ᠤᠮᠠᠷᠠᠲᠤ ᠬᠢᠯᠢ᠎ᠶ᠋ᠢᠨ ᠲᠠᠯ᠎ᠠ ᠨᠤᠲᠤᠭ᠎ᠲᠤ ᠵᠠᠯᠠᠭᠤ ᠨᠠᠰᠤᠨ᠎ᠤ ᠭᠡᠷᠡᠯ ᠭᠢᠯᠪᠠᠭ᠎ᠠ᠎ᠪᠠᠨ ᠰᠠᠴᠤᠷᠠᠭᠤᠯᠤᠨ᠎ᠠ
2025-05-11 16:38:29
ᠵᠣᠬᠢᠶᠠᠭ᠍ᠴᠢ᠄
ᠬᠤᠸᠠᠩ ᠹᠦ᠋ ᠮᠧᠶ ᠱᠢᠶᠠᠨ
ᠣᠩᠱᠢᠭ᠍ᠰᠠᠨ ᠣᠳᠠᠭ᠎ᠠ᠄
★★★☆☆

ᠡᠨᠡ ᠵᠢᠯ᠎ᠦᠨ 《5·4》 ᠤ᠋ ᠵᠠᠯᠠᠭᠤᠴᠤᠳ᠎ᠤᠨ ᠪᠠᠶᠠᠷ ᠨᠢ ᠤᠯᠠᠭᠠᠨᠴᠠᠪ ᠬᠤᠳᠠ᠎ᠶ᠋ᠢᠨ ᠳᠥᠷᠪᠡᠳ ᠬᠣᠱᠢᠭᠤᠨ᠎ᠤ ᠬᠢᠷᠰᠠᠳᠠᠢ ᠪᠠᠯᠭᠠᠰᠤᠨ᠎ᠳᠤ ᠦᠢᠯᠡᠴᠢᠯᠡᠵᠦ ᠪᠠᠢᠭ᠎ᠠ 《2000 ᠤᠨ ᠡᠴᠡ ᠰᠡᠭᠦᠯᠡᠷ ᠳᠦᠷᠦᠭᠰᠡᠨ》 ᠪᠠᠷᠠᠭᠤᠨ ᠣᠷᠣᠨ᠎ᠤ ᠲᠥᠯᠥᠪᠯᠡᠭᠡ᠎ᠶ᠋ᠢᠨ ᠰᠠᠢ᠌ᠨ ᠳᠤᠷ᠎ᠠ᠎ᠶ᠋ᠢᠨ ᠠᠵᠢᠯᠯᠠᠭ᠍ᠴᠢ ᠵᠠᠩ ᠵᠢᠶᠦ᠋ᠨ᠎ᠳᠦ ᠠᠪᠴᠤ᠌ ᠬᠡᠯᠡᠪᠡᠯ ᠨᠢᠭᠡᠨ ᠣᠨᠴᠠᠭᠠᠢ ᠪᠠᠶᠠᠷ᠎ᠤᠨ ᠡᠳᠦᠷ ᠪᠣᠯᠤᠨ᠎ᠠ᠃ ᠲᠥᠪ᠎ᠦᠨ ᠲᠧᠯᠸᠢᠰ ᠬᠤᠷᠢᠶ᠎ᠠ ᠵᠢᠨ ᠰᠣᠨᠢᠨ ᠮᠡᠳᠡᠭᠡᠨ᠎ᠦ ᠰᠤᠪᠠᠭ ᠵᠢᠨᠷ ᠨᠡᠪᠲᠡᠷᠡᠬᠥᠯᠥᠭᠰᠡᠨ ᠲᠡᠭᠦᠨ᠎ᠦ ᠲᠤᠬᠠᠶ ᠲᠤᠰᠭᠠᠶ ᠰᠤᠷᠪᠤᠯᠵᠢᠯᠠᠭ᠎ᠠ ᠨᠢ ᠲᠡᠭᠦᠨ᠎ᠤ ᠬᠠᠮᠤᠭ᠎ᠤᠨ ᠲᠤᠷᠠᠰᠬᠠᠯ ᠲᠠᠢ ᠪᠠᠶᠠᠷ᠎ᠤᠨ ᠡᠳᠦᠷ᠎ᠦᠨ ᠪᠡᠯᠡᠭ ᠪᠤᠯᠤᠭᠰᠠᠨ ᠪᠠᠢᠨ᠎ᠠ᠃

ᠡᠨᠡ ᠵᠢᠯ 24 ᠨᠠᠰᠤᠲᠠᠢ ᠵᠠᠩ ᠵᠢᠶᠦ᠋ᠨ ᠪᠣᠯ ᠱᠠᠨ ᠰᠢ ᠮᠤᠵᠢ᠎ᠶ᠋ᠢᠨ ᠶᠠᠩ ᠴᠢᠤᠸᠠᠨ ᠬᠤᠳᠠ᠎ᠶ᠋ᠢᠨ ᠬᠥᠮᠦᠨ᠂ 2024 ᠣᠨ᠎ᠤ 7 ᠰᠠᠷ᠎ᠠ᠎ᠳᠤ ᠯᠢᠦᠵᠧᠦ᠍᠎ᠶ᠋ᠢᠨ ᠠᠵᠤ ᠦᠢᠯᠡᠳᠪᠦᠷᠢ᠎ᠶ᠋ᠢᠨ ᠳᠡᠭᠡᠳᠦ ᠰᠤᠷᠭᠠᠭᠤᠯᠢ᠎ᠡᠴᠡ ᠲᠡᠭᠦᠰᠪᠡ᠂ ᠲᠤᠰ ᠵᠢᠯ᠎ᠦᠨ 8 ᠰᠠᠷ᠎ᠠ᠎ᠳᠤ᠂ ᠲᠡᠷᠡ ᠤᠯᠤᠰ᠎ᠤᠨ ᠤᠷᠢᠶᠠᠯᠠᠭ᠎ᠠ᠎ᠶ᠋ᠢ ᠢᠳᠡᠪᠬᠢᠲᠡᠢ ᠴᠤᠤᠷᠢᠶᠠᠲᠤᠨ ᠪᠠᠷᠠᠭᠤᠨ ᠣᠷᠣᠨ᠎ᠳᠤ ᠬᠦᠷᠴᠦ᠍᠂ ᠦᠨᠳᠦᠰᠦᠨ ᠱᠠᠲᠤᠨ᠎ᠳᠤ ᠭᠦᠨᠵᠡᠭᠡᠢᠷᠡᠨ᠂ ᠳᠥᠷᠪᠡᠳ ᠬᠣᠱᠢᠭᠤᠨ᠎ᠤ ᠬᠢᠷᠰᠠᠳᠠᠢ ᠪᠠᠯᠭᠠᠰᠤᠨ᠎ᠳᠤ ᠢᠷᠡᠭᠰᠡᠨ ᠪᠠᠢᠨ᠎ᠠ᠃

ᠡᠨᠡ ᠵᠢᠯ᠎ᠦᠨ 4 ᠰᠠᠷ᠎ᠠ᠎ᠶ᠋ᠢᠨ ᠡᠬᠢ᠎ᠪᠡᠷ᠂ ᠰᠤᠷᠪᠤᠯᠵᠢᠯᠠᠭ᠍ᠴᠢ ᠵᠠᠩ ᠵᠢᠶᠦ᠋ᠨ᠎ᠢ ᠰᠤᠷᠪᠤᠯᠵᠢᠯᠠᠬᠤ ᠦᠶ᠎ᠡ᠎ᠳᠦ᠂ ᠲᠡᠷᠡ ᠶᠠᠭ ᠳᠥᠷᠪᠡᠳ ᠬᠣᠱᠢᠭᠤᠨ᠎ᠤ ᠬᠢᠷᠰᠠᠳᠠᠢ ᠪᠠᠯᠭᠠᠰᠤᠨ᠎ᠤ ᠨᠠᠰᠤᠵᠢᠯ᠎ᠤᠨ ᠠᠰᠠᠷᠠᠮᠵᠢ᠎ᠶ᠋ᠢᠨ ᠦᠶ᠋ᠯᠡᠴᠢᠯᠡᠭᠡᠨ᠎ᠦ ᠲᠥᠪ᠎ᠲᠦ ᠡᠮᠴᠢᠯᠡᠬᠡᠨ ᠎ᠤ ᠪᠠᠲᠤᠯᠠᠭ᠎ᠠ ᠵᠢᠨ ᠲᠥᠷᠥ᠎ᠶ᠋ᠢᠨ ᠪᠣᠳᠣᠯᠭ᠎ᠠ᠎ᠶ᠋ᠢ ᠤᠬᠠᠭᠤᠯᠵᠤ᠂ ᠨᠠᠰᠤᠲᠠᠨ᠎ᠳᠤ APP ᠎ᠶ᠋ᠢ ᠬᠡᠷᠡᠭ᠌ᠯᠡᠬᠦ᠌ ᠠᠷᠭ᠎ᠠ ᠵᠢ ᠵᠢᠭᠠᠵᠤ ᠦᠭᠴᠦ ᠪᠠᠢᠪᠠ᠃

《ᠠᠪᠠᠭ᠎ᠠ ᠡ᠂ ᠮᠢᠨᠦ᠍ ᠰᠠᠶᠢ᠎ᠶ᠋ᠢᠨ ᠲᠠᠨ᠎ᠳᠤ ᠤᠩᠱᠢᠵᠤ ᠥᠭ᠌ᠭᠦᠭ᠌ᠰᠡᠨ ᠡᠮᠴᠢᠯᠡᠭᠡᠨ᠎ᠤ ᠪᠠᠳᠤᠯᠠᠭ᠎ᠠ᠎ᠶᠢᠨ ᠲᠥᠷᠥ᠎ᠶ᠋ᠢᠨ ᠪᠣᠳᠣᠯᠭ᠎ᠠ᠎ᠶ᠋ᠢ ᠲᠠ ᠣᠢᠯᠠᠭᠠᠭ᠍ᠰᠠᠨ ᠦᠦ?》᠂ 《ᠲᠠ ᠵᠠᠪᠠᠯ ᠴᠠᠭ᠎ᠲᠠᠭᠠᠨ ᠡᠮᠴᠢᠯᠡᠭᠡᠨ᠎ᠤ ᠪᠠᠳᠤᠯᠠᠭ᠎ᠠ᠎ᠳᠤ ᠣᠷᠣᠯᠴᠠᠬᠤ ᠬᠡᠷᠡᠭ᠌ᠲᠡᠶ ᠰᠢᠦ᠂ ᠢᠩᠭᠢᠪᠡᠯ ᠲᠠ ᠤᠳᠠᠭᠠᠨ ᠴᠢᠨᠠᠷᠲᠠᠶ ᠡᠪᠡᠳᠴᠢᠨ᠎ᠢᠶᠡᠨ ᠡᠮᠨᠡᠭᠦᠯᠬᠦ᠌ ᠬᠤᠭᠤᠴᠠᠭᠠᠨ᠎ᠳᠤ ᠤᠯᠤᠰ᠎ᠤᠨ ᠬᠣᠯᠪᠣᠭ᠍ᠳᠠᠯ ᠪᠥᠬᠥᠶ ᠨᠥᠬᠥᠪᠥᠷᠢ᠎ᠶ᠋ᠢᠨ ᠲᠥᠷᠥ᠎ᠶ᠋ᠢᠨ ᠪᠣᠳᠣᠯᠭ᠎ᠠ ᠵᠢᠨ ᠬᠠᠷᠠᠭᠠᠯᠵᠠᠯ ᠎ᠢ ᠭᠥᠷᠳᠡᠵᠦ᠍ ᠪᠣᠯᠤᠨ᠎ᠠ》᠂ 《ᠲᠠ ᠨᠠᠰᠤ ᠠᠭᠢᠭ᠍ᠰᠠᠨ ᠪᠣᠯᠬᠣᠷ ᠪᠢ ᠲᠠᠨ᠎ᠳᠤ APP ᠎ᠶ᠋ᠢ ᠬᠡᠷᠡᠭ᠌ᠯᠡᠬᠦ᠌ ᠶᠠᠪᠤᠴᠠ᠎ᠶ᠋ᠢ ᠵᠢᠭᠠᠵᠤ ᠥᠭ᠌ᠭᠦᠶ᠎ᠡ᠂ ᠲᠠ ᠴᠡᠭᠡᠵᠢᠯᠡᠵᠦ᠍ ᠳᠡᠢᠯᠬᠦ᠌ ᠥᠬᠡᠶ ᠪᠣᠯ ᠨᠠᠳᠠ᠎ᠳᠤ ᠤᠲᠠᠰᠤᠳᠠᠭᠠᠷᠠᠶ》᠃

76 ᠨᠠᠰᠤᠲᠠᠢ ᠲᠣᠰᠭᠣᠨ᠎ᠤ ᠠᠷᠠᠳ ᠲᠢᠶᠠᠨ ᠱᠧᠩ᠄ 《ᠵᠠᠩ ᠵᠢᠶᠦ᠋ᠨ  ᠦᠨᠡᠬᠡᠷ ᠰᠠᠢ᠌ᠨ ᠬᠡᠤᠬᠡᠨ ᠰᠢᠤ ᠂ ᠨᠠᠰᠤᠲᠠᠢᠴᠤᠳ᠎ᠪᠢᠳᠠᠨ᠎ᠳᠤ ᠮᠠᠰᠢ ᠬᠠᠯᠠᠭᠤᠮᠰᠤᠭ ᠬᠠᠨᠳᠤᠳᠠᠭ ᠁》 ᠭᠡᠵᠦ᠍  ᠰᠠᠢᠱᠢᠶᠠᠨ ᠬᠡᠯᠡᠪᠡ᠃

ᠦᠨᠳᠦᠰᠦᠨ ᠱᠠᠲᠤᠨ᠎ᠳᠤ ᠢᠷᠡᠵᠦ ᠠᠵᠢᠯᠯᠠᠭ᠍ᠰᠠᠨ ᠲᠤᠬᠠᠢ ᠪᠠᠨ ᠵᠠᠩ ᠵᠢᠶᠦ᠋ᠨ᠄《ᠡᠨᠳᠡ ᠢᠷᠡᠭ᠌ᠰᠡᠨ ᠠᠩᠬᠠᠨ᠎ᠤ ᠰᠥᠨᠢ᠂ ᠴᠣᠩᠬᠣ᠎ᠪᠠᠨ ᠨᠡᠭᠡᠭᠡᠭᠡᠳ ᠤᠨᠳᠠᠴᠢᠬᠠᠵᠠᠢ᠂ ᠬᠣᠨᠢᠨ ᠬᠣᠷᠭᠣᠯ᠎ᠤᠨ ᠦᠨᠦᠷ ᠲᠤ᠌ ᠮᠠᠰᠢ ᠲᠠᠰᠬᠤ ᠦᠭᠡᠢ ᠪᠠᠢᠵᠠᠢ᠃ ᠭᠡᠷ᠎ᠢᠶᠡᠨ ᠦᠨᠡᠬᠡᠷ ᠰᠠᠨᠠᠯ᠎ᠠ᠂ ᠪᠠᠰᠠ ᠰᠡᠮᠡᠭᠡᠷ ᠤᠬᠢᠯᠠᠵᠤ ᠥᠩᠭᠡᠷᠡᠵᠡᠶ》 ᠭᠡᠵᠡᠢ᠃

ᠵᠠᠩ ᠵᠢᠶᠦ᠋ᠨ᠄ 《 ᠮᠢᠨᠦ᠍ ᠬᠠᠮᠤᠭ᠎ᠤᠨ ᠳᠤᠷᠠᠲᠠᠶ ᠠᠵᠢᠯ ᠪᠣᠯ ᠲᠠᠷᠤᠢ〈ᠪᠠᠷᠢᠭᠠᠳᠠ᠎ᠳᠤ ᠪᠠᠭᠤᠬᠤ〉 ᠶᠠᠪᠤᠳᠠᠯ ᠪᠣᠯᠤᠨ᠎ᠠ ᠂ ᠱᠢᠶᠠᠩ ᠪᠠᠯᠭᠠᠰᠤ᠂ ᠲᠣᠰᠭᠣᠨ᠎ᠤ ᠨᠠᠮ᠎ᠤᠨ ᠬᠣᠷᠢᠶ᠎ᠠ᠂ ᠲᠣᠰᠭᠣᠨ᠎ᠳᠤ ᠰᠠᠭᠤᠭ᠎ᠠ ᠠᠵᠢᠯᠯᠠᠬᠤ ᠠᠩᠭᠢ᠎ᠶ᠋ᠢᠨ ᠺᠠᠳ᠋ᠷᠴᠤᠳ᠎ᠢ ᠳᠠᠭᠠᠵᠤ ᠠᠢᠯ ᠡᠷᠦᠬᠡ᠎ᠳᠦ ᠣᠴᠢᠪᠠᠯ ᠰᠠᠶᠢ〈 ᠦᠨᠳᠦᠰᠦᠨ ᠱᠠᠲᠤᠨ᠎ᠳᠤ ᠦᠨᠳᠦᠰᠦᠯᠡᠵᠦ᠍ ᠂ ᠠᠷᠠᠳ ᠲᠦᠮᠡᠨ᠎ᠳᠦ ᠦᠶ᠋ᠯᠡᠴᠢᠯᠡᠬᠦ᠌ 〉 ᠭᠡᠳᠡᠭ᠎ᠢ ᠨᠠᠩ ᠭᠦᠨᠵᠡᠭᠡᠶ ᠣᠢᠯᠠᠭᠠᠵᠤ ᠴᠢᠳᠠᠨ᠎ᠠ》 ᠭᠡᠪᠡ᠃

《ᠣᠯᠠᠨ ᠲᠦᠮᠡᠨ᠎ᠦ ᠰᠠᠨᠠᠯ᠎ᠢ ᠰᠣᠨᠣᠰᠤᠨ᠂ ᠣᠯᠠᠨ ᠲᠦᠮᠡᠨ᠎ᠦ ᠬᠦᠴᠢᠷ ᠠᠰᠠᠭᠤᠳᠠᠯ᠎ᠢ ᠰᠢᠢᠳᠪᠦᠷᠢᠯᠡᠵᠦ᠂ ᠣᠯᠠᠨ ᠲᠦᠮᠡᠨ᠎ᠦ ᠪᠠᠴᠢᠮᠳᠠᠵᠤ ᠪᠠᠢᠭ᠎ᠠ ᠶᠠᠪᠤᠳᠠᠯ᠎ᠳᠤ ᠪᠠᠴᠢᠮᠳᠠᠵᠤ᠂ ᠣᠯᠠᠨ ᠲᠦᠮᠡᠨ᠎ᠦ ᠪᠤᠳᠤᠵᠤ ᠪᠠᠢᠭ᠎ᠠ ᠵᠦᠢᠯ᠎ᠢ ᠪᠤᠳᠤᠵᠤ᠂ ᠠᠷᠠᠳ᠎ᠲᠤ ᠠᠰᠢᠭ᠋ ᠬᠦᠷᠲᠡᠭᠡᠬᠦ ᠪᠣᠳᠠᠲᠤ ᠶᠠᠪᠤᠳᠠᠯ ᠬᠢᠬᠦ ᠪᠣᠯᠣᠨ ᠣᠯᠠᠨ ᠲᠦᠮᠡᠨ᠎ᠦ ᠵᠢᠷᠭᠠᠯᠲᠤ ᠢᠨᠢᠶᠡᠳᠦ ᠪᠣᠯ ᠨᠠᠳᠠ᠎ᠳᠤ ᠥᠭᠭᠦᠭᠰᠡᠨ ᠬᠠᠮᠤᠭ᠎ᠤᠨ ᠶᠡᠬᠡ ᠵᠣᠷᠢᠭ᠍ᠵᠢᠭᠤᠯᠤᠯ ᠮᠥᠨ!》᠃

ᠰᠤᠷᠪᠤᠯᠵᠢᠯᠠᠭ᠍ᠴᠢ ᠵᠠᠩ ᠵᠢᠶᠦ᠋ᠨ ᠎ᠲᠠᠢ ᠶᠠᠷᠢᠯᠴᠠᠵᠦ ᠪᠠᠢᠬᠤ᠎ᠳᠦ᠂ ᠭᠢᠷᠰᠡᠲᠡᠢ ᠪᠠᠯᠭᠠᠰᠤᠨ᠎ᠤ ᠠᠷᠠᠳ᠎ᠤᠨ ᠶᠠᠪᠤᠳᠠᠯ᠎ᠤᠨ ᠲᠤᠰᠠᠯᠠᠭ᠍ᠴᠢ ᠯᠢᠶᠠᠩ ᠵᠦᠩ ᠶᠦᠩ ᠣᠷᠣᠵᠤ ᠢᠷᠡᠭᠡᠳ᠄ 《ᠶᠠᠭᠠᠷᠠᠤ ᠪᠠᠢᠨ᠎ᠠ ᠤᠤ?》 ᠭᠡᠵᠤ ᠵᠠᠩ ᠵᠢᠶᠦᠢ᠍ᠨ ᠡᠴᠡ ᠠᠰᠠᠭᠤᠪᠠ᠃

《ᠭᠠᠢᠭᠤᠢ᠂ ᠯᠢᠶᠠᠩ ᠠᠬ᠎ᠠ ᠲᠠ ᠶᠠᠮᠠᠷ ᠤᠴᠢᠷ᠎ᠲᠠᠢ ᠪᠤᠢ?》᠂ 《ᠲᠤᠮᠤ ᠤᠴᠢᠷ ᠴᠦ᠍ ᠪᠢᠰᠢ᠂ ᠴᠢᠨᠦ ᠲᠡᠷᠡ〈ᠪᠠᠭ᠎ᠠ ᠡᠭᠦᠳᠦᠯᠲᠡ〉 ᠪᠡᠨ ᠬᠡᠵᠢᠶ᠎ᠡ ᠲᠤᠰᠬᠠᠢ ᠠᠰᠢᠭ᠋᠎ᠤᠨ ᠡᠷᠬᠡ ᠡᠷᠡᠮᠡᠯᠵᠡᠬᠦ ᠭᠡᠵᠦ ᠪᠠᠢᠭ᠎ᠠ ᠶᠤᠮ ᠪᠤᠶ?》 ᠭᠡᠵᠦ ᠯᠢᠶᠠᠩ ᠵᠥᠩ ᠶᠦᠩ ᠢᠨᠢᠶᠡᠨ ᠠᠰᠠᠭᠤᠪᠠ᠃

ᠵᠠᠩ ᠵᠢᠶᠦ᠋ᠨ᠄ 《ᠯᠢᠶᠠᠩ ᠠᠬ᠎ᠠ ᠡ᠂ ᠡᠨᠡ ᠬᠡᠳᠦᠨ ᠡᠳᠦᠷ ᠪᠠᠯᠭᠠᠰᠤᠨ᠎ᠤ ᠠᠵᠢᠯ ᠲᠠᠨᠭᠴᠢ ᠣᠯᠠᠨ᠂ ᠡᠷᠡᠮᠡᠯᠵᠡᠬᠦ ᠵᠠᠪ ᠦᠭᠡᠢ ᠪᠠᠢᠭᠰᠠᠭᠠᠷ》 ᠭᠡᠵᠤ ᠶᠠᠷᠢᠯ᠎ᠠ᠃

《ᠲᠤᠰᠬᠠᠢ ᠠᠰᠢᠭ᠋᠎ᠤᠨ ᠡᠷᠬᠡ ᠭᠡᠨ᠎ᠡ᠎ᠤᠤ? ᠶᠠᠮᠠᠷ 〈ᠪᠠᠭ᠎ᠠ ᠡᠭᠦᠳᠦᠯᠲᠡ〉 ᠪᠤᠢ?》 ᠭᠡᠵᠦ ᠰᠤᠷᠪᠤᠯᠵᠢᠯᠠᠭ᠍ᠴᠢ ᠠᠰᠠᠭᠤᠪᠠ᠃

ᠵᠠᠩ ᠵᠢᠶᠦ᠋ᠨ ᠲᠤᠤᠭᠠᠷᠴᠤ ᠠᠮᠵᠢᠬᠤ᠎ᠡᠴᠡ ᠡᠮᠦᠨ᠎ᠡ ᠯᠢᠶᠠᠩ ᠵᠦᠩ ᠶᠦᠩ᠄ 《ᠵᠠᠩ ᠵᠢᠶᠦᠢ᠍ᠨ ᠡᠨᠡ ᠬᠡᠦᠬᠡᠳ ᠠᠵᠢᠯ᠎ᠳᠠᠭᠠᠨ ᠨᠠᠷᠢᠨ ᠬᠢᠨᠠᠮᠠᠭᠠᠢ᠎ᠪᠠᠷ ᠪᠠᠷᠠᠬᠤ ᠦᠭᠡᠢ ᠪᠠᠰᠠ ᠰᠤᠳᠤᠯᠬᠤ ᠳᠤᠷᠠᠲᠠᠢ᠂ ᠲᠡᠷᠡ ᠤᠯᠠᠨ᠎ᠢ ᠲᠠᠭᠠᠵᠤ ᠠᠢᠯ ᠡᠷᠦᠬᠡ᠎ᠪᠡᠷ ᠪᠠᠭᠤᠵᠤ ᠶᠠᠪᠤᠬᠤ ᠦᠶᠡᠰ ᠨᠢᠭᠡᠨ ᠲᠡᠵᠢᠭᠡᠨ ᠦᠷᠡᠵᠢᠭᠦᠯᠬᠦ ᠡᠷᠦᠬᠡ᠎ᠳᠦ ᠪᠠᠴᠢᠮ ᠤᠴᠢᠷ ᠲᠤᠬᠢᠶᠠᠯᠳᠤᠵᠤ ᠬᠤᠳᠠ᠎ᠳᠦ ᠤᠷᠤᠬᠤ ᠴᠢᠬᠤᠯᠠᠲᠠᠢ ᠪᠤᠯᠤᠭᠰᠠᠨ ᠡᠴᠡ ᠬᠣᠨᠢ᠎ᠪᠠᠨ ᠴᠠᠭ᠎ᠲᠠᠭᠠᠨ ᠲᠡᠵᠢᠭᠡᠵᠦ ᠳᠡᠶ᠋ᠢᠯᠬᠦ ᠦᠭᠡᠢ ᠪᠠᠢᠭᠰᠠᠨ᠎ᠢ ᠤᠯᠵᠤ ᠮᠡᠳᠡᠪᠡ᠂ ᠲᠡᠷᠡ ᠨᠢᠭᠡ ᠭᠠᠷᠠᠭ ᠬᠡᠷᠡᠭᠰᠡᠵᠦ 〈ᠠᠤᠢ᠍ᠲ᠋ᠤ᠋ ᠬᠣᠨᠢ ᠲᠡᠵᠢᠭᠡᠬᠦ ᠲᠦᠬᠦᠭᠡᠷᠦᠮᠵᠢ〉 ᠶ᠋ᠢ ᠡᠭᠦᠳᠦᠨ ᠪᠦᠲᠦᠭᠡᠵᠡᠢ᠂ ᠦᠨᠡᠬᠡᠷ ᠰᠠᠢᠨ ᠡᠳ᠋ ᠰᠢᠤ ᠁》 ᠭᠡᠵᠦ ᠳᠣᠭᠳᠣᠯᠤᠨ ᠬᠡᠯᠡᠪᠡ᠃

《ᠦᠨᠡᠬᠡᠷ ᠰᠦᠷᠡᠭᠡᠢ ᠪᠠᠢᠨ᠎ᠠ᠂ ᠪᠢᠳᠡᠨ ᠣᠴᠢᠵᠤ ᠦᠵᠡᠶ᠎ᠡ ᠭᠡᠵᠤ ᠪᠤᠳᠤᠵᠤ ᠪᠠᠢᠨ᠎ᠠ》 ᠭᠡᠵᠦ ᠰᠤᠷᠪᠤᠯᠵᠢᠯᠠᠭ᠍ᠴᠢ ᠬᠦᠭᠰᠡᠨ ᠬᠡᠯᠡᠪᠡ᠃

ᠪᠢᠳᠠ ᠤᠢᠷᠠᠬᠠᠨ ᠨᠢᠭᠡᠨ ᠬᠤᠨᠢᠨ᠎ᠤ ᠫᠸᠩ᠎ᠳᠦ ᠬᠦᠷᠴᠦ᠂ ᠵᠠᠩ ᠵᠢᠶᠦ᠋ᠨ᠎ᠦ 《ᠪᠠᠭ᠎ᠠ ᠡᠭᠦᠳᠦᠯᠲᠡ》 ᠶ᠋ᠢ ᠰᠤᠨᠢᠷᠬᠠᠵᠤ ᠪᠢᠯᠡ᠃

《ᠲᠠ ᠨᠠᠷ᠎ᠤᠨ ᠡᠯᠡᠭ ᠪᠤᠯᠬᠤ ᠨᠢ ᠡ ᠂ 〈ᠪᠠᠭ᠎ᠠ ᠡᠭᠦᠳᠦᠯᠲᠡ〉 ᠳ᠋ᠤ ᠴᠦ᠍ ᠲᠤᠭᠠᠴᠠᠭᠳᠠᠬᠤ ᠦᠭᠡᠢ᠂ ᠪᠢ ᠨᠢᠭᠡ ᠵᠦᠢᠯ᠎ᠦᠨ ᠨᠡᠩ ᠳᠥᠭᠥᠮ ᠳᠥᠲᠡ ᠠᠷᠭ᠎ᠠ ᠵᠢ ᠬᠡᠷᠡᠭᠯᠡᠵᠤ ᠲᠡᠵᠢᠭᠡᠨ ᠦᠷᠡᠵᠢᠭᠦᠯᠬᠦ ᠡᠷᠦᠬᠡ᠎ᠳᠦ ᠨᠡᠩ ᠢᠯᠡᠭᠦᠦ ᠴᠠᠭ ᠪᠠ ᠬᠦᠴᠦᠨ ᠠᠷᠪᠢᠯᠠᠵᠤ ᠦᠭᠬᠦ ᠵᠢ ᠰᠠᠨᠠᠭᠰᠠᠨ ᠶᠤᠮ》᠃ ᠵᠠᠩ ᠵᠢᠶᠦ᠋ᠨ᠂《ᠪᠢ ᠶᠡᠬᠡ ᠰᠤᠷᠭᠠᠭᠤᠯᠢ᠎ᠳᠦ ᠡᠯᠧᠺᠲᠷᠣᠨ ᠮᠡᠳᠡᠭᠡ ᠵᠠᠩᠭᠢ᠎ᠶᠢᠨ ᠢᠨᠵᠧᠨᠧᠷᠢᠩ᠎ᠦᠨ ᠲᠤᠰᠬᠠᠢ ᠮᠡᠷᠭᠡᠵᠢᠯ᠎ᠢ ᠰᠣᠷᠣᠭᠰᠠᠨ ᠶᠤᠮ᠂ ᠡᠨᠳᠡ ᠬᠠᠷᠢᠨ ᠠᠰᠢᠭᠯᠠᠴᠢᠬᠠᠨ᠎ᠠ ᠭᠡᠵᠦ ᠪᠤᠳᠤᠵᠤ ᠣᠯᠣᠭᠰᠠᠨ ᠦᠭᠡᠢ》 ᠭᠡᠪᠡ᠃

《ᠡᠨᠡ ᠨᠢ ᠵᠥᠪᠬᠡᠨ ᠨᠢᠭᠡᠨ ᠲᠦ᠋ᠬᠦᠮᠬᠡᠨ ᠵᠠᠭ᠍ᠪᠤᠷ ᠪᠣᠯᠬᠤ ᠶᠤᠮ᠂ ᠲᠡᠷᠡ ᠨᠢ ᠤᠨᠭᠭᠤᠴᠠ᠂ ᠠᠷᠠᠭᠠᠲᠤ ᠬᠦᠷᠳᠦ᠂ ᠴᠠᠭ ᠲᠣᠭ᠍ᠲᠠᠭᠠᠭᠤᠷ᠎ᠢᠶᠠᠷ ᠪᠦᠷᠢᠯᠳᠦᠵᠡᠢ᠃ ᠲᠡᠵᠢᠭᠡᠨ ᠦᠷᠡᠵᠢᠭᠦᠯᠬᠦ᠌ ᠡᠷᠦᠬᠡ᠎ᠨᠢ ᠤᠨᠭᠭᠤᠴᠠᠨ ᠳᠣᠲᠣᠷ᠎ᠠ ᠪᠣᠷᠳᠣᠭ᠎ᠠ᠎ᠪᠠᠨ ᠬᠢᠵᠦ᠍᠂ ᠳᠠᠷᠠᠭ᠎ᠠ᠎ᠨᠢ ᠬᠣᠨᠢᠨ᠎ᠤ ᠲᠣᠭ᠎ᠠ ᠬᠡᠮᠵᠢᠶ᠎ᠡ᠎ᠶ᠋ᠢ ᠦᠨᠳᠦᠰᠦᠯᠡᠨ ᠠᠷᠭᠠᠲᠤ ᠬᠦᠷᠳᠦᠨ᠎ᠦ ᠬᠤᠷᠳᠤᠴᠠ᠎ᠶ᠋ᠢ ᠲᠣᠭ᠍ᠲᠠᠭᠠᠵᠤ᠂ ᠬᠠᠮᠤᠭ ᠰᠡᠭᠦᠯ᠎ᠳᠦᠨᠢ ᠴᠠᠭ ᠲᠣᠭ᠍ᠲᠠᠭᠠᠭᠤᠷ᠎ᠵᠢᠡᠷ ᠲᠡᠵᠢᠭᠡᠬᠦ᠌  ᠴᠠᠭ᠎ᠢ ᠲᠣᠭ᠍ᠲᠠᠭᠠᠨ᠎ᠠ᠂ ᠢᠩᠭᠢᠪᠡᠯ ᠲᠡᠵᠢᠭᠡᠨ ᠦᠷᠡᠵᠢᠭᠦᠯᠬᠦ᠌ ᠡᠷᠦᠬᠡ᠎ᠶ᠋ᠢᠨ ᠪᠠᠴᠢᠮ ᠤᠴᠢᠷ᠎ᠲᠠᠶ ᠭᠠᠳᠠᠭ᠍ᠰᠢ ᠭᠠᠷᠤᠭᠠᠳ ᠲᠣᠭ᠍ᠲᠠᠭ᠍ᠰᠠᠨ ᠴᠠᠭ᠎ᠲᠠᠭᠠᠨ ᠬᠣᠨᠢ᠎ᠪᠠᠨ ᠲᠡᠵᠢᠭᠡᠵᠦ᠍ ᠳᠡᠢᠯᠬᠦ᠌ ᠥᠬᠡᠶ ᠪᠤᠯᠬᠤ ᠠᠰᠠᠭᠤᠳᠠᠯ᠎ᠢ ᠱᠢᠶ᠋ᠳᠪᠦᠷᠢᠯᠡᠵᠦ᠍ ᠪᠣᠯᠤᠨ᠎ᠠ᠂ ᠪᠠᠰᠠ ᠲᠡᠵᠢᠭᠡᠨ ᠦᠷᠡᠵᠢᠭᠦᠯᠬᠦ᠌ ᠡᠷᠦᠬᠡ᠎ᠶ᠋ᠢᠨ ᠬᠦᠳᠡᠯᠮᠦᠷᠢ ᠬᠦᠴᠦ ᠵᠢ ᠴᠢᠯᠥᠭᠡᠯᠡᠵᠦ᠍᠂ ᠲᠡᠳᠡᠨ᠎ᠢ ᠪᠤᠰᠤᠳ ᠠᠵᠢᠯ᠎ᠢ ᠬᠢᠬᠦ ᠭᠦᠶ᠋ᠴᠡᠳ ᠴᠠᠭ ᠲᠠᠢ ᠪᠤᠯᠭᠠᠨ᠎ᠠ》᠃ ᠵᠠᠩ ᠵᠢᠶᠦ᠋ᠨ᠂ 《ᠦᠶ᠋ᠯᠡᠳᠬᠦ᠌ ᠦᠨ᠎ᠡ ᠨᠢ ᠪᠠᠰᠠ ᠳᠤᠤᠷ᠎ᠠ᠂ 30 ᠬᠣᠨᠢ ᠲᠡᠵᠢᠭᠡᠬᠦ᠌᠎ᠪᠡᠷ ᠪᠤᠳᠤᠪᠠᠯ 500 ᠲᠥᠭᠥᠷᠢᠭ ᠣᠷᠴᠢᠮ ᠬᠡᠷᠡᠭ᠌ᠰᠡᠨ᠎ᠡ》 ᠭᠡᠵᠦ ᠲᠠᠨᠢᠯᠴᠠᠭᠤᠯᠪᠠ᠃

《ᠡᠨᠡ ᠪᠣᠯ ᠳᠥᠭᠥᠮᠬᠡᠨ〈ᠪᠠᠭ᠎ᠠ ᠡᠭᠦᠳᠦᠯᠲᠡ〉 ᠪᠢᠰᠢ ᠱᠢᠤ᠂ ᠬᠡᠷᠪᠡ ᠡᠨᠡ〈ᠠᠦ᠋ᠲ᠋ᠣ᠋ ᠬᠣᠨᠢ ᠲᠡᠵᠢᠭᠡᠬᠦ᠌ ᠪᠠᠭᠠᠵᠢ〉᠎ᠵᠢᠨ ᠲᠥᠬᠥᠭᠡᠷᠦᠮᠵᠢ᠎ᠶ᠋ᠢ ᠱᠢᠯᠢᠳᠡᠭ᠌ᠵᠢᠭᠦᠯᠵᠦ᠍᠂ ᠥᠷᠭᠡᠨ᠎ᠢᠶᠡᠷ ᠳᠡᠯᠭᠡᠷᠡᠭᠦᠯᠪᠡᠯ᠂ ᠬᠣᠨᠢ ᠲᠡᠵᠢᠭᠡᠬᠦ᠌ ᠴᠦ᠍ ᠲᠡᠷᠡ᠂ ᠦᠬᠡᠷ ᠲᠡᠵᠢᠭᠡᠬᠦ᠌ ᠴᠦ᠍ ᠲᠡᠷᠡ᠂ ᠡᠨᠡ ᠨᠢ ᠲᠡᠵᠢᠭᠡᠨ ᠦᠷᠡᠵᠢᠭᠦᠯᠬᠦ᠌ ᠡᠷᠦᠬᠡ᠎ᠶ᠋ᠢᠨ ᠬᠥᠳᠡᠯᠮᠦᠷᠢ᠎ᠶ᠋ᠢᠨ ᠳᠠᠷᠤᠭᠠᠰᠤ᠎ᠶ᠋ᠢ ᠶᠡᠭᠡ ᠭᠡᠮᠵᠢᠶ᠎ᠡ ᠪᠡᠷ ᠬᠥᠩᠭᠡᠷᠡᠭᠦᠯᠤᠨ᠎ᠠ》 ᠭᠡᠵᠦ᠍ ᠳᠥᠷᠪᠡᠳ ᠬᠣᠱᠢᠭᠤᠨ᠎ᠤ ᠡᠪᠯᠡᠯ᠎ᠦᠨ ᠬᠤᠷᠢᠶ᠎ᠠ᠎ᠵᠢᠨ ᠱᠦᠵᠢ ᠵᠤᠤ ᠪᠢᠨ ᠱᠠᠬᠰᠢᠨ ᠰᠠᠢᠱᠢᠶᠠᠵᠦ ᠪᠠᠢᠪᠠ᠃

5 ᠰᠠᠷ᠎ᠠ᠎ᠶ᠋ᠢᠨ 6 ᠎ᠤ᠋ ᠡᠳᠦᠷ᠂ ᠰᠤᠷᠪᠤᠯᠵᠢᠯᠠᠭ᠍ᠴᠢ ᠮᠠᠱᠢᠨ ᠲᠡᠷᠭᠡ᠎ᠪᠡᠷ ᠬᠢᠷᠰᠠᠳᠠᠢ ᠪᠠᠯᠭᠠᠰᠤᠨ᠎ᠤ ᠪᠤᠮᠪᠠ ᠲᠣᠰᠭᠣᠨ᠎ᠤ 《ᠬᠠᠢᠷ᠎ᠠ ᠬᠠᠯᠠᠮᠵᠢ᠎ᠶ᠋ᠢᠨ ᠬᠣᠭᠣᠯᠠᠨ ᠬᠡᠷ》 ᠲᠤ᠌ ᠬᠦᠷᠴᠦ᠍ ᠵᠠᠩ ᠵᠢᠶᠦ᠋ᠨ᠎ᠢ ᠳᠠᠬᠢᠨᠲᠠ ᠰᠤᠷᠪᠤᠯᠵᠢᠯᠠᠪᠠ᠂ ᠲᠡᠷᠡ ᠶᠠᠭ 62 ᠨᠠᠰᠤᠲᠠᠶ ᠾᠧ ᠠᠶ ᠠᠶ᠎ᠲᠠᠶ ᠬᠠᠮᠲᠤ ᠬᠡᠷ᠎ᠲᠡᠬᠡᠨ ᠬᠣᠴᠣᠷᠤᠭ᠍ᠰᠠᠨ 10 ᠭᠠᠷᠤᠶ ᠥᠨᠥᠴᠢᠨ ᠪᠡᠯᠪᠡᠰᠦᠨ ᠨᠠᠰᠤᠲᠠᠨ᠎ᠳᠤ ᠦᠳᠡ᠎ᠶ᠋ᠢᠨ ᠬᠣᠭᠣᠯᠠ ᠬᠢᠵᠦ᠍ ᠥᠭ᠌ᠴᠦ ᠪᠠᠢᠯ᠎ᠠ᠃

《ᠵᠠᠩ ᠵᠢᠶᠦ᠋ᠨ᠎ᠤ ᠪᠠᠯᠭᠠᠰᠤᠨ᠎ᠳᠠᠬᠢ ᠠᠵᠢᠯ ᠶᠡᠷᠦ᠍ ᠨᠢ ᠶᠡᠬᠡ ᠶᠠᠭᠠᠷᠠᠤ ᠪᠠᠶ᠋ᠢᠳᠠᠭ ᠪᠤᠯᠪᠠᠴᠤ ᠦᠷᠭᠦᠯᠵᠢ ᠢᠷᠡᠵᠦ᠍ ᠨᠠᠰᠤᠲᠠᠢᠴᠤᠳ᠎ᠲᠤ ᠬᠣᠭᠣᠯᠠ ᠬᠢᠵᠦ᠍ ᠥᠭ᠌ᠳᠡᠭ᠂  ᠬᠣᠲᠠ᠎ᠶ᠋ᠢᠨ ᠬᠡᠦᠬᠡᠨ ᠪᠠᠢᠭᠠᠳ ᠠᠵᠢᠯ᠎ᠢ ᠪᠤᠵᠠᠷ ᠵᠦᠳᠡᠷᠡᠯᠲᠡᠢ ᠭᠡᠵᠦ ᠭᠤᠯᠤᠬᠤ ᠦᠭᠡᠢ ᠪᠡᠷ ᠬᠢᠨ᠎ᠡ᠂ ᠦᠨᠡᠬᠡᠷ ᠰᠠᠢᠨ ᠬᠡᠤᠬᠡᠨ ᠶᠤᠮ》 ᠭᠡᠵᠦ᠍ ᠾᠧ ᠠᠶ ᠠᠶ ᠵᠠᠩ ᠵᠢᠶᠦ᠋ᠨ᠎ᠢ ᠮᠠᠭ᠍ᠲᠠᠨ ᠰᠠᠢᠱᠢᠶᠠᠵᠤ ᠪᠠᠢᠯ᠎ᠠ᠃

《ᠡᠨᠡ ᠬᠦ᠌ 〈ᠬᠠᠢᠷ᠎ᠠ ᠬᠠᠯᠠᠮᠵᠢ᠎ ᠶ᠋ᠢᠨ ᠬᠣᠭᠣᠯᠠᠨ ᠭᠡᠷ〉᠎ᠢ᠋ ᠮᠠᠨ᠎ᠤ ᠪᠠᠯᠭᠠᠰᠤᠨ᠎ᠤ ᠠᠷᠠᠳ᠎ᠤᠨ ᠶᠠᠪᠤᠳᠠᠯ᠎ᠤᠨ ᠲᠤᠰᠠᠯᠠᠭ᠍ᠴᠢ ᠯᠢᠶᠠᠩ ᠵᠦᠩ ᠶᠦᠩ ᠠᠬ᠎ᠠ ᠵᠣᠬᠢᠶᠠᠨ ᠪᠠᠢᠭᠤᠯᠵᠤ ᠪᠠᠢᠭᠤᠯᠤᠭ᠍ᠰᠠᠨ ᠶᠤᠮ᠂ ᠲᠡᠭᠦᠨ᠎ᠦ ᠬᠠᠢᠷ᠎ᠠ ᠬᠠᠯᠠᠮᠵᠢ ᠨᠢ ᠨᠠᠲᠠ ᠵᠢ ᠨᠦᠯᠦᠭᠡᠯᠡᠨ ᠵᠣᠷᠢᠭ᠍ᠵᠢᠭᠤᠯᠵᠤ ᠪᠠᠢᠨ᠎ᠠ᠂ ᠨᠠᠰᠤᠲᠠᠢᠴᠤᠳ ᠬᠠᠮᠲᠤ ᠬᠣᠭᠣᠯᠠ ᠢᠳᠡᠵᠦ᠍᠂ ᠵᠤᠭᠤᠭ ᠳᠡᠯᠭᠡᠬᠦ ᠨᠢ ᠮᠠᠰᠢ ᠰᠠᠢᠨ ᠶᠤᠮ᠂ ᠬᠢᠵᠦ᠍ ᠳᠡᠢᠯᠬᠦ᠌ ᠶᠠᠪᠤᠳᠠᠯ᠎ᠵᠢᠡᠨ ᠴᠢᠳᠠᠯ᠎ᠤᠨ ᠬᠢᠷᠢ᠎ᠪᠡᠷ᠎ᠢᠶᠡᠨ ᠬᠢᠵᠦ ᠲᠡᠳᠡᠨ᠎ᠢ ᠬᠠᠪᠰᠤᠷᠴᠤ ᠪᠠᠢᠬᠤ ᠳ᠋ᠠᠭᠠᠨ ᠪᠢ ᠮᠠᠰᠢ ᠪᠠᠶᠠᠷᠯᠠᠵᠤ ᠪᠠᠢᠨ᠎ᠠ》 ᠭᠡᠵᠦ᠍ ᠵᠠᠩ ᠵᠢᠶᠦ᠋ᠨ ᠬᠣᠭᠣᠯᠠ ᠪᠠᠵᠠᠭᠠᠬᠤ ᠶ᠋ᠢᠨ ᠳᠠᠭᠠᠤ ᠬᠡᠯᠡᠪᠡ᠃

《 ᠬᠣᠭᠣᠯᠠᠨ ᠭᠡᠷ᠎ᠤᠨ ᠬᠢᠨ  ᠨᠠᠰᠤᠲᠠᠢᠴᠤᠳ᠎ᠲᠤ ᠰᠦᠢᠳᠭᠡᠯ ᠬᠤᠷᠢᠶᠠᠬᠤ ᠦᠭᠡᠢ᠎ᠪᠡᠷ ᠢᠳᠡᠭᠡᠨ ᠤᠮᠳᠠᠭᠠᠨ ᠬᠠᠩᠭᠠᠵᠤ ᠪᠠᠢᠨ᠎ᠠ᠂ ᠮᠠᠨ᠎ᠤ ᠡᠨᠳᠡ ᠨᠠᠰᠤ᠎ᠪᠠᠷ ᠬᠠᠮᠤᠭ᠎ᠤᠨ ᠶᠡᠬᠡ ᠨᠢ 90 ᠨᠠᠰᠤᠲᠠᠢ᠂ ᠬᠠᠮᠤᠭ᠎ᠤᠨ ᠪᠠᠭ᠎ᠠ ᠨᠢ 67 ᠨᠠᠰᠤᠲᠠᠢ᠂ ᠳᠤᠮᠳᠠᠴᠢ ᠨᠠᠰᠤ ᠨᠢ 75 ᠨᠠᠰᠤ ᠪᠣᠯᠤᠨ᠎ᠠ》᠃ ᠡᠨᠡ ᠵᠢᠯ 67 ᠨᠠᠰᠤᠲᠠᠢ ᠷᠧᠨ ᠰᠧ ᠬᠠᠢ᠄《ᠡᠨᠡ ᠬᠡᠳᠦᠨ ᠡᠳᠦᠷ ᠪᠠᠯᠭᠠᠰᠤᠨ᠎ᠤ ᠬᠥᠮᠦᠰ ᠪᠦᠷ ᠵᠠᠩ ᠵᠢᠶᠦ᠋ᠨ ᠲᠧᠯᠸᠢᠰ ᠳᠡᠭᠡᠷ᠎ᠡ ᠭᠠᠷᠤᠭ᠍ᠰᠠᠨ ᠭᠡᠵᠦ᠍ ᠬᠡᠯᠡᠵᠦ᠍ ᠪᠠᠢᠨ᠎ᠠ᠂ ᠪᠢᠳᠡ ᠰᠤᠨᠤᠰᠤᠭᠠᠳ ᠮᠠᠰᠢ ᠪᠠᠶᠠᠷᠯᠠᠵᠠᠭᠠᠯ᠎ᠠ ᠂ ᠬᠣᠲᠠ᠎ᠶ᠋ᠢᠨ ᠬᠡᠦᠬᠡᠳ ᠡᠨᠳᠡ ᠢᠷᠡᠵᠦ᠍ ᠬᠦᠴᠢᠷ ᠵᠣᠪᠠᠯᠠᠩ ᠠᠮᠰᠠᠬᠤ ᠭᠡᠭᠴᠢ ᠠᠮᠠᠷ ᠦᠭᠡᠢ᠂ ᠦᠨᠡᠬᠡᠷ ᠰᠠᠢᠨ ᠬᠡᠦᠬᠡᠳ ᠪᠠᠢᠨ᠎ᠠ》 ᠭᠡᠵᠦ ᠪᠠᠶᠠᠷᠲᠠᠢᠬᠠᠨ ᠬᠡᠯᠡᠪᠡ᠃

