ᠥᠪᠥᠷ ᠮᠣᠩᠭᠣᠯ᠎ᠤᠨ 60 ᠬᠥᠮᠦᠨ ᠪᠥᠬᠥ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ ᠪᠠ ᠲᠡᠷᠢᠭᠦᠨ᠎ᠦ ᠠᠵᠢᠯᠲᠠᠨ᠎ᠤ ᠢᠷᠠᠭᠤ ᠠᠯᠳᠠᠷ᠎ᠢ ᠭᠥᠷᠳᠡᠪᠡ
2025-04-29 09:24:35
ᠵᠣᠬᠢᠶᠠᠭ᠍ᠴᠢ᠄
ᠮᠠ ᠹᠠᠩ
ᠣᠩᠱᠢᠭ᠍ᠰᠠᠨ ᠣᠳᠠᠭ᠎ᠠ᠄
★★★☆☆

4 ᠰᠠᠷ᠎ᠠ᠎ᠶ᠋ᠢᠨ 28 ᠤ᠋ ᠡᠳᠦᠷ᠂ ᠳᠤᠮᠳᠠᠳᠤ᠎ᠶ᠋ᠢᠨ ᠪᠦᠬᠦ᠌ ᠤᠯᠤᠰ᠎ᠤᠨ ᠠᠵᠢᠯᠴᠢᠨ᠎ᠤ ᠶᠡᠷᠦᠩᠬᠡᠢ ᠡᠪᠯᠡᠯ ᠪᠠᠢᠭᠤᠯᠤᠭ᠍ᠳᠠᠭ᠍ᠰᠠᠨ 100 ᠵᠢᠯ᠎ᠦᠨ ᠤᠢ᠎ᠶ᠋ᠢ ᠪᠡᠯᠭᠡᠯᠡᠬᠦ᠌ ᠵᠢᠴᠢ ᠪᠦᠬᠦ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ ᠪᠣᠯᠤᠨ ᠲᠡᠷᠢᠭᠦᠨ᠎ᠦ ᠠᠵᠢᠯᠳᠠᠨ᠎ᠢ ᠬᠥᠬᠢᠭᠦᠯᠦᠨ ᠰᠠᠢᠱᠢᠶᠠᠬᠤ ᠶᠡᠬᠡ ᠬᠤᠷᠠᠯ ᠪᠡᠭᠡᠵᠢᠩ᠎ᠳᠦ ᠦᠪᠡᠳᠡᠭ᠌ᠰᠢ ᠶᠡᠬᠡ ᠎ᠪᠡᠷ ᠶᠠᠪᠤᠭ᠍ᠳᠠᠵᠤ᠂ 2426 ᠬᠥᠮᠦᠨ ᠬᠥᠬᠢᠭᠦᠯᠦᠭᠳᠡᠨ ᠰᠠᠢᠱᠢᠶᠠᠭ᠍ᠳᠠᠪᠠ᠂ ᠡᠭᠦᠨ᠎ᠳᠦ ᠪᠦᠬᠦ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ 1670 ᠬᠦᠮᠦᠨ᠂ ᠪᠦᠬᠦ᠌ ᠤᠯᠤᠰ᠎ᠤᠨ ᠲᠡᠷᠢᠭᠦᠨ᠎ᠦ ᠠᠵᠢᠯᠳᠠᠨ 756 