡᠨ ᠳ᠋ᠤ ᠲᠡᠰᠪᠦᠷᠢᠲᠡᠢ᠂ ᠡᠪᠡᠳᠴᠢᠨ ᠬᠡᠮ ᠢ᠋ ᠡᠰᠡᠷᠭᠦᠴᠡᠬᠦ᠌ ᠴᠢᠳᠠᠪᠤᠷᠢ ᠪᠠᠷ ᠴᠢᠩᠭ᠎ᠠ᠂ ᠮᠢᠬ᠎ᠠ ᠰᠦ ᠨᠢ ᠠᠮᠲᠠ ᠰᠢᠮᠳᠡ ᠲᠠᠢ ᠮᠡᠳᠤ ᠵᠢᠨ ᠤᠯᠠᠨ ᠳᠠᠪᠠᠭᠤᠯᠢᠭ ᠲᠠᠢ ᠶᠤᠮ᠃ ᠤᠳᠤ ᠥᠪᠥᠷ ᠮᠣᠩᠭᠣᠯ᠂ ᠬᠠᠷᠠᠮᠦ᠋ᠷᠡᠨ᠂ ᠭᠢᠷᠢᠨ᠂ ᠯᠢᠶᠣᠤᠨᠢᠡᠭ᠂ ᠱᠢᠨᠵᠢᠶᠠᠩ ᠵᠡᠷᠭᠡ ᠭᠠᠵᠠᠷ ᠣᠷᠣᠨ ᠵᠢᠡᠷ ᠲᠠᠷᠬᠠᠵᠤ᠂ ᠮᠠᠨ ᠤ᠋ ᠤᠷᠤᠨ ᠪᠤᠯ ᠤᠯᠤᠰ ᠤ᠋ᠨ ᠳᠤᠲᠤᠭᠠᠳᠤ ᠶ᠋ᠢᠨ ᠮᠤᠡᠭᠭᠤᠯ ᠦᠭᠡᠷ ᠤ᠋ᠨ ᠭᠤᠤᠯ ᠲᠠᠷᠬᠠᠯᠲᠠ ᠶ᠋ᠢᠨ ᠤᠷᠤᠨ ᠮᠦᠨ》 ᠭᠡᠵᠦ ᠦᠪᠦᠷ ᠮᠤᠡᠭᠭᠤᠯ ᠤ᠋ᠨ ᠲᠠᠷᠢᠶᠠᠯᠠᠡᠭ ᠤ᠋ᠨ ᠶᠡᠬᠡ ᠰᠤᠷᠭᠠᠭᠤᠯᠢ ᠶ᠋ᠢᠨ ᠫᠷᠤᠹᠸᠰᠰᠤᠷ ᠤᠷᠬᠢᠯ ᠰᠤᠷᠪᠤᠯᠵᠢᠯᠠᠭᠴᠢ ᠳ᠋ᠤ ᠲᠠᠨᠢᠯᠴᠠᠭᠤᠯᠤᠨ᠎ᠠ᠃ ᠲᠠᠬᠦᠨ ᠤ᠋ ᠬᠡᠯᠡᠬᠦ ᠪᠡᠷ᠂ ᠬᠤᠷᠢᠳᠤᠭᠠᠷ ᠵᠠᠭᠤᠨ ᠤ᠋ ᠲᠠᠯᠠᠭᠠᠳ ᠤᠨ ᠡᠴᠡ ᠨᠠᠭᠠᠰᠢ ᠮᠤᠩᠭᠤᠯ ᠦᠬᠡᠷ ᠢ᠋ ᠶᠡᠬᠡ ᠬᠡᠮᠵᠢᠶ᠎ᠠ ᠪᠡᠷ ᠡᠷᠯᠢᠰᠡᠵᠢᠬᠦᠯᠦᠭᠰᠡᠨ ᠵᠡᠷᠬᠡ ᠤᠯᠠᠨ ᠰᠢᠯᠳᠠᠭᠠᠨ ᠡᠴᠡ ᠪᠤᠯᠤᠭᠠᠳ ᠮᠠᠨ ᠤ᠋ ᠤᠷᠤᠨ ᠳ᠋ᠡᠬᠢ ᠴᠡᠪᠡᠷ ᠡᠬᠦᠯᠳᠡᠷ ᠤ᠋ᠨ ᠮᠤᠩᠭᠤᠯ ᠦᠬᠡᠷ ᠤ᠋ᠨ ᠲᠤᠭ᠎ᠠ ᠶᠡᠬᠡ ᠪᠡᠷ ᠴᠦᠬᠡᠷᠡᠵᠤ᠂ ᠤᠳᠤ 23 ᠲᠦᠮᠡ ᠭᠠᠷᠤᠢ ᠯᠡ ᠦᠯᠡᠳᠡᠵᠤ ᠪᠤᠢ᠃