ᠵᠠᠩ ᠵᠢᠶᠦ᠋ᠨ᠂ ᠡᠨᠡ ᠬᠦ᠌ 《2000 ᠤᠨ ᠡᠴᠡ ᠰᠡᠭᠦᠯᠡᠷ ᠳᠦᠷᠦᠭᠰᠡᠨ》 ᠱᠠᠨ ᠰᠢ ᠨᠤᠳᠤᠭ ᠲᠠᠢ ᠬᠡᠦᠬᠡᠨ ᠨᠢᠳᠤᠨᠤᠨ᠎ᠤ 8 ᠰᠠᠷ᠎ᠠ᠎ᠳᠤ ᠤᠮᠠᠷᠠᠲᠤ᠎ᠶ᠋ᠢᠨ ᠲᠠᠯ᠎ᠠ ᠨᠤᠲᠤᠭ᠎ᠲᠤ ᠢᠷᠡᠵᠦ᠂ ᠬᠠᠮᠤᠭ ᠠᠩᠬᠠᠨ᠎ᠤ 《ᠳᠠᠳᠭᠤ ᠦᠭᠡᠢ》 ᠪᠠᠢᠭ᠍ᠰᠠᠨ ᠡᠴᠡ᠎ᠪᠠᠨ ᠤᠳᠤ ᠬᠠᠷᠢᠨ《 ᠤᠤᠭᠠᠯ 》ᠮᠡᠳᠦ ᠪᠤᠯᠵᠤ᠂ ᠬᠣᠭᠣᠯᠠ ᠬᠢᠬᠦ᠌᠂ ᠬᠤᠨᠢ ᠮᠠᠯ ᠲᠡᠵᠢᠭᠡᠬᠦ᠌᠂ ᠭᠤᠷᠪᠠᠨ ᠬᠦᠷᠳᠦᠲᠦ ᠲᠡᠷᠭᠡ ᠵᠢᠯᠣᠭᠣᠳᠭᠤ᠎ᠶ᠋ᠢ ᠰᠤᠷᠤᠭᠰᠠᠨ᠎ᠢᠶᠡᠷ ᠪᠠᠷᠠᠬᠤ ᠦᠭᠡᠢ ᠦᠷᠭᠦᠯᠵᠢ ᠲᠣᠰᠭᠣᠨ᠎ᠳᠦ ᠬᠦᠷᠴᠦ ᠡᠷᠦᠭᠡ᠎ᠪᠡᠷ ᠣᠷᠣᠵᠤ᠂ ᠠᠷᠠᠳ᠎ᠤᠨ ᠰᠠᠨᠠᠭ᠎ᠠ᠎ᠶ᠋ᠢ ᠣᠢᠯᠠᠭᠠᠵᠤ᠂ ᠵᠠᠭᠤᠷᠠᠯᠳᠤᠭᠠᠨ᠎ᠢ ᠡᠶᠡᠳᠡᠭᠦᠯᠵᠦ᠍᠂ ᠪᠠᠰᠠ ᠲᠠᠷᠢᠶᠠᠴᠢᠳ᠎ᠤᠨ ᠪᠤᠳᠤᠵᠦ᠍ ᠪᠠᠢᠭ᠎ᠠ ᠵᠦᠢᠯ᠎ᠢ ᠪᠤᠳᠤᠵᠦ᠍᠂ ᠲᠠᠷᠢᠶᠠᠴᠢᠳ᠎ᠤᠨ ᠪᠠᠴᠢᠮᠳᠠᠵᠤ ᠪᠠᠢᠭ᠎ᠠ ᠵᠦᠢᠯ᠎ᠳᠦ ᠪᠠᠴᠢᠮᠳᠠᠵᠤ᠂ ᠥᠪᠡᠷ᠎ᠦᠨ ᠰᠤᠷᠤᠭ᠍ᠰᠠᠨ ᠮᠡᠳᠡᠯᠭᠡ᠎ᠪᠡᠷ᠎ᠢᠶᠡᠨ《ᠠᠥ᠋ᠲ᠋ᠤ᠋ ᠬᠣᠨᠢ ᠲᠡᠵᠢᠭᠡᠬᠦ᠌ ᠪᠠᠭᠠᠵᠢ》 ᠎ᠶᠢ ᠡᠭᠦᠳᠪᠡ᠃

ᠳᠠᠬᠢᠨ ᠳᠠᠪᠲᠠᠨ ᠰᠤᠳᠤᠯᠬᠤ᠎ᠪᠠᠷ ᠳᠠᠮᠵᠢᠨ᠂ ᠣᠳᠣ ᠲᠡᠭᠦᠨ᠎ᠦ ᠬᠣᠶᠠᠳᠤᠭᠠᠷ ᠬᠡᠪ᠎ᠤᠨ 《ᠠᠥ᠋ᠲ᠋ᠤ᠋ ᠬᠣᠨᠢ ᠲᠡᠵᠢᠭᠡᠬᠦ᠌ ᠪᠠᠭᠠᠵᠢ》 ᠨᠢ ᠨᠠᠩ ᠳᠠᠪᠱᠢᠩᠭᠤᠶ ᠪᠣᠯᠵᠠᠶ᠃ ᠭᠡᠪᠡᠴᠦ᠍ ᠲᠡᠷᠡ ᠮᠥᠨ ᠯᠡ ᠰᠡᠳᠭᠢᠯ ᠬᠠᠨᠤᠬᠤ ᠦᠭᠡᠢ ᠪᠠᠢᠵᠤ ᠳᠠᠬᠢᠨ ᠳᠠᠪᠲᠠᠨ ᠲᠤᠷᠱᠢᠯᠲᠠ ᠬᠢᠵᠦ᠍᠂ ᠲᠠᠰᠤᠷᠠᠯᠲᠠ ᠦᠭᠡᠢ ᠱᠢᠯᠢᠳᠡᠭ᠌ᠵᠢᠭᠦᠯᠵᠦ᠍᠂ ᠥᠪᠡᠷ᠎ᠦᠨ ᠰᠤᠷᠤᠭ᠍ᠰᠠᠨ ᠮᠡᠳᠡᠯᠭᠡ ᠎ᠪᠡᠷ᠎ᠢᠶᠡᠨ ᠤᠯᠠᠨ᠎ᠳᠦ ᠠᠰᠢᠭ ᠬᠦᠷᠲᠡᠭᠡᠵᠦ᠍᠂ ᠲᠡᠭᠦᠨ᠎ᠢ ᠳᠠᠪᠳᠠᠨ ᠪᠤᠯᠪᠠᠰᠤᠷᠠᠭᠤᠯᠤᠭᠰᠠᠨ ᠡᠨᠡᠬᠦ ᠬᠠᠯᠠᠭᠤᠨ ᠬᠥᠷᠥᠰᠥ᠎ᠳᠦ ᠨᠡᠩ ᠤᠯᠠᠨ ᠬᠤᠪᠢ ᠨᠡᠮᠡᠷᠢ ᠪᠠᠨ ᠦᠵᠡᠭᠦᠯᠬᠦ᠌᠎ᠶ᠋ᠢ ᠬᠦᠰᠡᠵᠦ᠍ ᠪᠠᠢᠯ᠎ᠠ᠃

《ᠰᠤᠷᠤᠭ᠍ᠰᠠᠨ ᠮᠡᠳᠡᠯᠭᠡ᠎ᠪᠡᠷ ᠎ᠢᠶᠡᠨ ᠲᠤᠬᠠᠢ᠎ᠶ᠋ᠢᠨ ᠭᠠᠵᠠᠷ᠎ᠤᠨ ᠤᠯᠠᠨ ᠲᠦᠮᠡᠨ᠎ᠳᠦ ᠬᠡᠷᠡᠭᠴᠡᠭᠡᠳᠡᠢ ᠵᠦᠢᠯ᠎ᠢ ᠬᠢᠵᠦ᠍ ᠥᠭ᠌ᠭᠦᠭ᠌ᠰᠡᠨ᠎ᠳᠡᠭᠡᠨ ᠮᠠᠰᠢ ᠰᠡᠳᠭᠢᠯ ᠬᠠᠨᠤᠮᠵᠢᠲᠠᠢ ᠪᠠᠢᠨ᠎ᠠ》᠃ ᠵᠠᠩ ᠵᠢᠶᠦ᠋ᠨ᠂ 《ᠰᠠᠢᠨ ᠳᠤᠷ᠎ᠠ ᠡᠴᠡ ᠪᠠᠨ ᠪᠠᠷᠠᠭᠤᠨ ᠤᠷᠤᠨ᠎ᠳᠦ ᠦᠢᠯᠡᠴᠢᠯᠡᠬᠦ ᠲᠥᠯᠥᠪᠯᠡᠭᠡ᠂ ᠡᠨᠡ ᠬᠦ᠌ ᠬᠦᠰᠡᠯᠡᠩ ᠪᠠ ᠪᠣᠳᠠᠲᠤ ᠠᠬᠤᠶ ᠰᠣᠯᠪᠢᠴᠠᠭ᠍ᠰᠠᠨ ᠠᠶᠠᠯᠠᠯ ᠨᠢ ᠣᠷᠣᠯᠴᠠᠭ᠍ᠴᠢ ᠨᠢᠭᠡᠪᠦᠷᠢ᠎ᠳᠦ ᠠᠪᠴᠤ᠌ ᠬᠡᠯᠡᠪᠡᠯ ᠴᠥᠮ ᠶᠡᠷᠦ᠍ ᠪᠤᠰᠤ᠎ᠶ᠋ᠢᠨ ᠤᠳᠬ᠎ᠠ ᠠᠭᠤᠯᠭ᠎ᠠ᠎ᠲᠠᠶ ᠶᠤᠮ᠂ ᠪᠢ ᠡᠨᠡ ᠤᠳᠠᠭᠠᠨ᠎ᠤ ᠠᠶᠠᠯᠠᠯ᠎ᠢᠶᠠᠨ ᠲᠠᠯᠠᠭᠠᠷ ᠥᠩᠭᠡᠷᠡᠭᠦᠯᠬᠦ᠌ ᠥᠬᠡᠶ᠂ ᠵᠠᠯᠠᠭᠤ ᠨᠠᠰᠤᠨ᠎ᠳᠠᠭᠠᠨ ᠣᠰᠣᠯᠳᠠᠬᠤ ᠥᠬᠡᠶ ᠭᠡᠵᠦ᠍ ᠯᠡ ᠪᠤᠳᠤᠵᠤ ᠪᠠᠢᠨ᠎ᠠ》 ᠭᠡᠵᠦ ᠢᠯᠡᠳᠬᠡᠪᠡ᠃

