ᠠᠭᠤᠯᠠ ᠤᠰᠤ ᠤᠨ ᠰᠠᠷ᠎ᠠ ᠠᠯᠳᠠᠷ ᠵᠢᠳᠭᠦᠯ᠎ᠢ ᠨᠢ ᠭᠡᠷᠡᠴᠢᠯᠡᠨ᠎ᠠ
2025-04-28 09:57:40
ᠵᠣᠬᠢᠶᠠᠭ᠍ᠴᠢ᠄
ᠯᠢᠦ ᠢᠦᠶ ᠷᠦᠩ
ᠣᠩᠱᠢᠭ᠍ᠰᠠᠨ ᠣᠳᠠᠭ᠎ᠠ᠄
★★★☆☆

— ᠥᠪᠡᠷᠲᠡᠭᠡᠨ ᠵᠠᠰᠠᠬᠤ ᠣᠷᠣᠨ ᠎ᠤ ᠬᠥᠳᠡᠯᠮᠦᠷᠢ᠎ᠶ᠋ᠢᠨ ᠵᠢᠱ᠌ᠢᠶᠡᠴᠢ ᠮᠣᠷᠢᠳᠠᠭ᠎ᠠ ᠤᠢ ᠰᠢᠭᠤᠢ ᠵᠢᠨ ᠠᠵᠤ ᠦᠢᠯᠡᠳᠪᠦᠷᠢ᠎ᠶ᠋ᠢᠨ ᠺᠣᠮᠫᠠᠨᠢ᠎ᠶ᠋ᠢᠨ ᠲᠠᠢᠫᠢᠩ ᠡᠵᠡᠩᠨᠡᠯᠲᠡ ᠬᠠᠮᠢᠶᠠᠷᠤᠯᠲᠠ ᠬᠠᠮᠠᠭᠠᠯᠠᠯᠲᠠ᠎ᠶ᠋ᠢᠨ ᠲᠥᠪ᠎ᠦᠨ ᠳᠡᠳ᠋ ᠡᠷᠬᠢᠯᠡᠭ᠌ᠴᠢ ᠵᠠᠩ᠎ᠲᠠᠶ ᠱᠦᠨ ᠎ᠢ ᠲᠡᠮᠳᠡᠭ᠌ᠯᠡᠪᠡ

4 ᠰᠠᠷ᠎ᠠ᠎ᠶ᠋ᠢᠨ 27 ᠎ᠤ᠋ ᠡᠳᠦᠷ᠂ ᠴᠠᠰᠤ ᠬᠠᠷᠠᠬᠠᠨ ᠬᠠᠢᠯᠵᠤ ᠲᠠᠭᠤᠰᠤᠭᠠᠳᠤᠢ ᠪᠠᠢᠵᠤ᠂ ᠥᠷᠯᠤᠭᠡᠨ ᠎ᠤ ᠨᠠᠷᠨ ᠨᠢᠮᠭᠡᠨ ᠮᠠᠨᠠᠨ᠎ᠢ ᠨᠡᠪᠲᠡᠯᠦᠨ᠂ ᠴᠠᠰᠤᠨ ᠰᠢᠷᠭᠡᠭ ᠲᠡᠭᠡᠷ᠎ᠠ ᠲᠤᠰᠬᠤ ᠎ᠳᠤ ᠤᠨᠴᠠ ᠵᠢᠨ ᠢᠯᠡᠲᠡᠢ ᠬᠢᠯᠳᠠᠭᠠᠨᠠᠨ᠎ᠠ᠃ ᠥᠪᠥᠷ ᠮᠣᠩᠭᠣᠯ᠎ᠤᠨ ᠤᠢ ᠱᠢᠭᠤᠢ᠎ᠶ᠋ᠢᠨ ᠠᠵᠤ ᠦᠢᠯᠡᠳᠪᠦᠷᠢ᠎ᠶ᠋ᠢᠨ ᠪᠦᠯᠦᠭ᠌ᠯᠡᠯ᠎ᠦᠨ ᠮᠣᠷᠢᠳᠠᠭ᠎ᠠ ᠤᠢ ᠱᠢᠭᠤᠢ᠎ᠶ᠋ᠢᠨ ᠠᠵᠤ ᠦᠢᠯᠡᠳᠪᠦᠷᠢ᠎ᠶ᠋ᠢᠨ ᠺᠣᠮᠫᠠᠨᠢ᠎ᠶ᠋ᠢᠨ ᠲᠠᠢᠫᠢᠩ ᠡᠵᠡᠩᠨᠡᠯᠲᠡ ᠬᠠᠮᠢᠶᠠᠷᠤᠯᠲᠠ ᠬᠠᠮᠠᠭᠠᠯᠠᠯᠲᠠ᠎ᠶ᠋ᠢᠨ ᠲᠥᠪ᠎ᠦᠨ ᠳᠡᠳ᠋ ᠡᠷᠬᠢᠯᠡᠭ᠌ᠴᠢ ᠵᠠᠩ᠎ᠲᠠᠶ ᠱᠦᠨ ᠤᠤᠯ᠎ᠤᠨ ᠬᠢ᠎ᠲᠡᠶ᠎ᠪᠡᠨ ᠠᠳᠠᠯᠢ᠎ᠪᠠᠷ ᠮᠥᠰᠥ᠍ ᠴᠠᠰᠤ᠎ᠶᠢ ᠭᠢᠰᠬᠢᠯᠡᠨ᠂ ᠤᠢ ᠵᠢᠨ ᠭᠦᠨ᠎ᠢ ᠴᠢᠭᠯᠡᠵᠦ᠂ ᠤᠢ ᠱᠢᠭᠤᠢ᠎ᠶ᠋ᠢ ᠬᠠᠮᠠᠭᠠᠯᠠᠬᠤ ᠠᠵᠢᠯ᠎ᠢᠶᠠᠨ ᠡᠬᠢᠯᠡᠭᠦᠯᠤᠯ᠎ᠠ᠃ ᠬᠥᠪᠥᠩ ᠭᠤᠲᠤᠯ ᠳ᠋ᠤᠨᠢ ᠴᠠᠰᠤ ᠮᠦᠰᠦ ᠪᠠᠷᠢᠯᠳᠤᠨ ᠬᠦᠯᠳᠡᠵᠦ᠂ ᠴᠠᠰᠤ ᠱᠠᠷᠴᠢᠬᠢᠨᠠᠭᠤᠯᠤᠨ ᠠᠯᠬᠤᠯᠠᠬᠤ ᠲᠠᠭᠤᠨ ᠨᠢ ᠤᠢ ᠰᠢᠭᠤᠢ ᠵᠢᠨ ᠨᠠᠮ ᠭᠦᠮ᠎ᠢ ᠡᠪᠳᠡᠨ᠎ᠠ᠃