ᠬᠦᠮᠦᠨ ᠪᠠᠭ᠍ᠲᠠᠨ᠎ᠠ᠃ ᠥᠪᠥᠷ ᠮᠣᠩᠭᠣᠯ᠎ᠤᠨ 60 ᠬᠥᠮᠦᠨ ᠪᠥᠬᠥ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ ᠪᠠ ᠲᠡᠷᠢᠭᠦᠨ᠎ᠦ ᠠᠵᠢᠯᠲᠠᠨ᠎ᠤ ᠴᠤᠯᠠ᠎ᠶᠢ ᠭᠥᠷᠳᠡᠪᠡ᠃

ᠣᠢᠯᠠᠭᠠᠭ᠍ᠰᠠᠨ᠎ᠢᠶᠠᠷ᠂ ᠥᠪᠥᠷ ᠮᠣᠩᠭᠣᠯ᠎ᠤᠨ ᠬᠥᠬᠢᠭᠦᠯᠦᠭᠳᠡᠨ ᠰᠠᠢᠰᠢᠶᠠᠭᠳᠠᠭᠰᠠᠨ 60 ᠬᠥᠮᠦᠨ᠎ᠦ ᠳᠣᠲᠣᠷ᠎ᠠ ᠪᠥᠬᠥ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ 40 ᠬᠦᠮᠦᠨ᠂ ᠪᠥᠬᠥ᠌ ᠤᠯᠤᠰ᠎ᠤᠨ ᠲᠡᠷᠢᠭᠦᠨ᠎ᠦ ᠠᠵᠢᠯᠲᠠᠨ 20 ᠬᠦᠮᠦᠨ ᠪᠠᠭᠲᠠᠨ᠎ᠠ᠃ ᠲᠡᠳᠡ ᠡᠯ᠎ᠡ ᠠᠢᠮᠠᠭ ᠬᠣᠲᠠ᠂ ᠡᠯ᠎ᠡ ᠠᠵᠤ ᠦᠢᠯᠡᠰ᠂ ᠥᠪᠡᠷᠲᠡᠭᠡᠨ ᠵᠠᠰᠠᠬᠤ ᠣᠷᠣᠨ᠎ᠤ ᠱᠢᠭᠤᠳ ᠬᠠᠷᠢᠶ᠎ᠠ ᠪᠠᠢᠭᠤᠯᠭ᠎ᠠ ᠪᠣᠯᠤᠨ ᠦᠪᠡᠷᠲᠡᠭᠡᠨ ᠵᠠᠰᠠᠬᠤ ᠣᠷᠣᠨ᠎ᠳᠤ ᠰᠠᠭᠤᠭ᠎ᠠ ᠲᠥᠪ᠎ᠦᠨ ᠨᠢᠭᠡᠴᠢ᠎ᠶ᠋ᠢ ᠬᠠᠮᠤᠷᠴᠤ᠌᠂ ᠬᠣᠯᠪᠣᠭ᠍ᠳᠠᠬᠰᠠᠨ ᠠᠵᠢᠯ ᠲᠥᠷᠥᠯ᠎ᠦᠨ ᠬᠦᠷᠢᠶ᠎ᠡ ᠵᠢᠴᠢ ᠨᠡᠢᠭᠡᠮ᠎ᠦᠨ ᠳᠠᠪᠬᠤᠷᠭ᠎ᠠ ᠨᠢ ᠨᠡᠯᠢᠶᠡᠳ ᠥᠷᠭᠡᠨ ᠳᠡᠯᠭᠡᠷ ᠪᠠᠢᠨ᠎ᠠ᠃ ᠡᠭᠦᠨ᠎ᠳᠦ᠂ ᠠᠵᠤ ᠠᠬᠤᠢᠯᠠᠯ᠎ᠤᠨ ᠠᠵᠢᠯᠲᠠᠨ ᠠᠵᠢᠯᠴᠢᠨ ᠪᠠ ᠪᠤᠰᠤᠳ ᠬᠥᠳᠡᠯᠮᠦᠷᠢᠴᠢᠨ 27 ᠨᠡᠷᠡᠰ ᠪᠠᠢᠵᠤ᠂ ᠶᠡᠷᠦᠩᠬᠡᠢ ᠲᠣᠭᠠᠨ᠎ᠤ 45% ᠵᠢ ᠡᠵᠡᠯᠡᠨ᠎ᠡ᠂ ᠠᠵᠤ ᠠᠬᠤᠢᠯᠠᠯ᠎ᠤᠨ ᠡᠮᠦᠨ᠎ᠡ ᠹᠷᠣᠨᠲ᠎ᠤᠨ ᠠᠵᠢᠯᠴᠢᠨ ᠪᠠ ᠲᠤᠰᠭᠠᠶ ᠮᠡᠷᠭᠡᠵᠢᠯ᠎ᠦᠨ ᠠᠵᠢᠯᠲᠠᠨ 23 ᠨᠡᠷᠡᠰ᠂ ᠠᠵᠤ ᠠᠬᠤᠢᠯᠠᠯ᠎ᠤᠨ ᠬᠠᠷᠢᠭᠤᠴᠠᠯᠭᠠᠲᠠᠨ (ᠪᠣᠳᠠᠲᠠᠶ ᠡᠵᠡᠮᠳᠡᠭ᠌ᠴᠢ) 4 ᠨᠡᠷᠡᠰ ᠪᠠᠭᠲᠠᠨ᠎ᠠ; ᠮᠠᠯᠴᠢᠨ ᠲᠠᠷᠢᠶᠠᠴᠢᠨ 13 ᠨᠡᠷᠡᠰ ᠪᠠᠢᠵᠤ᠂ ᠶᠡᠷᠦᠩᠬᠡᠶ ᠲᠣᠭᠠᠨ᠎ᠤ 21.7%᠎ᠶ᠋ᠢ ᠡᠵᠡᠯᠡᠪᠡ; ᠪᠠᠢᠭᠤᠯᠭ᠎ᠠ ᠠᠵᠢᠯ ᠦᠢᠯᠡᠰ᠎ᠦᠨ ᠨᠢᠭᠡᠴᠢ᠎ᠶ᠋ᠢᠨ ᠠᠵᠢᠯᠲᠠᠨ 20 ᠨᠡᠷᠡᠰ ᠪᠠᠢᠵᠤ᠂ ᠶᠡᠷᠦᠩᠬᠡᠢ ᠲᠣᠭᠠᠨ᠎ᠤ 33.3%᠎ᠶ᠋ᠢ ᠡᠵᠡᠯᠡᠪᠠ᠃

ᠬᠥᠬᠢᠭᠦᠯᠦᠨ ᠰᠠᠢᠱᠢᠶᠠᠬᠤ ᠶᠡᠬᠡ ᠬᠤᠷᠠᠯ ᠳᠡᠭᠡᠷ᠎ᠡ᠂ ᠱᠢᠯᠢ᠎ᠶ᠋ᠢᠨ ᠭᠣᠣᠯ ᠠᠢᠮᠠᠭ᠎ᠤᠨ ᠵᠡᠭᠦᠨ ᠦᠵᠦᠮᠦᠴᠢᠨ ᠬᠣᠱᠢᠭᠤᠨ ᠎ᠤ ᠬᠠᠲᠠᠪᠴᠢ ᠪᠠᠯᠭᠠᠰᠤᠨ᠎ᠤ ᠱᠠᠩᠳᠤ ᠭᠠᠴᠠᠭᠠᠨ᠎ᠤ ᠵᠦᠪᠯᠡᠯ᠎ᠤᠨ ᠭᠡᠱᠢᠭᠦᠨ ᠡᠷᠳᠡᠨᠢᠳᠠᠯᠠᠢ᠂ ᠳᠤᠮᠳᠠᠳᠤ ᠤᠯᠤᠰ᠎ᠤᠨ ᠴᠡᠷᠢᠭ᠎ᠦᠨ ᠵᠡᠪᠰᠡᠭ᠎ᠦᠨ ᠠᠵᠤ ᠦᠢᠯᠡᠳᠪᠦᠷᠢ᠎ᠶ᠋ᠢᠨ ᠪᠦᠯᠦᠭ᠌ᠯᠡᠯ᠎ᠦᠨ ᠤᠮᠠᠷᠠᠲᠤ᠎ᠶ᠋ᠢᠨ ᠬᠦᠨᠳᠦ ᠠᠵᠤ ᠦᠢᠯᠡᠳᠪᠦᠷᠢ᠎ᠶ᠋ᠢᠨ ᠪᠦᠯᠦᠭ᠌ᠯᠡᠯ᠎ᠦᠨ ᠪᠠᠲᠤᠯᠠᠨ ᠬᠠᠮᠠᠭᠠᠯᠠᠯᠲᠠ᠎ᠶ᠋ᠢᠨ ᠠᠵᠢᠯ ᠦᠢᠯᠡᠰ᠎ᠦᠨ ᠬᠡᠯᠲᠡᠰ᠎ᠦᠨ ᠲᠤᠨᠤᠭ ᠲᠥᠬᠥᠭᠡᠷᠦᠮᠵᠢ᠎ᠶ᠋ᠢ ᠰᠡᠯᠪᠢᠨ ᠵᠠᠰᠠᠬᠤ ᠲᠥᠪ᠎ᠦᠨ ᠴᠠᠬᠢᠯᠭᠠᠨ᠎ᠤ ᠠᠵᠢᠯᠴᠢᠨ ᠯᠢᠶᠣᠤ ᠯᠢ ᠵᠢᠦᠸᠠᠨ ᠪᠦᠬᠦ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ᠎ᠶ᠋ᠢᠨ ᠬᠤᠪᠢ᠎ᠪᠠᠷ ᠲᠠᠢᠰᠠᠨ᠎ᠳᠤ ᠭᠠᠷᠴᠤ᠌ ᠱᠠᠩᠨᠠᠯ ᠲᠤᠰᠪᠠ᠃ ᠬᠤᠷᠠᠯ᠎ᠤᠨ ᠲᠠᠷᠠᠭ᠎ᠠ᠂ ᠡᠷᠳᠡᠨᠢᠳᠠᠯᠠᠢ ᠢᠷᠠᠭᠤ ᠠᠯᠳᠠᠷ᠎ᠤᠨ ᠦᠨᠡᠮᠯᠡᠯ᠎ᠢᠶᠡᠨ ᠪᠠᠷᠢᠵᠤ᠄ 《ᠡᠨᠡ ᠬᠦ᠌ ᠢᠷᠠᠭᠤ ᠠᠯᠳᠠᠷ ᠪᠣᠯ ᠨᠠᠮ᠎ᠤᠨ ᠲᠥᠪ ᠬᠣᠷᠢᠶ᠎ᠠ᠂ ᠲᠦᠷᠦ᠎ᠶᠢᠨ ᠶᠠᠪᠤᠳᠠᠯ᠎ᠤᠨ ᠬᠣᠷᠢᠶ᠎ᠠ᠎ᠡᠴᠡ ᠦᠨᠳᠦᠰᠦᠨ ᠱᠠᠲᠤᠨ᠎ᠤ ᠠᠷᠠᠳ ᠤᠯᠠᠨ᠎ᠳᠤ ᠥᠭᠭᠦᠭᠰᠡᠨ ᠭᠦᠨ ᠵᠤᠵᠠᠭᠠᠨ ᠬᠠᠢᠷ᠎ᠠ ᠬᠠᠯᠠᠮᠵᠢ ᠪᠣᠯᠣᠨ᠎ᠠ᠃ 〈ᠪᠦᠬᠦ ᠤᠯᠤᠰ᠎ᠤᠨ ᠬᠥᠳᠡᠯᠮᠦᠷᠢ ᠎ᠶᠢᠨ ᠵᠢᠱ᠌ᠢᠶᠡᠴᠢ〉 ᠶ᠋ᠢᠨ ᠢᠷᠠᠭᠤ ᠠᠯᠳᠠᠷ ᠎ᠢ ᠭᠥᠷᠳᠡᠭᠰᠡᠨ᠎ᠳᠡᠭᠡᠨ ᠪᠢ ᠲᠤᠢᠯ᠎ᠢᠶᠠᠷ ᠰᠡᠳᠬᠢᠯ ᠳᠣᠭᠳᠣᠯᠵᠤ ᠪᠠᠢᠭ᠎ᠠ ᠪᠥᠭᠡᠳ ᠬᠠᠷᠢᠭᠤᠴᠠᠯᠭ᠎ᠠ ᠬᠦᠨᠳᠦ ᠭᠡᠳᠡᠭ ᠎ᠢ ᠴᠦ᠍ ᠭᠦᠨ ᠣᠢᠯᠠᠭᠠᠵᠤ ᠪᠠᠢᠨ᠎ᠠ᠃ ᠪᠢ ᠯᠠᠪᠳᠠᠶ᠎ᠠ ᠢᠷᠠᠭᠤ ᠠᠯᠳᠠᠷ᠎ᠢᠶᠠᠨ ᠬᠤᠪᠢ ᠲᠠᠬᠢᠨ ᠨᠠᠨᠳᠢᠩᠨᠠᠵᠤ᠂ ᠲᠠᠯ᠎ᠠ ᠨᠤᠲᠤᠭ᠎ᠢᠶᠠᠨ ᠰᠠᠢᠲᠤᠷ ᠰᠠᠬᠢᠨ ᠬᠠᠮᠠᠭᠠᠯᠠᠵᠤ᠂ ᠦᠨᠳᠦᠰᠦᠲᠡᠨ᠎ᠨᠦᠭᠦᠳ᠎ᠦᠨ ᠤᠯᠠᠨ ᠲᠦᠮᠡᠨ᠎ᠲᠠᠢ ᠬᠠᠷᠢᠯᠴᠠᠵᠤ ᠦᠢᠯᠡᠴᠢᠯᠡᠬᠦ ᠡᠨᠡ ᠬᠦ᠌ ᠠᠵᠢᠯ ᠎ᠢ ᠰᠠᠢᠲᠤᠷ ᠬᠦᠢᠴᠡᠤᠨᠬᠡᠵᠤ᠂ ᠬᠠᠮᠲᠤ ᠪᠠᠷ ᠬᠢᠯᠢ ᠬᠢᠵᠠᠭᠠᠷ᠎ᠢᠶᠠᠨ ᠰᠠᠢᠲᠤᠷ ᠪᠦᠲᠦᠭᠡᠨ ᠪᠠᠢᠭᠤᠯᠵᠤ᠂ ᠡᠬᠡ ᠤᠯᠤᠰ᠎ᠤᠨ ᠤᠮᠠᠷᠠᠲᠤ ᠬᠢᠯᠢ᠎ᠶᠢᠨ ᠡᠨᠡ ᠬᠦ᠌ ᠦᠵᠡᠰᠬᠦᠯᠡᠩᠲᠦ ᠰᠠᠢᠬᠠᠨ ᠦᠵᠡᠮᠵᠢ᠎ᠶᠢᠨ ᠣᠷᠣᠨ᠎ᠢᠶᠠᠨ ᠰᠠᠢᠲᠤᠷ ᠰᠠᠬᠢᠨ ᠬᠠᠮᠠᠭᠠᠯᠠᠨ᠎ᠠ》 ᠭᠡᠵᠦ ᠰᠡᠳᠬᠢᠯ ᠳᠣᠭᠳᠣᠯᠤᠨ ᠬᠡᠯᠡᠪᠡ᠃

《ᠰᠢᠨ᠎ᠡ ᠴᠠᠭ ᠦᠶ᠎ᠡ᠎ᠶᠢᠨ ᠠᠵᠤ ᠦᠢᠯᠡᠰ᠎ᠦᠨ ᠠᠵᠢᠯᠴᠢᠨ ᠪᠣᠯᠤᠭᠰᠠᠨ᠎ᠤ ᠬᠤᠪᠢ᠎ᠳᠤ᠂ 〈ᠪᠦᠬᠦ ᠤᠯᠤᠰ᠎ᠤᠨ ᠬᠥᠳᠡᠯᠮᠦᠷᠢ᠎ᠶᠢᠨ ᠵᠢᠱ᠌ᠢᠶᠡᠴᠢ〉 ᠵᠢᠨ ᠢᠷᠠᠭᠤ ᠠᠯᠳᠠᠷ ᠎ᠢ ᠬᠦᠷᠳᠡᠬᠦ᠎ᠶᠢᠨ ᠬᠠᠮᠲᠤ ᠲᠠᠢᠰᠠᠨ᠎ᠳᠤ ᠭᠠᠷᠴᠤ ᠱᠠᠩᠨᠠᠯ ᠳᠤᠰᠤᠭᠰᠠᠨ ᠨᠢ ᠮᠢᠨᠤ ᠰᠡᠳᠬᠢᠯ᠎ᠢ ᠳᠣᠭᠳᠣᠯᠤᠭᠤᠯᠤᠨ᠂ ᠲᠤᠢᠯ᠎ᠢᠶᠠᠷ ᠣᠮᠣᠭᠰᠢᠭᠤᠯᠵᠤ᠂ ᠨᠠᠮ ᠪᠣᠯᠣᠨ ᠤᠯᠤᠰ᠎ᠡᠴᠡ ᠠᠵᠢᠯᠴᠢᠨ ᠠᠩᠭᠢ᠎ᠶᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ ᠪᠠᠢᠬᠤ᠎ᠶᠢ ᠭᠦᠨᠵᠡᠭᠡᠢ ᠮᠡᠳᠡᠷᠡᠭᠦᠯᠵᠡᠢ》᠃ ᠯᠢᠶᠣᠤ ᠯᠢ ᠵᠢᠦᠸᠠᠨ᠂ ᠢᠷᠡᠭᠡᠳᠦᠢ᠎ᠳᠦ ᠥᠩᠭᠡᠷᠡᠭᠰᠡᠨ᠎ᠲᠠᠢ᠎ᠪᠡᠨ ᠠᠳᠠᠯᠢ᠎ᠪᠠᠷ ᠬᠥᠳᠡᠯᠮᠦᠷᠢ᠎ᠶᠢᠨ ᠵᠢᠱ᠌ᠢᠶᠡᠴᠢ᠎ᠶᠢᠨ ᠵᠣᠷᠢᠭ᠋ ᠰᠠᠨᠠᠭ᠎ᠠ᠂ ᠬᠥᠳᠡᠯᠮᠦᠷᠢ᠎ᠶᠢᠨ ᠵᠣᠷᠢᠭ᠋ ᠰᠠᠨᠠᠭ᠎ᠠ᠂ ᠤᠷᠠᠨ ᠳᠠᠷᠬᠠᠨ᠎ᠤ ᠵᠣᠷᠢᠭ᠋ ᠰᠠᠨᠠᠭ᠎ᠠ᠎ᠶᠢ ᠪᠠᠳᠠᠷᠠᠭᠤᠯᠵᠤ᠂ ᠪᠦᠯᠦᠭᠯᠡᠯ ᠺᠣᠮᠫᠠᠨᠢ᠎ᠶᠢᠨ 《ᠣᠳᠣᠬᠢᠴᠢᠯᠠᠭᠰᠠᠨ ᠴᠡᠷᠢᠭ᠎ᠦᠨ ᠵᠡᠪᠰᠡᠭ᠎ᠦᠨ ᠠᠵᠤ ᠦᠢᠯᠡᠳᠪᠦᠷᠢ᠎ᠶᠢ ᠪᠦᠬᠦ ᠲᠠᠯ᠎ᠠ᠎ᠪᠠᠷ ᠪᠦᠲᠦᠭᠡᠨ ᠪᠠᠢᠭᠤᠯᠵᠤ᠂ ᠪᠦᠬᠦ ᠪᠥᠮᠪᠥᠷᠴᠡᠭ᠎ᠦᠨ ᠥᠷᠢᠰᠦᠯᠳᠦᠬᠦ ᠬᠦᠴᠦᠨ ᠪᠦᠬᠦᠢ ᠳᠡᠯᠡᠬᠡᠢ᠎ᠶᠢᠨ ᠲᠡᠷᠢᠭᠦᠨ᠎ᠦ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠪᠦᠯᠦᠭᠯᠡᠯ᠎ᠢ ᠪᠠᠶ᠋ᠢᠭᠤᠯᠬᠤ》 ᠬᠠᠷᠠᠯᠲᠠ᠎ᠶᠢ ᠪᠡᠶᠡᠯᠡᠭᠦᠯᠬᠦ᠎ᠳᠦ ᠨᠡᠩ ᠶᠡᠬᠡ ᠰᠢᠨ᠎ᠡ ᠬᠤᠪᠢ ᠨᠡᠮᠡᠷᠢ ᠦᠵᠡᠭᠦᠯᠦᠨ᠎ᠡ ᠭᠡᠵᠦ ᠢᠯᠡᠳᠬᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号