ᠬᠢᠷᠰᠠᠳᠠᠢ ᠪᠠᠯᠭᠠᠰᠤᠨ᠎ᠤ ᠨᠠᠮ᠎ᠤᠨ ᠬᠤᠷᠢᠶ᠎ᠠ᠎ᠶᠢᠨ ᠱᠦᠵᠢ ᠸᠠᠩ ᠶᠦᠨ ᠹᠸᠩ᠄ 《ᠱᠢᠶᠤᠤ ᠵᠠᠩ ᠪᠣᠯ ᠱᠢᠯᠢᠳᠡᠭ ᠵᠠᠯᠠᠭᠤ᠂ ᠠᠵᠢᠯ᠎ᠳᠠᠭᠠᠨ ᠱᠢᠷᠭᠠᠭᠤ ᠬᠢᠴᠢᠶᠡᠩᠭᠦᠢ᠂ ᠵᠣᠪᠠᠭᠤᠷᠢ ᠵᠦᠳᠡᠭᠦᠷᠢ ᠡᠴᠡ ᠠᠶᠤᠬᠤ ᠦᠭᠡᠢ᠂ ᠦᠭᠡ ᠳᠠᠭᠤᠨ ᠦᠭᠡᠢ ᠵᠢᠳᠬᠦᠳᠡᠭ᠂ ᠱᠢᠶᠠᠩ ᠪᠠᠯᠭᠠᠰᠤᠨ᠎ᠤ ᠡᠷᠬᠢᠯᠡᠭ᠌ᠰᠡᠨ ᠶᠠᠩᠭᠠᠷ ᠪᠥᠵᠢᠭ᠂ ᠪᠥᠮᠪᠥᠷ ᠬᠡᠩᠭᠡᠷᠭᠡ ᠳᠡᠯᠡᠳᠬᠦ᠌ ᠵᠡᠷᠭᠡ ᠰᠣᠶᠣᠯ ᠪᠡᠶ᠎ᠡ᠎ᠶ᠋ᠢᠨ ᠲᠠᠮᠢᠷ ᠵᠤᠭ᠎ᠠ ᠴᠡᠩᠭᠡᠯ᠎ᠦᠨ ᠠᠵᠢᠯᠯᠠᠭ᠎ᠠ᠎ᠳᠤ ᠢᠳᠡᠪᠬᠢᠲᠡᠶ ᠣᠷᠣᠯᠴᠠᠵᠤ᠂ ᠲᠤᠬᠠᠶ᠎ᠶ᠋ᠢᠨ ᠭᠠᠵᠠᠷ᠎ᠤᠨ ᠠᠮᠢᠳᠤᠷᠠᠯ᠎ᠳᠦ ᠬᠦᠨ ᠠᠭᠤᠰᠤᠯᠴᠠᠭ᠍ᠰᠠᠨ᠎ᠢᠶᠠᠷ ᠪᠠᠷᠠᠬᠤ ᠦᠭᠡᠢ ᠂ ᠦᠨᠳᠦᠰᠦᠨ ᠱᠠᠲᠤᠨ᠎ᠤ ᠠᠵᠢᠯ᠎ᠢ ᠴᠤ᠌ ᠮᠠᠰᠢ ᠰᠠᠢᠨ ᠬᠢᠳᠡᠭ! 》 ᠭᠡᠪᠡ᠃

2024 ᠣᠨ᠎ᠳᠤ᠂ ᠵᠠᠩ ᠵᠢᠶᠦ᠋ᠨ ᠤᠷᠢᠳ ᠬᠣᠵᠢᠳ ᠳᠥᠷᠪᠡᠳ ᠬᠣᠱᠢᠭᠤᠨ᠎ᠤ ᠨᠡᠢᠭᠡᠮ᠎ᠦᠨ ᠠᠵᠢᠯ᠎ᠤᠨ ᠬᠡᠯᠳᠡᠰ ᠪᠠ ᠬᠢᠷᠰᠠᠳᠠᠢ ᠪᠠᠯᠭᠠᠰᠤᠨ᠎ᠤ ᠠᠷᠠᠳ᠎ᠤᠨ ᠵᠠᠰᠠᠭ᠎ᠤᠨ ᠣᠷᠳᠣᠨ᠎ᠳᠤ 《ᠱᠢᠯᠢᠳᠡᠭ ᠰᠠᠢᠨ ᠳᠤᠷ᠎ᠠ᠎ᠶ᠋ᠢᠨ ᠠᠵᠢᠯᠯᠠᠭ᠍ᠴᠢ》 ᠪᠠ 《ᠱᠢᠯᠢᠳᠡᠭ ᠺᠠᠳ᠋ᠷ》 ᠢ᠋ᠶ᠋ᠠᠷ ᠦᠨᠡᠯᠡᠭ᠌ᠳᠡᠪᠡ᠃

《ᠲᠠᠷᠢᠶᠠᠯᠠᠩ ᠪᠠ ᠨᠡᠭᠦᠳᠡᠯ ᠮᠠᠯᠵᠢᠯ᠎ᠤᠨ ᠢᠷᠠᠭᠤ ᠡᠭᠡᠱᠢᠭ᠎ᠢ ᠬᠠᠮᠲᠤ ᠴᠢᠪᠬᠠᠳᠠᠭ᠍ᠰᠠᠨ ᠡᠨᠡ ᠨᠤᠲᠤᠭ᠎ᠲᠦ ᠪᠢ ᠡᠳᠦᠷ ᠪᠦᠷᠢ ᠱᠢᠨ᠎ᠡ ᠥᠷᠢᠰᠥᠯᠳᠦᠭᠡᠨ ᠪᠠ ᠬᠦᠴᠢᠷᠳᠡᠯ᠎ᠳᠦ ᠲᠤᠯᠭᠠᠷᠠᠵᠤ ᠪᠤᠢ᠂ ᠡᠳᠡᠭᠡᠷ ᠬᠦᠴᠢᠷ ᠪᠡᠷᠬᠡᠱᠢᠶᠡᠯ᠎ᠢ ᠢᠯᠠᠨ ᠳᠠᠪᠠᠬᠤ ᠶᠠᠪᠤᠴᠠ᠎ᠳᠤ ᠡᠯᠪᠡᠭ ᠬᠤᠷᠢᠶᠠᠯᠲᠠ ᠣᠯᠤᠭᠰᠠᠨ᠎ᠳᠠᠭᠠᠨ ᠦᠷᠬᠦᠯᠵᠢ ᠰᠡᠳᠭᠢᠯ ᠳᠣᠭ᠍ᠳᠣᠯᠤᠨ᠎ᠠ᠂ ᠰᠠᠢᠨ ᠳᠤᠷ᠎ᠠ ᠡᠴᠡ ᠪᠠᠨ ᠪᠠᠷᠠᠭᠤᠨ ᠤᠷᠤᠨ᠎ᠳᠦ ᠦᠢᠯᠡᠴᠢᠯᠡᠬᠦ ᠲᠥᠯᠥᠪᠯᠡᠭᠡ᠎ᠳᠦ ᠣᠷᠣᠯᠴᠠᠬᠤ ᠨᠢ ᠵᠥᠪᠬᠡᠨ ᠨᠢᠭᠡ ᠤᠳᠠᠭᠠᠨ᠎ᠤ ᠳᠥᠭᠥᠮᠬᠡᠨ ᠰᠠᠢ᠌ᠨ ᠳᠤᠷ᠎ᠠ᠎ᠶ᠋ᠢᠨ ᠦᠢᠯᠡᠴᠢᠯᠡᠭᠡ ᠲᠡᠳᠦᠢ ᠪᠢᠰᠢ᠂ ᠨᠡᠩ ᠴᠤ᠌ ᠨᠢᠭᠡ ᠤᠳᠠᠭᠠᠨ᠎ᠤ ᠤᠶᠤᠨ ᠰᠠᠨᠠᠭᠠᠨ᠎ᠤ ᠠᠷᠢᠭᠤᠳᠭᠠᠯ ᠪᠠ ᠪᠣᠢᠵᠢᠯᠲᠠ᠎ᠶᠢᠨ ᠠᠶᠠᠨ ᠮᠥᠨ ᠭᠡᠳᠡᠭ᠎ᠢ ᠪᠢ ᠠᠭᠠᠵᠢᠮ᠎ᠢᠶᠠᠷ ᠣᠢᠯᠠᠭᠠᠵᠠᠢ᠂ ᠮᠢᠨᠦ᠍ ᠨᠠᠷᠠᠨ᠎ᠳᠦ ᠪᠤᠷᠤᠯᠠᠭᠰᠠᠨ ᠴᠢᠷᠠᠢ ᠪᠤᠯ ᠮᠢᠨᠤ ᠬᠠᠮᠤᠭ ᠰᠠᠢᠨ ᠭᠠᠪᠢᠶᠠᠨ ᠲᠡᠮᠳᠡᠭ ᠮᠦᠨ》 ᠭᠡᠵᠦ᠍ ᠵᠠᠩ ᠵᠢᠶᠦ᠋ᠨ ᠡᠷᠡᠰ ᠪᠠᠲᠤ ᠶᠠᠷᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号