ᠥᠪᠥᠷ ᠮᠣᠩᠭᠣᠯ᠎ᠤᠨ ᠶᠡᠬᠡ ᠬᠢᠩᠭᠠᠨ ᠳᠠᠪᠠᠭ᠎ᠠ᠎ᠶ᠋ᠢᠨ ᠬᠥᠪᠴᠢ ᠤᠢ᠎ᠶ᠋ᠢᠨ ᠳᠤᠮᠳᠠ᠂ ᠵᠠᠩ᠎ᠲᠠᠶ ᠱᠦᠨ 27 ᠵᠢᠯ᠎ᠦᠨ ᠲᠤᠷᠰᠢ᠂ ᠬᠥᠮᠦᠰ᠎ᠦᠨ ᠰᠡᠳᠭᠢᠯ᠎ᠢ ᠬᠥᠳᠡᠯᠭᠡᠮ᠎ᠡ ᠨᠣᠮᠢᠨ ᠨᠣᠭᠣᠭᠠᠨ ᠮᠠᠭ᠍ᠲᠠᠭᠠᠯ ᠳᠠᠭᠤᠤ᠎ᠶ᠋ᠢ ᠪᠢᠴᠢᠭ᠌ᠯᠡᠵᠡᠢ᠃

ᠤᠢ ᠱᠢᠭᠤᠢ᠎ᠶ᠋ᠢ ᠡᠵᠡᠩᠨᠡᠨ ᠬᠠᠮᠠᠭᠠᠯᠠᠬᠤ ᠠᠵᠢᠯ᠎ᠤᠨ ᠳᠤᠮᠳᠠ᠂ ᠵᠠᠩ᠎ᠲᠠᠶ ᠱᠦᠨ ᠳᠡᠭᠡᠳᠦ ᠬᠡᠮᠵᠢᠶᠡᠨ᠎ᠦ ᠲᠤᠰᠭᠠᠢ ᠮᠡᠷᠭᠡᠵᠢᠯ᠎ᠦᠨ ᠬᠡᠪ ᠪᠣᠯᠪᠠᠰᠤᠷᠠᠯ ᠪᠣᠯᠤᠨ ᠦᠢᠯᠡᠰ᠎ᠢᠶᠡᠨ ᠳᠡᠭᠡᠳᠦᠯᠡᠬᠦ᠌ ᠵᠣᠷᠢᠭ ᠰᠠᠨᠠᠭ᠎ᠠ᠎ᠶ᠋ᠢ ᠢᠯᠡᠷᠡᠭᠦᠯᠪᠡ᠃ ᠲᠡᠷᠡ GPS ᠪᠠᠢᠷᠢ ᠲᠣᠭ᠍ᠲᠠᠭᠠᠬᠤ ᠱᠢᠰᠲ᠋ᠧᠮ ᠂ ᠬᠡᠮᠵᠢᠯᠲᠡ᠎ᠶ᠋ᠢᠨ ᠱᠤᠭᠤᠮ ᠵᠡᠷᠭᠡ ᠲᠥᠬᠥᠭᠡᠷᠦᠮᠵᠢ᠎ᠶ᠋ᠢ ᠪᠣᠯᠪᠠᠰᠤᠷᠠᠩᠭᠤᠢ ᠬᠡᠷᠡᠭ᠌ᠯᠡᠵᠦ᠍᠂ 《ᠲᠣᠣᠷᠵᠢᠭᠤᠯᠤᠭ᠍ᠰᠠᠨ ᠲᠣᠭᠣᠷᠢᠨ ᠪᠠᠢᠴᠠᠭᠠᠯᠲᠠ + ᠲᠣᠭᠠᠴᠢᠯᠠᠭᠰᠠᠨ ᠬᠠᠷᠢᠴᠠᠭᠤᠯᠤᠯ 》 ᠤ᠋ᠨ ᠠᠵᠢᠯ᠎ᠤᠨ ᠵᠠᠭ᠍ᠪᠤᠷ᠎ᠢ ᠱᠢᠨ᠎ᠡ᠎ᠶ᠋ᠢ ᠡᠭᠦᠳᠦᠨ ᠬᠡᠷᠡᠭ᠌ᠯᠡᠵᠦ᠍᠂ ᠱᠢᠭᠤᠢᠲᠤ ᠣᠷᠣᠨ᠎ᠳᠤ ᠨᠠᠷᠢᠨ ᠨᠢᠮᠪᠠᠢ ᠬᠠᠢᠨ ᠪᠠᠢᠴᠠᠭᠠᠯᠲᠠ ᠬᠢᠵᠡᠢ᠃ ᠲᠡᠭᠦᠨ᠎ᠦ ᠴᠢᠩᠭ᠎ᠠ ᠬᠠᠮᠢᠶᠠᠷᠤᠯᠲᠠ ᠳᠣᠣᠷ᠎ᠠ᠂ ᠭᠣᠣᠯᠯᠠᠨ ᠬᠠᠮᠢᠶᠠᠷᠴᠤ᠌ ᠪᠠᠢᠭ᠎ᠠ ᠤᠢ ᠱᠢᠭᠤᠢ᠎ᠶᠢ ᠪᠣᠢᠵᠢᠭᠤᠯᠵᠤ ᠤᠭᠲᠤᠯᠬᠤ ᠣᠷᠣᠨ᠎ᠨᠢ ᠨᠢᠭᠡᠳᠦᠭᠡᠷ ᠲᠦᠷᠦᠯ᠎ᠦᠨ ᠮᠣᠳᠣ ᠣᠭ᠍ᠲᠣᠯᠬᠤ ᠣᠷᠣᠨ᠎ᠤ ᠲᠦᠪᠱᠢᠨ᠎ᠢ ᠪᠠᠲᠤᠯᠠᠭ᠍ᠰᠠᠭᠠᠷ ᠢᠷᠡᠵᠠᠢ᠃ ᠲᠡᠭᠦᠨ᠎ᠦ ᠭᠠᠷᠲᠠᠵᠤ ᠪᠠᠢᠴᠠᠭᠠᠵᠤ ᠱᠢᠯᠭᠠᠨ ᠠᠪᠤᠭ᠍ᠰᠠᠨ ᠤᠢ ᠱᠢᠭᠤᠢ᠎ᠶ᠋ᠢᠨ ᠪᠣᠢᠵᠢᠭᠤᠯᠤᠯᠲᠠ ᠵᠢᠨ ᠲᠠᠯᠠᠪᠠᠢ ᠨᠢ ᠨᠡᠢᠲᠡ 125 ᠲᠦᠮᠡᠨ ᠮᠦ᠍᠎ᠳᠦ ᠬᠦᠷᠴᠦ᠍᠂ ᠡᠭᠡ ᠤᠢ ᠵᠢ 8 ᠲᠦᠮᠡᠨ ᠮᠦ᠍ ᠡᠵᠡᠩᠨᠡᠵᠦ᠍᠂ 9 ᠲᠦᠮᠡᠨ ᠮᠦ᠍ ᠮᠣᠳᠣ ᠲᠠᠷᠢᠵᠤ ᠤᠢᠵᠢᠭᠤᠯᠪᠠ᠃ ᠲᠡᠷᠡ ᠬᠠᠮᠲᠤ ᠠᠵᠢᠯᠯᠠᠭ᠍ᠰᠠᠳ᠎ᠲᠠᠶ᠎ᠪᠠᠨ ᠬᠠᠮᠵᠢᠯᠴᠠᠨ 192 ᠬᠡᠰᠡᠭ ᠣᠶ ᠱᠢᠭᠤᠶ᠎ᠶ᠋ᠢ ᠪᠣᠢᠵᠢᠭᠤᠯᠤᠭ᠍ᠰᠠᠨ ᠦᠷ᠎ᠡ ᠪᠦᠲᠦᠮᠵᠢ᠎ᠶ᠋ᠢ ᠬᠢᠨᠠᠨ ᠬᠡᠮᠵᠢᠬᠦ᠌ ᠲᠣᠭ᠍ᠲᠠᠮᠠᠯ ᠪᠠᠷᠢᠮᠵᠢᠶᠠᠲᠤ ᠭᠠᠵᠠᠷ᠎ᠤᠨ ᠳᠠᠪᠲᠠᠨ ᠬᠡᠮᠵᠢᠬᠦ᠌ ᠪᠠ ᠪᠥᠲᠥᠭᠡᠨ ᠪᠠᠢᠭᠤᠯᠤᠯᠲᠠ ᠵᠢ ᠪᠡᠶᠡᠯᠡᠭᠦᠯᠵᠦ᠂  192 ᠰᠠᠭᠤᠷᠢ ᠮᠤᠳᠤ ᠎ᠶ᠋ᠢ ᠬᠢᠨᠠᠨ ᠬᠡᠮᠵᠢᠯᠳᠠ ᠬᠢᠵᠦ᠂ ᠪᠣᠯᠣᠳ ᠵᠢᠶᠠᠰᠠᠲᠤ ᠵᠢᠱ᠌ᠢᠶ᠎ᠡ ᠦᠵᠡᠭᠦᠯᠬᠦ᠌ ᠣᠶ᠎ᠶ᠋ᠢᠨ ᠲᠡᠮᠳᠡᠭ᠎ᠢ 6 ᠪᠠᠢᠭᠤᠯᠵᠤ᠂ ᠮᠣᠳᠣᠨ ᠫᠠᠢᠰᠠᠲᠤ ᠲᠡᠮᠳᠡᠭ᠎ᠢ 1ᠪᠠᠢᠭᠤᠯᠵᠤ᠂ ᠣᠶ ᠱᠢᠭᠤᠶ᠎ᠶ᠋ᠢᠨ ᠤᠷᠭᠤᠯᠲᠠ᠎ᠶ᠋ᠢᠨ ᠪᠠᠢᠳᠠᠯ᠎ᠢ ᠬᠢᠨᠠᠨ ᠬᠡᠮᠵᠢᠬᠦ᠌᠎ᠳᠦ ᠨᠠᠢᠳᠠᠪᠤᠷᠢᠲᠠᠶ ᠦᠨᠳᠦᠰᠦᠯᠡᠯ ᠬᠠᠩᠭᠠᠭ᠍ᠰᠠᠨ᠎ᠢᠶᠠᠷ ᠪᠠᠷᠠᠬᠤ ᠥᠬᠡᠶ  ᠪᠥᠲᠥᠭᠡᠨ ᠪᠠᠢᠭᠤᠯᠬᠤ ᠥᠪᠡᠷ᠎ᠦᠨ ᠥᠷᠲᠡᠭ᠎ᠢ 20 ᠲᠦᠮᠡ ᠱᠢᠬᠠᠮ ᠲᠥᠭᠥᠷᠢᠭ ᠠᠷᠪᠢᠯᠠᠪᠠ᠃

ᠬᠠᠬᠢᠷ ᠡᠪᠦᠯ ᠬᠠᠯᠠᠭᠤᠨ ᠵᠤᠨ ᠭᠡᠰᠡᠨ ᠦᠭᠡᠢ᠂ ᠵᠠᠩ᠎ᠲᠠᠶ ᠱᠦᠨ ᠢᠮᠠᠭ᠍ᠲᠠ ᠠᠵᠢᠯ᠎ᠤᠨ ᠪᠠᠢᠷᠢ᠎ᠪᠠᠨ ᠪᠠᠲᠤ ᠰᠠᠬᠢᠳᠠᠭ᠃ ᠵᠣᠨ᠎ᠤ ᠤᠯᠠᠷᠢᠯ᠎ᠳᠤ᠂ ᠱᠢᠭᠤᠢᠲᠤ ᠣᠷᠣᠨ᠎ᠳ᠋ᠤ ᠢᠯᠠᠭ᠎ᠠ ᠪᠠᠲᠠᠭᠠᠨ᠎ᠠ᠂ ᠱᠠᠯᠵᠨ ᠬᠣᠷᠣᠬᠠᠶ᠎ᠰᠥᠷᠡᠭᠡᠢ  ᠪᠣᠯᠪᠠᠴᠤ᠌ ᠲᠡᠷᠡ ᠥᠴᠦᠬᠡᠨ ᠴᠦ᠍ ᠲᠠᠲᠠᠭᠠᠯᠵᠠᠯ ᠥᠬᠡᠶ ᠠᠵᠢᠯᠯᠠᠵᠤ᠂ ᠱᠠᠯᠵᠨ᠎ᠳᠤ ᠵᠠᠭᠤᠭᠳᠠᠭᠰᠠᠨ᠎ᠤ ᠳᠠᠷᠠᠭ᠎ᠠ ᠲᠠᠢᠪᠤᠭᠤᠬᠠᠨ᠎ᠵᠢᠡᠷ ᠱᠢᠶ᠋ᠳᠪᠦᠷᠢᠯᠡᠳᠡᠭ ᠲᠤᠷᠱᠢᠯᠭ᠎ᠠ ᠨᠢ ᠪᠦᠯᠬᠦᠮ ᠨᠡᠢᠲᠡ᠎ᠶ᠋ᠢᠨ 《 ᠵᠠᠪᠠᠯ ᠰᠤᠷᠬᠤ ᠬᠢᠴᠢᠶᠡᠯ》 ᠪᠣᠯᠤᠭ᠍ᠰᠠᠨ ᠪᠠᠢᠨ᠎ᠠ; ᠡᠪᠦᠯ᠎ᠦᠨ ᠤᠯᠠᠷᠢᠯ᠎ᠳᠤ᠂ ᠲᠡᠭ᠎ᠡᠴᠡ ᠳᠣᠷᠣᠭ᠍ᠰᠢ 30 ᠭᠷᠠᠳᠦ᠋ᠰ᠎ᠤᠨ ᠬᠥᠢᠳᠡᠨ ᠎ᠢ ᠲᠡᠰᠪᠤᠷᠢᠯᠡᠨ ᠬᠡᠮᠵᠢᠯᠲᠡ᠎ᠶ᠋ᠢᠨ ᠲᠥᠯᠥᠪᠯᠡᠭᠡ᠎ᠶ᠋ᠢᠨ ᠤᠷᠤᠭ᠍ᠰᠢᠲᠠᠶ ᠶᠠᠪᠤᠭ᠍ᠳᠠᠬᠤ᠎ᠶ᠋ᠢ ᠪᠠᠲᠤᠯᠠᠬᠤ᠎ᠶ᠋ᠢᠨ ᠲᠥᠯᠥᠭᠡ᠂ ᠲᠡᠷᠡ ᠦᠷᠭᠦᠯᠵᠢ 10 ᠭᠠᠷᠤᠶ ᠺᠢᠯᠣᠮᠧᠲ᠋ᠷ ᠠᠯᠬᠤᠵᠤ ᠂ ᠤᠮᠳᠠᠭᠠᠰᠪᠠᠯ  ᠴᠠᠰᠤ ᠡᠮᠬᠦᠨ ᠤᠮᠳᠠ᠎ᠪᠠᠨ ᠳᠠᠷᠤᠵᠤ᠂ ᠶᠠᠳᠠᠷᠠᠪᠠᠯ ᠪᠤᠯᠠᠭᠠᠷᠢ ᠪᠡᠷ ᠰᠠᠨᠳᠠᠯᠢ ᠪᠣᠯᠭᠠᠵᠤ ᠵᠢᠭᠠᠬᠠᠨ ᠠᠮᠤᠰᠬᠢᠳᠠᠭ᠃ ᠤᠯᠠᠨ ᠵᠢᠯ ᠴᠠᠭ᠎ᠤᠨ ᠬᠤᠭᠤᠯᠠ ᠪᠠᠨ ᠴᠠᠭ ᠲᠠᠭᠠᠨ ᠰᠠᠢᠬᠠᠨ ᠢᠳᠡᠭᠰᠡᠨ ᠦᠭᠡᠢ ᠡᠴᠡ ᠪᠤᠯᠵᠤ ᠲᠡᠷᠡ ᠬᠣᠳᠣᠭᠣᠳᠣ ᠭᠡᠳᠡᠰᠦᠨ᠎ᠦ ᠡᠪᠡᠳᠴᠢᠨ᠎ᠳᠦ ᠨᠡᠷᠪᠡᠭ᠌ᠳᠡᠵᠡᠢ᠂ ᠡᠬᠡᠨᠡᠷ ᠨᠢ ᠲᠡᠭᠦᠨ᠎ᠢ ᠥᠷᠥ᠍ ᠡᠪᠡᠳᠴᠦ᠍᠂ ᠦᠷᠭᠦᠯᠵᠢ ᠲᠡᠭᠦᠨ᠎ᠦ ᠬᠠᠷᠮᠠᠨ᠎ᠳᠤ ᠯᠣᠬᠠᠱᠧᠩ᠎ᠦᠨ ᠦᠷ᠎ᠡ ᠪᠠ ᠱᠢᠬᠢᠷ ᠰᠠᠪᠠᠯᠠᠵᠤ ᠥᠭᠳᠡᠭ᠂ ᠡᠳᠡᠭᠡᠷ ᠨᠢ ᠲᠡᠭᠦᠨ᠎ᠦ ᠠᠵᠢᠯ᠎ᠤᠨ ᠵᠠᠪᠰᠠᠷ᠎ᠲᠦ᠍ ᠰᠡᠳᠭᠢᠯ ᠵᠢᠡᠨ ᠲᠤᠯᠠᠭᠠᠴᠠᠭᠤᠯᠬᠤ ᠬᠠᠮᠤᠭ᠎ᠤᠨ 《ᠠᠮᠲᠠᠲᠤ ᠬᠣᠭᠣᠯᠠ》 ᠪᠣᠯᠤᠨ᠎ᠠ᠃

ᠲᠤᠰᠭᠠᠢ ᠮᠡᠷᠭᠡᠵᠢᠯ᠎ᠦᠨ ᠠᠵᠢᠯᠳᠠᠨ ᠪᠣᠯᠤᠭ᠍ᠰᠠᠨ᠎ᠤ ᠬᠤᠪᠢ᠎ᠳᠤ᠂ ᠵᠠᠩ᠎ᠲᠠᠶ ᠱᠦᠨ ᠰᠤᠷᠤᠯᠴᠠᠯᠭ᠎ᠠ᠎ᠶ᠋ᠢᠨ ᠴᠢᠬᠤᠯᠠ ᠴᠢᠨᠠᠷ᠎ᠢ ᠭᠦᠨᠵᠡᠭᠡᠢ ᠣᠢᠯᠠᠭᠠᠳᠠᠭ᠃ ᠠᠵᠢᠯ᠎ᠤᠨ ᠴᠢᠯᠥᠭᠡ ᠵᠠᠪ᠎ᠢᠶᠠᠷ᠎ᠢᠶᠠᠨ᠂ ᠲᠡᠷᠡ ᠲᠥᠷᠥ᠎ᠶ᠋ᠢᠨ ᠪᠣᠳᠣᠯᠭ᠎ᠠ ᠬᠠᠤᠯᠢ ᠲᠣᠭ᠍ᠲᠠᠭᠠᠯ᠂ ᠮᠡᠷᠭᠡᠵᠢᠯ᠎ᠦᠨ ᠲᠦᠷᠢᠮ ᠲᠣᠭ᠍ᠲᠠᠭᠠᠯ ᠪᠠ ᠪᠠᠷᠢᠮᠵᠢᠶ᠎ᠠ ᠨᠠᠷᠢᠨ ᠲᠦᠷᠢᠮ᠎ᠢ ᠨᠠᠷᠢᠨ ᠬᠢᠨᠠᠮᠠᠭᠠᠶ ᠰᠤᠳᠤᠯᠵᠤ᠂ ᠲᠣᠰ ᠪᠡᠶ᠎ᠡ᠎ᠶ᠋ᠢᠨ ᠲᠤᠬᠠᠢᠯᠠᠭ᠍ᠰᠠᠨ ᠠᠵᠢᠯ᠎ᠤᠨ ᠬᠡᠪ ᠪᠣᠯᠪᠠᠰᠤᠷᠠᠯ᠎ᠢᠶᠠᠨ ᠲᠠᠰᠤᠷᠠᠯᠲᠠ ᠥᠬᠡᠶ ᠳᠡᠭᠡᠭ᠌ᠰᠢᠯᠡᠭᠦᠯᠪᠡ᠃ ᠲᠡᠷᠡ ᠪᠠᠰᠠ《ᠤᠯᠠᠮᠵᠢᠯᠠᠬᠤ ᠬᠠᠪᠰᠤᠷᠬᠤ ᠳᠠᠭᠠᠭᠤᠯᠬᠤ》 ᠦᠢᠯᠡᠳᠦᠯ᠎ᠢᠶᠡᠨ ᠢᠳᠡᠪᠬᠢᠲᠡᠢ ᠪᠠᠳᠠᠷᠠᠭᠤᠯᠵᠤ᠂ ᠲᠤᠰᠭᠠᠢ ᠰᠡᠳᠦᠪᠲᠦ ᠪᠣᠯᠪᠠᠰᠤᠷᠠᠯ᠎ᠢ ᠵᠣᠬᠢᠶᠠᠨ ᠪᠠᠢᠭᠤᠯᠵᠤ᠂《ᠤᠨᠤᠯ᠎ᠤᠨ ᠲᠠᠢᠯᠤᠮᠵᠢ + ᠲᠤᠬᠠᠢ᠎ᠶ᠋ᠢᠨ ᠲᠠᠯᠠᠪᠠᠢ᠎ᠶ᠋ᠢᠨ ᠵᠢᠱ᠌ᠢᠢ᠎ᠡ ᠦᠵᠡᠭᠦᠯᠬᠦ᠌》ᠵᠢᠭᠠᠨ ᠰᠤᠷᠭᠠᠯᠲᠠ᠎ᠶ᠋ᠢᠨ ᠵᠠᠭ᠍ᠪᠤᠷ᠎ᠢᠶᠠᠷ᠂ ᠪᠠᠢᠴᠠᠭᠠᠯᠲᠠ᠎ᠶ᠋ᠢᠨ ᠵᠢᠷᠤᠭ ᠲᠥᠯᠥᠪᠯᠡᠭᠡ᠎ᠶ᠋ᠢᠨ ᠲᠥᠰᠦᠯ᠂ ᠲᠤᠬᠠᠢ᠎ᠶ᠋ᠢᠨ ᠲᠠᠯᠠᠪᠠᠢ᠎ᠳᠤ ᠮᠦᠴᠢᠷ ᠵᠠᠰᠠᠵᠤ  