ᠴᠠᠭ ᠦᠶ᠎ᠡ ᠶ᠋ᠢᠨ ᠬᠦᠭᠵᠢᠯᠲᠡ ᠵᠢ ᠳᠠᠭᠠᠯᠳᠤᠨ ᠮᠤᠡᠭᠭᠤᠯ ᠦᠭᠡᠷ ᠤ᠋ᠨ ᠮᠢᠬ᠎ᠠ ᠰᠦ ᠵᠡᠷᠭᠡ ᠠᠰᠢᠭ ᠰᠢᠮ᠎ᠠ ᠵᠢᠨ ᠦᠨ᠎ᠡ ᠦᠷᠳᠡᠭ ᠨᠢ ᠬᠦᠮᠦᠰ ᠲᠦ᠍ ᠳᠠᠬᠢᠨᠲᠠ ᠲᠠᠨᠢᠭᠳᠠᠨ ᠴᠢᠬᠤᠯᠠᠴᠢᠯᠠᠭᠳᠠᠵᠤ ᠂ ᠮᠤᠡᠭᠭᠤᠯ ᠦᠭᠡᠷ ᠤ᠋ᠨ ᠮᠢᠬ᠎ᠠ ᠵᠢ ᠬᠤᠳᠠᠯᠳᠤᠨ ᠠᠪᠬᠤ ᠪᠡᠷ ᠡᠷᠢᠵᠤ ᠢᠷᠡᠬᠦ ᠠᠷᠠᠯᠵᠢᠶᠡᠴᠢᠨ ᠵᠢᠯ ᠡᠴᠡ ᠵᠢᠯ ᠤᠯᠠᠰᠢᠷᠠᠭᠰᠠᠨ ᠪᠤᠯᠪᠠᠴᠦ ᠴᠡᠪᠡᠷ ᠡᠭᠦᠯᠳᠡᠷ ᠤ᠋ᠨ ᠮᠣᠩᠭᠣᠯ ᠦᠬᠡᠷ ᠤ᠋ᠨ ᠲᠣᠭ᠎ᠠ ᠡᠳᠦᠷ ᠢᠷᠡᠬᠦᠶ᠎ᠡ ᠴᠦᠬᠡᠷᠡᠨ ᠤᠳᠤᠮᠯᠠᠯ ᠤ᠋ᠨ ᠡᠬᠢ ᠪᠠᠶᠠᠯᠢᠭ ᠨᠢ ᠤᠰᠠᠳᠭᠤ ᠠᠶᠤᠯ ᠳ᠋ᠤ ᠲᠤᠯᠭᠠᠷᠠᠵᠤ ᠪᠠᠢᠭ᠎ᠠ ᠮᠦᠷᠳᠡᠬᠡᠨ ᠮᠣᠩᠭᠣᠯ ᠦᠬᠡᠷ ᠤ᠋ᠨ ᠴᠡᠪᠡᠷ ᠡᠭᠦᠯᠳᠡᠷ ᠢ᠋ ᠰᠣᠩᠭᠣᠨ ᠪᠣᠢᠵᠢᠭᠤᠯᠬᠤ ᠪᠠ ᠤᠳᠤᠮᠯᠠᠯ ᠤ᠋ᠨ ᠡᠬᠢ ᠪᠠᠶᠠᠯᠢᠭ ᠢ᠋ ᠬᠢᠨᠠᠨ ᠲᠣᠭ᠍ᠲᠠᠭᠠᠬᠤ ᠠᠵᠢᠯ ᠤ᠋ᠨ ᠠᠬᠢᠴᠠ ᠤᠳᠠᠭᠠᠱᠢᠷᠠᠵᠤ᠂ ᠵᠠᠬ᠎ᠠ ᠳᠡᠯᠭᠡᠭᠦᠷ ᠤ᠋ᠨ ᠬᠡᠷᠡᠭᠴᠡᠭᠡ ᠱᠠᠭᠠᠷᠳᠠᠯᠭ᠎ᠠ ᠵᠢ ᠬᠠᠡᠭᠭᠠᠵᠤ ᠳᠡᠢᠯᠬᠦ ᠦᠭᠡᠢ ᠪᠠᠢᠳᠠᠯ ᠭᠠᠷᠴᠠᠢ᠃ ᠡᠬᠦᠨ ᠳ᠋ᠤ ᠦᠪᠡᠷᠲᠡᠭᠡᠨ ᠵᠠᠰᠠᠬᠤ ᠤᠷᠤᠨ ᠤ᠋ ᠲᠠᠷᠢᠶᠠᠯᠠᠡᠭ ᠮᠠᠯ ᠠᠵᠤ ᠠᠬᠤᠢ ᠶ᠋ᠢᠨ ᠮᠡᠷᠭᠡᠵᠢᠯ ᠢ᠋ ᠳᠡᠯᠭᠡᠷᠡᠭᠦᠯᠬᠦ ᠲᠦᠪ ᠤ᠋ᠨ 《ᠮᠢᠬᠠᠨ ᠤ᠋ ᠦᠬᠡᠷ ᠤ᠋ᠨ ᠡᠬᠦᠯᠳᠡᠷ ᠪᠤᠢᠵᠢᠭᠤᠯᠬᠤ ᠬᠠᠮᠳᠤᠷᠠᠨ ᠪᠤᠭᠤᠮᠳᠠ ᠰᠢᠪᠳᠤᠯᠬᠤ ᠪᠦᠯᠬᠦᠮ》 ᠤ᠋ᠨ ᠥᠪᠥᠷ ᠮᠣᠩᠭᠣᠯ ᠤ᠋ᠨ ᠦᠨᠳᠦᠰᠦᠲᠡᠨ ᠤ᠋ ᠶᠡᠬᠡ ᠰᠤᠷᠭᠠᠭᠤᠯᠢ ᠶ᠋ᠢᠨ ᠮᠢᠬᠠᠨ ᠤ᠋ ᠦᠬᠡᠷ ᠤ᠋ᠨ ᠡᠭᠦᠯᠳᠡᠷ ᠪᠣᠢᠵᠢᠭᠤᠯᠬᠤ ᠱᠢᠨ᠎ᠡ ᠵᠢ ᠡᠭᠦᠳᠬᠦ᠌ ᠪᠦᠯᠬᠦᠮ ᠤ᠋ᠨ ᠬᠢᠨ 2021 ᠤᠨ ᠡᠴᠡ ᠡᠬᠢᠯᠡᠨ ᠤᠯᠤᠰᠤ᠋ᠨ ᠳᠤᠲᠤᠭᠠᠳᠤ ᠵᠢᠨ CAGT®ᠬᠠᠷᠠᠯᠲᠠᠲᠤ ᠤᠨᠤᠭᠠᠬᠤ ᠮᠡᠷᠭᠡᠵᠢᠯ ᠢ᠋ ᠥᠨᠳᠥᠷ ᠴᠢᠳᠠᠪᠬᠢᠲᠤ ᠭᠧᠨ ᠤ᠋ ᠪᠦᠯᠦᠭ ᠤ᠋ᠨ ᠣᠶᠤᠨᠴᠢ ᠵᠠᠳᠠᠯᠤᠯᠲᠠ ᠶ᠋ᠢᠨ ᠲᠠᠪᠴᠠᠩ ᠲᠠᠢ ᠤᠶᠠᠯᠳᠤᠭᠤᠯᠵᠤ᠂ ᠮᠤᠡᠭᠭᠤᠯ ᠦᠬᠡᠷ ᠤ᠋ᠨ ᠤᠯᠠᠨ ᠬᠡᠷᠡᠭᠴᠡᠭᠡᠲᠦ ᠡᠭᠦᠯᠳᠡᠷ ᠪᠤᠢᠵᠢᠭᠤᠯᠬᠤ ᠴᠢᠫ ᠢ᠋ ᠰᠤᠳᠤᠯᠵᠤ ᠡᠬᠢᠯᠡᠭᠰᠡᠨ ᠶᠤᠮ ᠃