ᠰᠡᠢᠷᠡᠭᠵᠢᠬᠦᠯᠦᠨ ᠤᠭᠳᠤᠯᠬᠤ ᠮᠡᠷᠭᠡᠵᠢᠯ᠎ᠦᠨ ᠭᠣᠣᠯᠳᠠᠯᠭ᠎ᠠ᠎ᠶ᠋ᠢ ᠭᠦᠨᠵᠡᠭᠡᠢ ᠲᠠᠢᠯᠪᠤᠷᠢᠯᠠᠵᠤ᠂ ᠪᠦᠯᠬᠦᠮ ᠨᠢᠭᠡᠴᠢ᠎ᠶ᠋ᠢᠨ ᠲᠤᠰᠭᠠᠢ ᠮᠡᠷᠭᠡᠵᠢᠯ᠎ᠦᠨ ᠴᠢᠳᠠᠪᠤᠷᠢ᠎ᠶ᠋ᠢ ᠪᠦᠲᠦᠮᠵᠢᠲᠡᠢ ᠳᠡᠭᠡᠭ᠌ᠰᠢᠯᠡᠭᠦᠯᠪᠡ᠃ ᠴᠡᠴᠡᠷᠯᠢᠭ᠌ᠵᠢᠭᠦᠯᠦᠨ ᠨᠣᠭᠣᠭᠠᠷᠠᠭᠤᠯᠬᠤ᠂ ᠦᠷ᠎ᠡ ᠴᠢᠬᠢ᠎ᠶ᠋ᠢᠨ ᠦᠶ᠋ᠯᠡᠳᠪᠦᠷᠢᠯᠡᠯ᠂ ᠡᠪᠡᠳᠴᠢᠨ ᠬᠣᠷᠣᠬᠠᠶ᠎ᠶ᠋ᠢᠨ ᠬᠥᠨᠥᠭᠡᠯ᠎ᠢ ᠰᠡᠷᠭᠡᠢᠯᠡᠨ ᠵᠠᠰᠠᠬᠤ ᠵᠡᠷᠭᠡ ᠲᠥᠷᠥᠯ ᠵᠦᠶ᠋ᠯ᠎ᠦᠨ ᠠᠵᠢᠯ᠎ᠤᠨ ᠳᠤᠮᠳᠠ᠂ ᠲᠡᠷᠡ ᠪᠦᠯᠬᠦᠮ᠎ᠢᠶᠡᠨ ᠳᠠᠭᠠᠭᠤᠯᠤᠨ ᠨᠡᠢᠲᠡ 1000 ᠱᠢᠬᠠᠮ ᠰᠠᠭᠤᠷᠢ ᠮᠣᠳᠣ ᠳᠠᠷᠢᠨ ᠨᠣᠭᠣᠭᠠᠷᠠᠭᠤᠯᠵᠤ᠂ 2 ᠲᠦᠮᠡᠨ ᠮᠥ᠍᠎ᠵᠢᠨ ᠬᠥᠮᠦᠨ᠎ᠦ ᠬᠦᠴᠦ᠍᠎ᠪᠡᠷ ᠪᠠᠢᠭᠠᠯᠢ᠎ᠶ᠋ᠢᠨ ᠱᠢᠨᠡᠴᠢᠯᠡᠯᠲᠡ᠎ᠶ᠋ᠢ ᠠᠬᠢᠭᠤᠯᠬᠤ ᠡᠭᠦᠷᠭᠡ ᠵᠢ ᠪᠡᠶᠡᠯᠡᠭᠦᠯᠵᠦ᠂ ᠡᠪᠡᠳᠴᠢᠨ ᠬᠣᠷᠣᠬᠠᠶ᠎ᠶ᠋ᠢᠨ ᠬᠥᠨᠥᠭᠡᠯ᠎ᠢ 3 ᠲᠦᠮᠡᠨ ᠮᠥ᠍ ᠰᠡᠷᠭᠡᠢᠯᠡᠨ ᠵᠠᠰᠠᠵᠤ᠂ ᠱᠢᠭᠤᠢᠲᠤ ᠣᠷᠣᠨ᠎ᠤ ᠠᠮᠢ ᠠᠬᠤᠶ᠎ᠶ᠋ᠢᠨ ᠵᠢᠭᠤᠯᠴᠢᠯᠠᠯ᠎ᠤᠨ ᠬᠥᠭ᠌ᠵᠢᠯᠲᠡ᠎ᠳᠦ ᠡᠬᠢ ᠪᠠᠶᠠᠯᠢᠭ᠎ᠤᠨ ᠰᠠᠭᠤᠷᠢ᠎ᠶ᠋ᠢ ᠪᠡᠬᠢᠵᠢᠭᠦᠯᠵᠦ᠍᠂ ᠣᠶ ᠱᠢᠭᠤᠶ᠎ᠶ᠋ᠢᠨ ᠦᠷᠭᠦᠯᠵᠢᠯᠡᠬᠦ᠌ ᠬᠥᠭ᠌ᠵᠢᠯᠲᠡ᠎ᠶ᠋ᠢ ᠠᠬᠢᠭᠤᠯᠵᠤ᠂ ᠯᠤᠲᠤ ᠶᠡᠬᠡ ᠨᠡᠢᠭᠡᠮ᠎ᠦᠨ ᠦᠷ᠎ᠡ ᠠᠱᠢᠭ᠎ᠢ ᠡᠭᠦᠳᠪᠡ᠃

ᠵᠠᠩ᠎ᠲᠠᠢ ᠱᠦᠨ ᠪᠣᠯ ᠲᠡᠷᠢᠵᠦ ᠨᠤᠭᠤᠭᠠᠷᠠᠭᠤᠯᠬᠤ ᠦᠢᠯᠡᠳᠦᠯᠭᠡᠵᠢᠭᠦᠯᠦᠭᠴᠢ ᠪᠣᠯᠬᠤ᠎ᠪᠠᠷ ᠪᠠᠷᠠᠬᠤ ᠦᠭᠡᠢ  ᠨᠡᠩ ᠴᠤ᠌ ᠡᠬᠡ ᠪᠠᠢᠭᠠᠯᠢ ᠵᠢᠨ ᠲᠠᠢᠴᠢᠨ ᠬᠠᠮᠠᠭᠠᠯᠠᠭ᠍ᠴᠢ ᠮᠥᠨ᠃ ᠡᠪ ᠬᠠᠮᠲᠤ ᠨᠠᠮ᠎ᠤᠨ ᠭᠡᠰᠢᠭᠦᠨ ᠪᠣᠯᠤᠭᠰᠠᠨ᠎ᠤ ᠬᠤᠪᠢ᠎ᠳᠤ᠂ ᠲᠡᠷᠡ《ᠠᠷᠠᠳ ᠲᠦᠮᠡᠨ᠎ᠢ ᠳᠡᠭᠡᠳᠦᠯᠡᠬᠦ᠂ ᠠᠮᠢ ᠨᠠᠰᠤ᠎ᠶᠢ ᠳᠡᠭᠡᠳᠦᠯᠡᠬᠦ》ᠣᠢᠯᠠᠭᠠᠭᠳᠠᠬᠤᠨ᠎ᠢ ᠢᠮᠠᠭᠲᠠ ᠦᠢᠯᠡᠳᠦᠯᠭᠡᠵᠢᠭᠦᠯᠵᠦ᠂ ᠤᠷᠢᠳ ᠬᠣᠵᠢᠳ 40 ᠭᠠᠷᠤᠢ ᠤᠳᠠᠭ᠎ᠠ ᠺᠣᠮᠫᠠᠨᠢ᠎ᠶᠢᠨ ᠤᠢ ᠰᠢᠭᠤᠢ᠎ᠶᠢᠨ ᠲᠦᠢᠮᠡᠷ᠎ᠢ ᠤᠨᠲᠠᠷᠠᠭᠠᠬᠤ ᠡᠭᠦᠷᠭᠡ᠎ᠳᠦ ᠣᠷᠣᠯᠴᠠᠵᠤ᠂ ᠣᠷᠣᠨ ᠪᠦᠰᠡ ᠰᠤᠨᠳᠠᠯᠠᠭᠰᠠᠨ 14 ᠤᠳᠠᠭ᠎ᠠ ᠵᠢᠨ ᠤᠢ ᠰᠢᠭᠤᠢ᠎ᠶᠢᠨ ᠠᠵᠤ ᠦᠢᠯᠡᠳᠪᠦᠷᠢ᠎ᠶᠢᠨ ᠺᠣᠮᠫᠠᠨᠢ᠎ᠶᠢᠨ  ᠬᠦᠨᠳᠦ ᠶᠡᠬᠡ ᠲᠦᠢᠮᠡᠷ᠎ᠦᠨ ᠪᠠᠢᠳᠠᠯ᠎ᠢ ᠰᠢᠢᠳᠪᠦᠷᠢᠯᠡᠬᠦ ᠳ᠋ᠦ ᠲᠤᠰᠠᠯᠠᠵᠠᠢ᠃ 2024 ᠣᠨ᠎ᠤ ᠶᠡᠬᠡ ᠬᠢᠩᠭᠠᠨ ᠳᠠᠪᠠᠭ᠎ᠠ᠎ᠶᠢᠨ ᠠᠶᠤᠩᠭ᠎ᠠ ᠨᠢᠷᠭᠡᠯᠳᠡ ᠵᠢᠨ ᠭᠠᠯ᠎ᠤᠨ ᠳᠠᠢᠯᠠᠯᠳᠤᠭᠠᠨ᠎ᠳᠤ᠂ ᠲᠡᠷᠡ ᠪᠣᠭᠣᠮᠲᠠ ᠰᠢᠪᠲᠤᠯᠬᠤ ᠳᠤᠭᠤᠢᠯᠠᠩ᠎ᠢ ᠳᠠᠭᠠᠭᠤᠯᠤᠨ ᠵᠠᠯᠭᠠᠭ᠎ᠠ᠎ᠪᠠᠷ16 ᠡᠳᠦᠷ ᠰᠥᠨᠢ ᠡᠷᠡᠯᠬᠡᠭᠯᠡᠨ ᠪᠠᠢᠯᠳᠤᠵᠤ᠂ 2 ᠬᠡᠰᠡᠭ ᠠᠶᠤᠩᠭ᠎ᠠ ᠨᠢᠷᠭᠡᠯᠳᠡ᠎ᠵᠢᠨ ᠭᠠᠯ᠎ᠢ ᠠᠮᠵᠢᠯᠲᠠ᠎ᠲᠠᠢ ᠤᠨᠲᠠᠷᠠᠭᠠᠪᠠ᠃ ᠭᠠᠯ᠎ᠤᠨ ᠲᠠᠯᠠᠪᠠᠢ᠎ᠳᠤ᠂ ᠲᠡᠷᠡ ᠲᠤᠨᠤᠭ ᠲᠦᠬᠦᠭᠡᠷᠦᠮᠵᠢ ᠪᠣᠯᠣᠨ ᠡᠳ᠋ ᠪᠣᠳᠠᠰ᠎ᠢ ᠰᠢᠨᠵᠢᠯᠡᠬᠦ ᠤᠬᠠᠭᠠᠨᠴᠢ᠎ᠪᠠᠷ ᠲᠣᠬᠢᠷᠠᠭᠤᠯᠵᠤ᠂ ᠪᠠᠲᠤᠯᠠᠭ᠎ᠠ᠎ᠶᠢᠨ ᠲᠣᠭᠲᠡᠴᠡ᠎ᠶᠢ ᠪᠦᠷᠢᠨᠰᠢᠭᠦᠯᠵᠦ᠂《ᠭᠤᠷᠪᠠ᠎ᠶᠢ ᠲᠡᠷᠢᠭᠦᠨ᠎ᠳᠦ ᠲᠠᠯᠪᠢᠬᠤ》ᠵᠠᠷᠴᠢᠮ᠎ᠢ ᠲᠦᠷᠦᠭᠦᠯᠡᠨ ᠦᠢᠯᠡᠳᠦᠯᠭᠡᠵᠢᠭᠦᠯᠵᠦ᠂ ᠪᠣᠳᠠᠲᠤ ᠠᠵᠢᠯᠯᠠᠭ᠎ᠠ᠎ᠪᠠᠷ᠎ᠢᠶᠠᠨ ᠡᠪ ᠬᠠᠮᠲᠤ ᠨᠠᠮ᠎ᠤᠨ ᠭᠡᠰᠢᠭᠦᠨ᠎ᠦ ᠬᠠᠷᠢᠭᠤᠴᠠᠯᠭ᠎ᠠ ᠪᠣᠯᠣᠨ ᠡᠭᠦᠷᠭᠡᠯᠡᠯ᠎ᠢ ᠲᠠᠢᠯᠪᠤᠷᠢᠯᠠᠪᠠ᠃

ᠴᠤᠭ ᠵᠤᠯᠢ ᠪᠠᠳᠠᠷᠠᠭᠰᠠᠨ ᠭᠠᠯ ᠵᠠᠯᠠᠭᠤ ᠨᠠᠰᠤᠨ᠎ᠡᠴᠡ᠎ᠪᠠᠨ ᠢᠳᠡᠭ ᠢᠳᠡᠭ ᠰᠠᠨᠴᠢᠭ᠋᠎ᠤᠨ ᠦᠰᠦ ᠨᠢ ᠪᠤᠭᠤᠷᠤᠯᠳᠤᠭᠰᠠᠨ 《ᠠᠬᠠᠮᠠᠳ ᠤᠢ ᠰᠢᠭᠤᠢ ᠵᠢᠨ ᠠᠵᠢᠯᠲᠠᠨ》 ᠪᠣᠯᠵᠤ᠂ ᠵᠠᠩ᠎ᠲᠠᠢ ᠱᠦᠨ 27 ᠵᠢᠯ᠎ᠢ ᠨᠢᠭᠡ ᠡᠳᠦᠷ ᠮᠡᠲᠦ ᠪᠠᠲᠤ ᠰᠠᠬᠢᠵᠤ ᠡᠯᠪᠡᠭ ᠪᠠᠶᠠᠯᠢᠭ᠋ ᠦᠷ᠎ᠡ ᠪᠦᠲᠦᠭᠡᠯ ᠣᠯᠵᠠᠢ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠢ ᠰᠢᠭᠤᠢ᠎ᠶᠢ ᠠᠷᠠᠴᠢᠯᠠᠨ ᠪᠣᠢᠵᠢᠭᠤᠯᠬᠤ ᠠᠵᠢᠯᠲᠠᠨ ᠠᠵᠢᠯᠴᠢᠨ᠎ᠤ ᠤᠷ᠎ᠠ ᠮᠡᠷᠭᠡᠵᠢᠯ᠎ᠦᠨ ᠤᠷᠤᠯᠳᠤᠭᠠᠨ᠎ᠳᠦ᠂ ᠲᠡᠷᠡ ᠭᠠᠷᠮᠠᠭᠠᠢ ᠤᠷ᠎ᠠ ᠮᠡᠷᠭᠡᠵᠢᠯ᠎ᠢᠶᠡᠷ᠎ᠢᠶᠡᠨ ᠤᠯᠠᠨ ᠡᠴᠡ ᠴᠣᠯᠭᠣᠷᠠᠨ ᠮᠠᠩᠯᠠᠢᠯᠠᠪᠠ᠃《ᠪᠥᠬᠥ ᠣᠷᠣᠨ᠎ᠤ ᠮᠡᠷᠭᠡᠵᠢᠯ᠎ᠦᠨ ᠴᠢᠳᠠᠪᠤᠷᠢᠲᠠᠨ》᠂ 《ᠥᠪᠡᠷᠲᠡᠭᠡᠨ ᠵᠠᠰᠠᠬᠤ ᠣᠷᠣᠨ᠎ᠤ 〈5·1 〉 ᠤ᠋ ᠬᠥᠳᠡᠯᠮᠦᠷᠢ᠎ᠶᠢᠨ ᠱᠠᠩᠨᠠᠯ᠎ᠤᠨ ᠲᠡᠮᠳᠡᠭ》 ᠵᠡᠷᠭᠡ ᠢᠷᠠᠭᠤ ᠠᠯᠳᠠᠷ ᠨᠢ ᠲᠡᠭᠦᠨ᠎ᠢ ᠵᠤᠷᠢᠭᠵᠢᠭᠤᠯᠵᠤ ᠦᠷᠭᠦᠯᠵᠢᠯᠡᠨ ᠤᠷᠤᠭᠰᠢᠯᠠᠭᠤᠯᠤᠨ᠎ᠠ᠃

ᠡᠨᠡ ᠵᠢᠯ᠎ᠦᠨ 《5·1》 ᠤ᠋ ᠳᠡᠯᠡᠬᠡᠢ᠎ᠶ᠋ᠢᠨ ᠬᠥᠳᠡᠯᠮᠦᠷᠢᠴᠢᠳ᠎ᠦᠨ ᠪᠠᠶᠠᠷ ᠡᠴᠡ ᠡᠮᠦᠨᠡᠬᠡᠨ᠂ ᠵᠠᠩ᠎ᠲᠠᠶ ᠱᠦᠨ ᠥᠪᠡᠷᠲᠡᠭᠡᠨ ᠵᠠᠰᠠᠬᠤ ᠣᠷᠣᠨ᠎ᠤ ᠬᠥᠳᠡᠯᠮᠦᠷᠢ᠎ᠶ᠋ᠢᠨ ᠵᠢᠱ᠌ᠢᠶᠡᠴᠢ᠎ᠶ᠋ᠢᠨ ᠢᠷᠠᠭᠤ ᠠᠯᠳᠠᠷ᠎ᠢ ᠬᠦᠷᠲᠡᠪᠡ᠃ ᠲᠡᠷᠡ᠂ ᠮᠣᠩᠭᠣᠯ ᠮᠤᠷᠢᠨ᠎ᠤ ᠵᠣᠷᠢᠭ ᠰᠠᠨᠠᠭ᠎ᠠ ᠪᠣᠯᠤᠨ《ᠤᠮᠠᠷᠠᠲᠤ᠎ᠶ᠋ᠢᠨ ᠭᠤᠷᠪᠠᠨ ᠣᠷᠣᠨ᠎ᠤ ᠵᠣᠷᠢᠭ ᠰᠠᠨᠠᠭ᠎ᠠ》 ᠵᠢ ᠦᠷᠭᠦᠯᠵᠢᠯᠡᠨ ᠪᠠᠳᠠᠷᠠᠭᠤᠯᠵᠤ᠂ ᠬᠥᠳᠡᠯᠮᠦᠷᠢ᠎ᠶ᠋ᠢᠨ ᠵᠢᠱ᠌ᠢᠶᠡᠴᠢ᠎ᠶ᠋ᠢᠨ ᠵᠣᠷᠢᠭ ᠰᠠᠨᠠᠭ᠎ᠠ᠂ ᠬᠥᠳᠡᠯᠮᠦᠷᠢ᠎ᠶ᠋ᠢᠨ ᠵᠣᠷᠢᠭ ᠰᠠᠨᠠᠭ᠎ᠠ᠂ ᠤᠷᠠᠨ ᠳᠠᠷᠬᠠᠨ᠎ᠤ ᠵᠣᠷᠢᠭ ᠰᠠᠨᠠᠭ᠎ᠠ᠎ᠶ᠋ᠢ ᠪᠠᠳᠠᠷᠠᠭᠤᠯᠵᠤ᠂ ᠱᠢᠷᠭᠠᠭᠤ ᠴᠢᠷᠮᠠᠢᠯᠭ᠎ᠠ᠎ᠪᠠᠷ ᠤᠢ ᠱᠢᠭᠤᠢ᠎ᠶ᠋ᠢᠨ ᠭᠠᠵᠠᠷ ᠪᠤᠯᠭᠠᠨ᠎ᠢ ᠬᠡᠮᠵᠢᠵᠦ᠍᠂ ᠡᠭᠦᠷᠭᠡᠯᠡᠯ᠎ᠢᠶᠡᠷ ᠬᠦᠴᠢᠷ ᠠᠰᠠᠭᠤᠳᠠᠯ ᠪᠦᠬᠦᠨ᠎ᠳᠦ ᠱᠢᠭᠤᠳ ᠬᠠᠨᠳᠤᠵᠤ᠂ ᠤᠯᠠᠮᠵᠢᠯᠠᠯ᠎ᠢᠶᠠᠷ ᠤᠢ ᠱᠢᠭᠤᠢ᠎ᠶ᠋ᠢ ᠬᠠᠮᠠᠭᠠᠯᠠᠬᠤ ᠠᠵᠢᠯ᠎ᠢ ᠡᠭᠦᠷᠢᠳᠡ ᠦᠷᠭᠦᠯᠵᠢᠯᠡᠭᠦᠯᠵᠦ᠍᠂ ᠱᠢᠨ᠎ᠡ᠎ᠶ᠋ᠢ ᠡᠭᠦᠳᠬᠦ᠌᠎ᠪᠡᠷ ᠪᠣᠬᠢᠷᠲᠤᠯ ᠦᠭᠡᠢ ᠬᠥᠭ᠌ᠵᠢᠯᠲᠡ᠎ᠶ᠋ᠢᠨ ᠱᠢᠪᠲᠤᠯᠤᠯᠲᠠ ᠪᠣᠯᠭᠠᠨ᠎ᠠ᠃ 《ᠡᠨᠡ ᠬᠦ᠌ ᠬᠦᠨᠳᠦ ᠴᠢᠬᠤᠯᠠ ᠢᠷᠠᠭᠤ ᠠᠯᠳᠠᠷ ᠨᠢ ᠭᠠᠭᠴᠠ ᠮᠢᠨᠦ᠍ᠬᠢ ᠪᠢᠰᠢ᠂ ᠮᠦᠨ ᠴᠦ᠍ ᠡᠨᠡ ᠬᠦ᠌ ᠤᠢ ᠱᠢᠭᠤᠢ᠎ᠶᠢᠨ ᠬᠢ᠂ ᠬᠦᠳᠡᠩ ᠮᠠᠨᠠᠨ᠎ᠤ ᠳᠤᠮᠳᠠ ᠠᠭᠤᠯᠠᠠ ᠤᠢ᠎ᠶ᠋ᠢ ᠬᠡᠮᠵᠢᠵᠦ᠍᠂ ᠰᠦᠨᠢ᠎ᠶᠢᠨ ᠬᠦᠰᠢᠭᠡ᠎ᠶᠢᠨ ᠳᠤᠤᠷ᠎ᠠ ᠨᠣᠭᠣᠭᠠᠨ ᠦᠩᠬᠡ᠎ᠶ᠋ᠢ ᠰᠠᠬᠢᠨ ᠬᠠᠮᠠᠭᠠᠯᠠᠵᠤ ᠪᠠᠢᠭ᠎ᠠ ᠤᠢ ᠱᠢᠭᠤᠢ᠎ᠶ᠋ᠢᠨ ᠠᠵᠢᠯ ᠳᠦᠷᠦᠯ᠎ᠤᠨ ᠬᠥᠮᠦᠰ᠎ᠤᠨ ᠪᠦᠭᠦᠳᠡ᠎ᠶᠢᠨ ᠬᠢᠨᠢ ᠢᠷᠠᠭᠤ ᠠᠯᠳᠠᠷ ᠮᠦᠨ》 ᠭᠡᠵᠦ᠍ ᠢᠯᠡᠳᠭᠡᠪᠡ᠃

ᠨᠠᠷᠠᠠ ᠰᠠᠷᠠᠠ ᠡᠭᠡᠯᠵᠢᠯᠡᠵᠦ᠍᠂ ᠳᠦᠷᠪᠡᠨ ᠤᠯᠠᠷᠢᠯ ᠰᠤᠯᠢᠭᠳᠠᠨ ᠤᠷᠴᠢᠵᠤ ᠪᠠᠢᠭᠰᠠᠨ᠎ᠴᠤ ᠵᠠᠩ᠎ᠲᠠᠶ ᠱᠦᠨ᠎ᠤ ᠠᠯᠬᠤᠭ᠎ᠠ ᠶᠡᠷᠦ᠍᠎ᠡᠴᠡ ᠵᠣᠭ᠍ᠰᠣᠭ᠍᠎ᠠ ᠦᠭᠡᠢ᠃ ᠦᠳᠡᠰᠢ᠎ᠶ᠋ᠢᠨ ᠪᠦᠷᠦᠢ ᠠᠭᠤᠯᠠᠨ ᠤᠢ᠎ᠶ᠋ᠢ ᠪᠦᠷᠬᠦᠵᠦ᠍᠂ ᠡᠭᠦᠷ᠎ᠲᠡᠭᠡᠨ ᠪᠤᠴᠠᠭᠰᠠᠨ ᠱᠢᠪᠠᠭᠤᠳ᠎ᠤᠨ ᠵᠢᠷᠭᠢᠬᠦ᠌ ᠲᠠᠭᠤᠨ ᠤᠢ᠎ᠶᠢᠨ ᠳᠤᠮᠳᠠ ᠦᠷᠭᠦᠯᠵᠢᠯᠡᠬᠦᠶ᠎ᠡ᠂ ᠲᠡᠷᠡᠪᠡᠷ GPS ᠪᠠᠢᠷᠢ ᠲᠣᠭ᠍ᠲᠠᠭᠠᠯᠳᠠ ᠵᠢᠨ ᠬᠡᠮᠵᠢᠭᠦᠷᠯᠢᠭ᠎ᠢᠶᠡᠨ ᠪᠠᠢᠨ ᠳᠠᠬᠢᠨ ᠡᠷᠭᠦᠵᠦ᠍ ᠲᠣᠭ᠎ᠠ ᠪᠠᠷᠢᠮᠲᠠ᠎ᠶ᠋ᠢ ᠨᠠᠷᠢᠨ ᠬᠠᠷᠭᠤᠭᠤᠯᠵᠤ᠂ ᠪᠦᠷᠦᠢ ᠳᠠᠰᠤᠷᠠᠵᠤ ᠤᠳᠤᠳ ᠲᠦᠭᠡᠬᠦ᠎ᠳᠦ ᠳᠡᠷᠡ ᠰᠠᠶᠢ ᠰᠠᠷᠠᠨ᠎ᠤ ᠬᠡᠬᠡ ᠲᠠᠢ ᠬᠠᠨᠢᠯᠠᠨ ᠪᠤᠴᠠᠳᠠᠭ᠃ ᠲᠠᠪᠬᠤᠴᠠᠨ ᠰᠦᠨᠳᠡᠷᠯᠡᠭᠰᠡᠨ ᠠᠭᠤᠯᠠ ᠨᠢᠷᠤᠭᠤᠳ ᠲᠡᠭᠦᠨ᠎ᠦ ᠪᠠᠲᠤ ᠰᠠᠬᠢᠵᠤ ᠬᠤᠪᠢ ᠨᠡᠮᠡᠷᠢ ᠦᠵᠡᠭᠦᠯᠦᠭ᠌ᠰᠡᠨ᠎ᠢ ᠭᠡᠷᠡᠴᠢᠯᠡᠵᠦ᠍᠂ ᠡᠪᠡᠳᠴᠢᠨ᠎ᠦ ᠬᠥᠨᠥᠭᠡᠯ᠎ᠦᠨ ᠦᠯᠢᠭᠡᠷ ᠶᠠᠩᠵᠤ ᠵᠢ ᠪᠤᠭᠴᠤᠯᠠᠭᠰᠠᠨ ᠪᠢᠷᠵᠢᠩᠭᠡ ᠪᠣᠭ᠍ᠴᠣ ᠠᠯᠬᠤᠮ᠎ᠢ ᠳᠠᠭᠠᠯᠳᠤᠨ ᠠᠶᠠᠷᠬᠠᠨ ᠰᠠᠵᠢᠯᠠᠵᠤ᠂ 《ᠦᠨᠳᠦᠷ ᠠᠭᠤᠯᠠᠰ ᠬᠦᠬᠡᠷᠡᠵᠦ ᠦᠪᠡᠷ᠎ᠢᠶᠡᠨ ᠪᠢ ᠦᠳᠡᠯᠦᠭᠰᠡᠨ》 ᠭᠡᠬᠦ᠌ ᠰᠡᠳᠭᠢᠯ ᠬᠥᠳᠡᠯᠭᠡᠮ᠎ᠡ ᠦᠯᠢᠭᠡᠷ᠎ᠢ ᠬᠦᠦᠷᠨᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号