ᠡᠭᠦᠯᠳᠡᠷ ᠪᠤᠢᠵᠢᠭᠤᠯᠬᠤ ᠴᠢᠫ ᠬᠡᠳᠡᠭ ᠨᠢ ᠤᠳᠤ ᠦᠶ᠎ᠠ ᠵᠢᠨ ᠠᠮᠢᠳᠤ ᠪᠤᠳᠠᠰ ᠤ᠋ᠨ ᠮᠡᠷᠬᠡᠵᠢᠯ ᠤ᠋ᠨ ᠠᠷᠭ᠎ᠠ ᠪᠡᠷ ᠠᠮᠢᠳᠤ ᠪᠤᠳᠠᠰ ᠤ᠋ᠨ ᠪᠠᠶ᠎ᠠ ᠵᠢᠨ ᠭᠸᠨ ᠤ᠋ ᠪᠦᠯᠦᠭ ᠲᠡᠬᠢ ᠶᠡᠬᠡ ᠬᠡᠮᠵᠢᠶᠡᠨ ᠤ᠋ ᠮᠤᠯᠸᠺᠦ᠋ᠯ ᠤ᠋ᠨ ᠢᠮ ᠲᠡᠮᠳᠡᠭ ᠢ᠋ ᠦᠳᠳᠡᠷ ᠲᠦᠷᠬᠡᠨ ᠦᠨᠳᠤᠷ ᠪᠦᠳᠦᠮᠵᠢᠳᠠᠢ ᠪᠡᠷ ᠬᠢᠨᠠᠨ ᠬᠡᠮᠵᠢᠵᠤ ᠵᠠᠳᠠᠯᠬᠤ ᠮᠡᠷᠬᠡᠵᠢᠯ ᠢ᠋ ᠬᠡᠯᠡᠵᠤ ᠪᠠᠢᠨ᠎ᠠ ᠂ ᠡᠬᠦᠨ ᠵᠢᠡᠷ ᠲᠠᠮᠵᠢᠨ ᠰᠢᠯᠢᠳᠡᠭ ᠰᠠᠢᠨ ᠤᠳᠤᠮᠯᠠᠯ ᠤ᠋ᠨ ᠤᠨᠴᠠᠯᠢᠭ ᠲᠠᠢ ᠠᠮᠢᠳᠤ ᠪᠤᠳᠠᠰ ᠤ᠋ᠨ ᠪᠤᠳᠠᠭᠠᠯᠢ ᠪᠠᠶ᠎ᠠ ᠵᠢ ᠰᠢᠭᠰᠢᠨ ᠭᠠᠷᠭᠠᠬᠤ ᠵᠢᠨ ᠤᠯᠠᠮ ᠵᠢᠡᠷ ᠡᠬᠦᠯᠳᠡᠷ ᠪᠤᠢᠵᠢᠭᠤᠯᠬᠤ ᠠᠵᠢᠯ ᠳ᠋ᠤ ᠰᠢᠨᠵᠢᠯᠡᠬᠦ ᠤᠬᠠᠭᠠᠨᠴᠢ ᠦᠨᠳᠤᠰᠤᠯᠡᠯ ᠬᠠᠩᠭᠠᠵᠤ ᠡᠬᠦᠯᠳᠡᠷ ᠪᠤᠢᠵᠢᠭᠤᠯᠬᠤ ᠦᠷ᠎ᠠ ᠪᠦᠳᠦᠮᠵᠢ ᠵᠢ ᠲᠠᠬᠡᠭᠰᠢᠯᠡᠬᠦᠯᠳᠡᠭ᠃ 4 ᠵᠢᠯ ᠭᠠᠷᠤᠢ ᠶ᠋ᠢᠨ ᠲᠤᠷᠰᠢ᠂ ᠰᠤᠳᠤᠯᠭᠠᠨ ᠤ᠋ ᠪᠦᠯᠬᠦᠮ ᠤ᠋ᠨ ᠬᠢᠨ ᠠᠯᠠᠱᠠ ᠡᠴᠡ ᠬᠦᠯᠦᠨ ᠪᠤᠢᠷ ᠬᠦᠷᠲᠡᠯ᠎ᠠ ᠮᠠᠨ ᠤ᠋ ᠤᠷᠤᠨ ᠤ᠋ 11 ᠠᠢᠮᠠᠭ ᠬᠤᠳᠠ ᠡᠴᠡ ᠨᠡᠢᠲᠡ 1000 ᠭᠠᠷᠤᠢ ᠬᠤᠪᠢ ᠮᠤᠡᠭᠭᠤᠯ ᠦᠭᠡᠷ ᠤ᠋ᠨ ᠦᠯᠢᠭᠡᠷ ᠡᠳ᠋ ᠴᠤᠭᠯᠠᠭᠤᠯᠤᠭᠰᠠᠨ ᠪᠦᠬᠡᠳ ᠪᠠᠰᠠ ᠭᠤᠷᠪᠠᠨ ᠭᠤᠤᠯ ᠤ᠋ᠨ ᠦᠬᠡᠷ ᠵᠡᠷᠭᠡ ᠮᠣᠩᠭᠣᠯ ᠦᠬᠡᠷ ᠶ᠋ᠢᠡᠷ ᠰᠠᠭᠤᠷᠢ ᠡᠬᠡ ᠮᠠᠯ ᠪᠤᠯᠭᠠᠨ ᠪᠣᠢᠵᠢᠭᠤᠯᠤᠭ᠍ᠰᠠᠨ 4 ᠵᠦᠢᠯ ᠤ᠋ᠨ ᠡᠭᠦᠯᠳᠡᠷ ᠵᠢᠴᠢ ᠡᠭᠦᠯᠳᠡᠷ ᠤ᠋ᠨ ᠰᠦᠷᠦᠭ ᠡᠴᠡ 200 ᠭᠠᠷᠤᠢ ᠬᠤᠪᠢ ᠦᠯᠢᠭᠡᠷ ᠡᠳ᠋ ᠴᠤᠭᠯᠠᠭᠤᠯᠵᠤ᠂ ᠴᠤᠭᠯᠠᠭᠤᠯᠤᠭᠰᠠᠨ ᠦᠯᠢᠭᠡᠷ ᠡᠳ᠋ ᠤ᠋ᠨ ᠵᠢᠡᠨ ᠳᠤᠲᠤᠷᠠᠬᠢ ᠲᠥᠯᠥᠭᠡᠯᠡᠬᠦ᠌ ᠴᠢᠨᠠᠷᠲᠠᠶ 900 ᠭᠠᠷᠤᠶ ᠦᠬᠡᠷ ᠲᠦ᠍ ᠳᠠᠬᠢᠨ ᠬᠡᠮᠵᠢᠯᠲᠡ ᠬᠢᠭᠰᠡᠨ ᠤ᠋ ᠲᠠᠷᠠᠭ᠎ᠠ ᠪᠤᠳᠤᠭ᠍ᠳᠠᠮᠠᠬᠠᠶ ᠪᠡᠶ᠎ᠡ ᠪᠤᠯᠭᠠᠨ ᠳ᠋ᠦ ᠵᠢᠭᠳᠡ ᠲᠠᠷᠬᠠᠭᠰᠠᠨ ᠲᠦᠮᠡᠨ ᠬᠤᠪᠢ ᠴᠢᠨᠠᠷ ᠰᠠᠢᠲᠠᠢ SNP (ᠨᠢᠬᠡ ᠪᠦᠬᠡᠮ ᠰᠢᠬᠢᠷ ᠤ᠋ᠨ ᠬᠦᠴᠢᠯ ᠤ᠋ᠨ ᠤᠯᠠᠨ ᠲᠦᠷᠰᠤᠳᠤ ᠴᠢᠨᠠᠷ) ᠵᠢᠨ ᠢᠯᠡᠳᠬᠡᠭᠴᠢ ᠵᠢ ᠰᠢᠯᠢᠨ ᠠᠪᠴᠦ᠂ ᠬᠠᠮᠤᠭ ᠤ᠋ᠨ ᠰᠡᠬᠦᠯ ᠳ᠋ᠤ ᠮᠢᠬᠠᠨ ᠤ᠋ ᠦᠬᠡᠷ ᠤ᠋ᠨ ᠪᠡᠶ᠎ᠡ ᠪᠢᠯᠳᠡᠷ᠂ ᠥᠰᠥᠯᠲᠡ ᠪᠤᠢᠵᠢᠯᠲᠠ᠂ ᠮᠢᠬᠠᠨ ᠤ᠋ ᠴᠢᠨᠠᠷ᠂ ᠰᠦ ᠶ᠋ᠢᠨ ᠭᠠᠷᠤᠯᠲᠠ᠂ ᠦᠷᠡᠵᠢᠯ ᠤ᠋ᠨ ᠤᠨᠴᠠᠯᠢᠭ᠂ ᠡᠪᠡᠷ ᠤ᠋ᠨ ᠬᠡᠯᠪᠡᠷᠢ ᠵᠢᠴᠢ ᠡᠪᠡᠳᠴᠢᠨ ᠬᠡᠮ ᠢ᠋ ᠡᠰᠡᠷᠭᠦᠴᠡᠬᠦ ᠴᠢᠳᠠᠪᠤᠷᠢ ᠵᠡᠷᠭᠡ ᠴᠢᠬᠤᠯᠠ ᠴᠢᠳᠠᠮᠵᠢᠳᠤ ᠪᠡᠯᠭᠡ ᠲᠡᠮᠳᠡᠭ ᠢ᠋ ᠪᠦᠬᠦᠨ ᠢ᠋ ᠬᠠᠮᠤᠷᠤᠭᠰᠠᠨ ᠮᠤᠡᠭᠭᠤᠯ ᠦᠬᠡᠷ ᠤ᠋ᠨ ᠡᠭᠦᠯᠳᠡᠷ ᠪᠤᠢᠵᠢᠭᠤᠯᠬᠤ ᠴᠢᠫ ᠢ᠋ ᠰᠤᠳᠤᠯᠤᠨ ᠭᠠᠷᠭᠠᠪᠠ᠃ ᠲᠡᠷᠡ ᠨᠢ ᠮᠤᠡᠭᠭᠤᠯ ᠦᠭᠡᠷ᠂ ᠭᠤᠷᠪᠠᠨ ᠭᠤᠤᠯ ᠤ᠋ᠨ ᠦᠭᠡᠷ᠂ ᠲᠠᠯ᠎ᠠ ᠨᠤᠲᠤᠭ ᠤ᠋ᠨ ᠤᠯᠠᠭᠠᠨ ᠦᠭᠡᠷ᠂ ᠳᠤᠮᠳᠠᠳᠤ ᠤᠯᠤᠰ ᠤ᠋ᠨ ᠰᠢᠮᠸᠨ᠋ᠳᠠᠷ ᠦᠭᠡᠷ ᠵᠡᠷᠭᠡ ᠤᠯᠠᠨ ᠡᠭᠦᠯᠳᠡᠷ ᠤ᠋ᠨ ᠦᠭᠡᠷ ᠤ᠋ᠨ ᠪᠦᠬᠦ ᠭᠧᠨ ᠤ᠋ ᠪᠦᠯᠦᠭ ᠤ᠋ᠨ ᠮᠡᠳᠡᠭᠡ ᠵᠠᠡᠭᠬᠢ ᠵᠢ ᠪᠠᠭᠲᠠᠭᠠᠨ᠂ ᠡᠭᠦᠯᠳᠡᠷ ᠤ᠋ᠨ ᠮᠡᠳᠡᠭᠡ ᠵᠠᠡᠭᠬᠢ ᠪᠡᠷ ᠡᠯᠪᠡᠭ ᠪᠠᠶᠠᠯᠢᠭ ᠪᠠᠢᠵᠤ ᠂ ᠭᠧᠨ ᠤ᠋ ᠬᠡᠯᠪᠡᠷᠢ ᠵᠢᠨ ᠵᠦᠷᠢᠶ᠎ᠠ ᠵᠢ ᠬᠠᠷᠢᠴᠠᠭᠤᠯᠤᠨ ᠲᠤᠳᠤᠯᠠᠬᠤ ᠨᠢᠭᠡᠲᠦᠯᠲᠦ ᠴᠢᠨᠠᠷ ᠨᠢ 99.75% ᠳ᠋ᠦ ᠬᠦᠷᠴᠦ᠍᠂ ᠮᠣᠩᠭᠣᠯ ᠦᠬᠡᠷ ᠤ᠋ᠨ ᠤᠳᠤᠮᠯᠠᠯ ᠤ᠋ᠨ ᠪᠦᠲᠦᠴᠡ ᠵᠢ ᠲᠦᠷᠭᠡᠨ ᠵᠠᠳᠠᠯᠬᠤ᠂ ᠭᠧᠨ ᠤ᠋ ᠬᠠᠷᠢᠴᠠᠯ ᠢ᠋ ᠲᠣᠳᠣᠷᠬᠠᠢᠯᠠᠬᠤ᠂ ᠥᠪᠡᠷᠮᠢᠴᠡ ᠴᠢᠨᠠᠷᠲᠠᠢ ᠪᠡᠷ ᠰᠤᠡᠭᠭᠤᠨ ᠭᠡᠭᠡᠯᠳᠦᠭᠦᠯᠬᠦ ᠵᠢ ᠠᠬᠢᠭᠤᠯᠵᠤ᠂ ᠪᠦᠬᠦᠯᠢ ᠴᠣᠭ᠍ᠴᠠ ᠶ᠋ᠢᠨ ᠴᠢᠳᠠᠮᠵᠢ ᠨᠢ ᠲᠠᠯᠡᠬᠡᠢ ᠵᠢᠨ ᠭᠤᠤᠯᠯᠠᠬᠤ ᠲᠦᠪᠱᠢᠨ ᠳ᠋ᠦ ᠬᠦᠷᠴᠡᠶ᠃
ᠣᠳᠣᠬᠠᠨ ᠳ᠋ᠤ ᠲᠣᠰ ᠪᠦᠯᠬᠦᠮ ᠤ᠋ᠨ ᠬᠢᠨ 《ᠱᠢᠶᠠᠩ ᠨᠢᠦ 1 ᠳ᠋ᠤᠬᠡᠷ ᠨᠣᠮᠧᠷᠲᠤ》 ᠵᠢ ᠠᠰᠢᠭᠯᠠᠨ ᠰᠢᠯᠢ ᠵᠢᠨ ᠭᠤᠤᠯ ᠠᠢᠮᠠᠭ ᠤ᠋ᠨ ᠰᠥᠨᠢᠳ ᠵᠡᠭᠦᠨ ᠬᠤᠰᠢᠭᠤᠨ ᠳ᠋ᠡᠬᠢ ᠤᠯᠤᠰ ᠤ᠋ᠨ ᠲᠡᠰ ᠤ᠋ᠨ ᠮᠣᠩᠭᠣᠯ ᠦᠬᠡᠷ ᠤ᠋ᠨ ᠡᠭᠦᠯᠳᠡᠷ ᠬᠠᠮᠠᠭᠠᠯᠠᠬᠤ ᠲᠠᠯᠠᠪᠠᠢ ᠶ᠋ᠢᠨ 580 ᠮᠣᠩᠭᠣᠯ ᠦᠬᠡᠷ ᠲᠦ᠍ ᠭᠧᠨ ᠤ᠋ ᠪᠠᠢᠴᠠᠭᠠᠨ ᠬᠡᠮᠵᠢᠯᠳᠡ ᠪᠠ ᠤᠳᠤᠮᠯᠠᠯ ᠤ᠋ᠨ ᠵᠠᠳᠠᠯᠤᠯᠲᠠ ᠬᠢᠵᠤ᠂ ᠰᠥᠨᠢᠳ ᠦᠬᠡᠷ ᠤ᠋ᠨ ᠱᠢᠨ᠎ᠡ ᠤᠳᠤᠮᠯᠠᠯ ᠤ᠋ᠨ ᠡᠬᠢ ᠪᠠᠶᠠᠯᠢᠭ ᠢ᠋ ᠬᠢᠨᠠᠨ ᠲᠣᠭ᠍ᠲᠠᠭᠠᠬᠤ ᠵᠢ ᠠᠬᠢᠭᠤᠯᠪᠠ᠃ ᠪᠠᠰᠠ ᠲᠦᠩᠯᠢᠶᠤᠤ ᠬᠤᠳᠠ ᠵᠢᠨ ᠨᠠᠶ᠋ᠮᠠᠨ ᠬᠣᠱᠢᠭᠤᠨ ᠤ᠋ ᠡᠬᠦᠯᠳᠡᠷ ᠰᠠᠢᠵᠢᠷᠠᠭᠤᠯᠤᠭᠰᠠᠨ ᠦᠬᠡᠷ ᠤ᠋ᠨ ᠰᠦᠷᠦᠭ ᠤ᠋ᠨ ᠳᠤᠲᠤᠷᠠᠬᠢ ᠮᠤᠡᠭᠭᠤᠯ ᠦᠬᠡᠷ ᠤ᠋ᠨ ᠡᠬᠡ ᠮᠠᠯ ᠤ᠋ᠨ ᠤᠳᠤᠮ ᠤ᠋ᠨ ᠡᠬᠢ ᠰᠤᠷᠪᠤᠯᠵᠢ ᠵᠢ ᠮᠦᠷᠳᠡᠨ ᠰᠦᠷᠦᠭ ᠰᠠᠯᠭᠠᠬᠤ ᠠᠵᠢᠯ ᠦᠷᠨᠢᠭᠦᠯᠵᠦ ᠪᠠᠢᠨ᠎ᠠ᠃ 《ᠲᠤᠰ ᠴᠢᠫ ᠪᠤᠯ ᠮᠤᠡᠭᠭᠤᠯ ᠦᠭᠡᠷ ᠤ᠋ᠨ ᠤᠳᠤᠮᠯᠠᠯ ᠤ᠋ᠨ ᠡᠬᠢ ᠪᠠᠶᠠᠯᠢᠭ ᠢ᠋ ᠬᠠᠮᠠᠭᠠᠯᠠᠵᠤ ᠰᠢᠯᠢᠳᠡᠭ ᠡᠭᠦᠯᠳᠡᠷ ᠤ᠋ᠨ ᠦᠬᠡᠷ ᠪᠤᠢᠵᠢᠭᠤᠯᠬᠤ ᠴᠢᠬᠤᠯᠠ 〈ᠪᠠᠭᠠᠵᠢ ᠬᠡᠷᠡᠭᠰᠡᠯ〉 ᠮᠦᠨ᠂ ᠴᠡᠪᠡᠷ ᠤᠳᠤᠮ ᠤ᠋ᠨ ᠮᠤᠡᠭᠭᠤᠯ ᠦᠭᠡᠷ ᠢ᠋ ᠰᠢᠯᠢᠨ ᠰᠤᠡᠭᠭᠤᠵᠤ ᠪᠤᠢᠵᠢᠭᠤᠯᠬᠤ᠂ ᠬᠠᠮᠠᠭᠠᠯᠠᠯᠲᠠ ᠶ᠋ᠢᠨ ᠳᠤᠮᠳᠠ ᠬᠦᠭᠵᠢᠭᠦᠯᠬᠦ ᠳ᠋ᠦ ᠰᠢᠨᠵᠢᠯᠡᠬᠦ ᠤᠬᠠᠭᠠᠨ ᠤ᠋ ᠲᠤᠯᠭᠠᠭᠤᠷᠢᠯᠠᠯ ᠬᠠᠡᠭᠭᠠᠵᠤ᠂ ᠮᠠᠯᠴᠢᠳ ᠤ᠋ᠨ ᠤᠷᠤᠯᠭ᠎ᠠ ᠵᠢ ᠨᠡᠮᠡᠭᠳᠡᠭᠦᠯᠤᠨ ᠬᠦᠳᠡᠭᠡ ᠲᠤᠰᠬᠤᠨ ᠢ᠋ ᠪᠦᠬᠦ ᠲᠠᠯ᠎ᠠ ᠪᠡᠷ ᠬᠦᠭᠵᠢᠭᠦᠯᠤᠨ ᠮᠠᠨᠳᠤᠭᠤᠯᠬᠤ ᠳ᠋ᠦ ᠲᠦᠢᠯ ᠤ᠋ᠨ ᠴᠢᠬᠤᠯᠠ ᠠᠴᠢ ᠬᠤᠯᠪᠤᠭᠳᠠᠯ ᠲᠠᠢ ᠶᠤᠮ》 ᠭᠡᠵᠦ ᠤᠷᠬᠢᠯ ᠫᠷᠤᠹᠸᠰᠰᠤᠷ ᠶᠡᠷᠢᠵᠤ ᠪᠠᠢᠯ᠎ᠠ᠃